ᠤᠯᠠᠭᠠᠨᠬᠤᠳᠠ ᠶᠢᠨ ᠢᠯᠠᠯᠳᠠ ᠪᠠᠯᠭᠠᠰᠤᠨ ᠳᠤ ᠲᠤᠭᠤᠰ ᠲᠡᠵᠢᠭᠡᠭᠦ ᠳᠡᠭᠡᠨ ᠰᠠᠶᠢᠨ ᠬᠦᠮᠤᠨ ᠵᠸᠤ ᠬᠠᠢ ᠶᠠᠨ ᠢ | ᠲᠤᠷᠠᠳᠬᠤ ᠳᠤ ᠲᠠᠨᠢᠬᠤ ᠦᠭᠡᠢ ᠬᠦᠮᠤᠨ ᠦᠭᠡᠢ᠃ ᠲᠡᠷᠡ 1977 ᠤᠨ ᠳᠤ ᠢᠯᠠᠯᠳᠠ ᠪᠠᠯᠭᠠᠰᠤᠨ ᠳᠤ ᠲᠦᠷᠦᠵᠤ | ᠂ ᠤᠳᠠᠭᠠᠨ ᠵᠢᠯ ᠴᠦᠬᠦᠷᠡᠰᠢ ᠦᠭᠡᠢ ᠴᠢᠷᠮᠠᠶᠢᠨ ᠲᠡᠮᠡᠴᠡᠬᠦ ᠪᠠᠷ ᠲᠠᠮᠵᠢᠨ ᠲᠤᠭᠤᠰ ᠲᠡᠵᠢᠭᠡᠭᠡᠳ ᠠᠳᠠᠯ | ᠠᠮᠢᠳᠤᠷᠠᠯ ᠢᠶᠠᠨ ᠦᠭᠡᠳᠡᠯᠡᠭᠦᠯᠵᠦ ᠪᠤᠢ᠃ | ᠢᠯᠠᠯᠳᠠ ᠪᠠᠯᠭᠠᠰᠤ ᠵᠤᠨ ᠳᠠᠭᠠᠨ ᠠᠭᠠᠬᠢᠮᠡ ᠬᠠᠯᠠᠭᠤᠨ ᠪᠤᠷᠤᠭᠠᠨ ᠠᠷᠪᠢᠨ᠂ ᠡᠪᠤᠯ ᠳᠡᠭᠡᠨ ᠬᠠᠬᠢᠷ ᠬᠦᠢᠳᠡᠨ | ᠮᠦᠷᠳᠡᠬᠡᠨ ᠬᠠᠭᠤᠷᠠᠢ ᠪᠠᠶᠢᠳᠠᠬ᠃ ᠲᠤᠭᠤᠰ ᠭᠤᠤᠯᠳᠠᠭᠤ ᠡᠷᠭᠦᠭᠳᠡᠴᠡ ᠨᠢ 2000 ᠮᠧᠳ᠋ᠷ ᠠᠴᠠ ᠲᠤᠷᠤᠭᠰᠢᠬᠢ | ᠬᠠᠯᠠᠭᠤᠨ ᠪᠦᠰᠡ᠂ ᠲᠡᠳ᠋ ᠬᠠᠯᠠᠭᠤᠨ ᠪᠦᠰᠡ ᠶᠢᠨ ᠮᠦᠩᠬᠡ ᠨᠤᠭᠤᠭᠠᠨ ᠦᠷᠭᠡᠨ ᠨᠠᠪᠴᠢᠳᠤ ᠤᠢ ᠪᠠ ᠬᠤᠯᠢᠮᠠᠭ | ᠤᠢ ᠳᠤ ᠤᠷᠤᠰᠢᠨ ᠠᠮᠢᠳᠤᠷᠠᠳᠠᠭ᠃ ᠤᠨᠴᠠᠭᠠᠢᠢᠯᠠᠨ ᠤᠰᠤ ᠲᠠᠢ ᠭᠠᠵᠠᠷ ᠠᠮᠢᠳᠤᠷᠠᠬᠤ ᠲᠤᠷᠠᠳᠠᠢ᠃ ︽ᠨᠠᠮ ᠤᠨ | ᠠᠷᠠᠳ ᠢ ᠬᠠᠷᠠᠭᠠᠯᠵᠠᠬᠤ ᠲᠦᠷᠤ ᠶᠢᠨ ᠪᠤᠳᠤᠯᠭ᠎ᠠ ᠪᠠᠶᠢᠬᠰᠠᠨ ᠦᠭᠡᠢ᠂ ᠲᠤᠰᠬᠤᠨ ᠪᠠᠯᠭᠠᠰᠤᠨ ᠤ ᠨᠠᠮ ᠤᠨ ᠵᠤᠬᠢᠶᠠᠨ | ᠪᠠᠶᠢᠭᠤᠯᠤᠯᠳᠠ ᠶᠢᠨ ᠬᠠᠯᠠᠮᠵᠢᠯᠠᠯ ᠵᠢᠯᠤᠭᠤᠳᠤᠯᠭ᠎ᠠ ᠪᠠᠶᠢᠭᠰᠠᠨ ᠦᠭᠡᠢ ᠪᠤᠯ ᠶᠠᠭᠠᠬᠢᠵᠤ ᠬᠡᠯᠡᠭᠰᠡᠨ ᠴᠤ | ᠦᠨᠤᠳᠤᠷ ᠤᠨ ᠡᠶᠢᠮᠤ ᠰᠠᠶᠢᠨ ᠠᠮᠵᠢᠯᠳᠠ ᠳᠤ ᠬᠦᠷᠴᠤ ᠴᠢᠳᠠᠬᠤ ᠦᠭᠡᠢ︾ ᠭᠡᠵᠤ ᠵᠸᠤ ᠬᠠᠢ ᠶᠠᠨ ᠤᠢᠢᠯᠡᠰ | ᠪᠤᠰᠬᠠᠬᠤ ᠠᠩᠬᠠᠨ ᠤ ᠬᠤᠭᠤᠴᠠᠭᠠᠨ ᠤ ᠶᠠᠳᠠᠷᠠᠯ ᠵᠦᠳᠡᠷᠡᠯ ᠢᠶᠠᠨ ᠶᠠᠷᠢᠵᠦ ᠪᠠᠶᠢᠪᠠ᠃ ᠲᠤᠭᠤᠰ ᠢ ᠤᠷᠤᠭᠤᠯᠵᠤ | ᠠᠪᠴᠢᠷᠠᠭᠰᠠᠨ ᠠᠩᠬᠠᠨ ᠤ ᠦᠶ᠎ᠠ ᠳᠡᠭᠡᠨ ᠲᠡᠵᠢᠭᠡᠨ ᠦᠷᠡᠵᠢᠬᠦᠯᠬᠦ ᠠᠷᠭ᠎ᠠ ᠲᠤᠷᠰᠢᠯᠭ᠎ᠠ ᠲᠤᠳᠠᠮᠠᠭ ᠠᠴᠠ ᠪᠤᠯᠵᠤ | ᠲᠦᠷᠦᠬᠦᠤ ᠪᠦᠯᠦᠭ ᠤᠨ ᠲᠤᠭᠤᠰ ᠢᠶᠠᠨ ᠮᠡᠨᠳᠤ ᠤᠨᠳᠤᠷᠤᠭᠤᠯᠤᠭᠰᠠᠨ ᠨᠤᠷᠮ᠎ᠠ ᠮᠠᠰᠢ ᠲᠤᠤᠷ᠎ᠠ ᠪᠠᠶᠢᠵᠤ᠂ ᠵᠸᠤ | ᠬᠠᠢ ᠶᠠᠨ ᠤ ᠲᠡᠵᠢᠭᠡᠨ ᠦᠷᠡᠵᠢᠬᠦᠯᠬᠦ ᠢᠳᠡᠪᠬᠢᠵᠢᠯ ᠢ ᠶᠡᠬᠡᠪᠡᠷ ᠰᠤᠯᠠᠷᠠᠭᠤᠯᠵᠠᠢ᠃ ᠭᠡᠪᠡᠴᠤ ᠲᠡᠷᠡ ᠮᠤᠬᠤᠰᠢ ᠦᠭᠡᠢ | ᠵᠤᠷᠢᠭ ᠢᠶᠠᠷ ᠬᠡᠳᠤᠨ ᠵᠢᠯ ᠰᠤᠳᠤᠯᠭᠠᠨ ᠬᠢᠬᠦ ᠪᠠᠷ ᠲᠠᠮᠵᠢᠨ ᠲᠤᠭᠤᠰ ᠲᠡᠵᠢᠭᠡᠬᠦ ᠳᠤ ᠤᠮᠠᠷᠠᠳᠤ ᠤᠷᠤᠨ ᠤ ᠡᠪᠤᠯ ᠢ | ᠦᠩᠭᠡᠷᠡᠭᠡᠬᠦ ᠰᠠᠶᠢᠨ ᠠᠷᠭ᠎ᠠ ᠶᠢ ᠤᠯᠤᠭᠰᠠᠨ ᠠᠴᠠ ᠲᠤᠭᠤᠰ ᠢ ᠵᠡᠭᠦᠨ ᠬᠤᠶᠢᠳᠤ ᠤᠷᠤᠨ ᠳᠤ ᠲᠡᠵᠢᠭᠡᠨ | ᠦᠷᠡᠵᠢᠬᠦᠯᠬᠦ ᠬᠡᠪᠴᠢᠶ᠎ᠠ ᠪᠠᠨ ᠦᠷᠭᠡᠳᠭᠡᠭᠰᠠᠨ ᠢᠶᠠᠷ ᠪᠠᠷᠠᠬᠤ ᠦᠭᠡᠢ ᠲᠡᠵᠢᠭᠡᠨ ᠦᠷᠡᠵᠢᠬᠦᠯᠬᠦ ᠤᠨᠴᠠᠭᠠᠢ ᠠᠷᠭ᠎ᠠ | ᠬᠡᠯᠪᠡᠷᠢ ᠶᠢ ᠳ᠋ᠦᠩᠨᠡᠵᠤ ᠭᠠᠷᠭᠠᠭᠰᠠᠨ ᠮᠦᠷᠳᠡᠭᠡᠨ ᠤᠮᠠᠷᠠᠳᠤ ᠤᠷᠤᠨ ᠤ ᠠᠭᠤᠷ ᠠᠮᠢᠰᠬᠤᠯ ᠳᠤ ᠵᠤᠬᠢᠴᠠᠭᠰᠠᠨ | ᠰᠢᠨ᠎ᠠ ᠡᠭᠦᠯᠳᠡᠷ ᠪᠤᠯᠬᠤ ᠴᠠᠭᠠᠨ ᠲᠤᠭᠤᠰ ᠪᠠ ᠠᠯᠠᠭ ᠲᠤᠭᠤᠰ ᠢ ᠪᠤᠶᠢᠵᠢᠭᠤᠯᠵᠠᠢ᠃ | ᠤᠳᠤ ᠲᠡᠭᠦᠨ ᠤ ᠲᠠᠭᠠᠭᠠᠴᠢᠯᠠᠨ ᠡᠷᠬᠢᠯᠡᠭᠰᠡᠨ ᠳ᠋ᠠ ᠹᠧᠩ ᠠᠷᠢᠶᠠᠳᠠᠨ ᠵᠢᠬᠦᠷᠳᠡᠨ ᠲᠡᠵᠢᠭᠡᠨ ᠦᠷᠡᠵᠢᠬᠦᠯᠬᠦ | ᠲᠤᠰᠬᠠᠢ ᠬᠤᠷᠰᠢᠶᠠᠵᠢᠯ ᠤᠨ ᠶᠡᠷᠤᠩᠬᠡᠢ ᠡᠵᠡᠯᠡᠬᠦ ᠲᠠᠯᠠᠪᠠᠢ ᠨᠢ 3000 ᠲᠡᠭᠰᠢ ᠲᠦᠷᠪᠡᠯᠵᠢᠨ ᠮᠧᠳ᠋ᠷ ᠲᠤ ᠬᠦᠷᠴᠤ᠂ | 1000 ᠲᠡᠭᠰᠢ ᠲᠦᠷᠪᠡᠯᠵᠢᠨ ᠮᠧᠳ᠋ᠷ ᠤᠨ ᠲᠡᠵᠢᠭᠡᠨ ᠦᠷᠡᠵᠢᠬᠦᠯᠬᠦ ᠡᠭᠦᠷ ᠢ ᠲᠤᠬᠢᠷᠠᠭᠤᠯᠵᠤ᠂ ᠲᠤᠭᠤᠰ | ᠪᠤᠶᠢᠵᠢᠭᠤᠯᠬᠤ ᠭᠡᠷ ᠢ 50 ᠲᠡᠭᠰᠢ ᠲᠦᠷᠪᠡᠯᠵᠢᠨ ᠮᠧᠳ᠋ᠷ ᠪᠠᠷᠢᠵᠦ᠂ ᠡᠯᠧᠺᠲᠷᠤᠨ ᠠᠦ᠋ᠲ᠋ᠤᠴᠢᠯᠠᠭᠰᠠᠨ ᠬᠠᠶᠢᠷᠴᠠᠭ᠂ | ᠪᠤᠷᠳᠤᠭ᠎ᠠ ᠡᠳ᠋ᠰᠢᠬᠦᠯᠬᠦ ᠮᠠᠰᠢᠨ᠂ ᠬᠦᠯᠳᠡᠭᠡᠬᠦ ᠲᠦᠬᠦᠭᠡᠷᠤᠮᠵᠢ ᠵᠡᠷᠭᠡ ᠶᠢ ᠪᠦᠷᠢᠳᠤᠬᠦᠯᠤᠭᠡᠳ ᠤᠳᠤ | ᠢᠨᠳᠤᠨᠧᠰᠢᠶ᠎ᠠ ᠶᠢᠨ ᠶᠠᠭᠠᠨ ᠲᠤᠭᠤᠰ ᠢ 1000 ᠲᠡᠵᠢᠭᠡᠵᠤ ᠪᠤᠢ᠃ ᠵᠸᠤ ᠬᠠᠢ ᠶᠠᠨ ᠦᠪᠡᠷ ᠢᠶᠠᠨ ᠪᠠᠶᠠᠵᠢᠭᠠᠳ | ᠦᠷᠤᠭᠡᠯ ᠪᠤᠰᠤᠳ ᠢ ᠮᠠᠷᠳᠠᠭᠰᠠᠨ ᠦᠭᠡᠢ᠂ ᠡᠷᠬᠢᠨ ᠲᠤᠭᠤᠷᠢᠨ ᠤ ᠪᠠᠨ 42 ᠲᠠᠷᠢᠶᠠᠴᠢᠨ ᠡᠷᠤᠭᠡ ᠶᠢ ᠲᠠᠭᠠᠭᠤᠯᠤᠨ | ᠲᠤᠭᠤᠰ ᠲᠡᠵᠢᠭᠡᠯᠭᠡᠪᠡ᠃ ᠲᠡᠭᠦᠨ ᠤ ᠲᠠᠭᠠᠭᠤᠯᠭ᠎ᠠ ᠲᠤᠤᠷ᠎ᠠ᠂ ᠬᠤᠷᠰᠢᠶᠠᠵᠢᠯ ᠨᠢ ᠲᠤᠬᠳᠠᠬᠰᠠᠨ | ᠠᠷᠠᠯᠵᠢᠶᠠᠴᠢᠨ ᠲᠠᠢ ᠪᠤᠯᠵᠦ ᠲᠠᠷᠢᠶᠠᠴᠢᠨ ᠲᠤᠭᠤᠰ ᠲᠡᠵᠢᠭᠡᠵᠤ ᠪᠤᠷᠤᠯᠠᠭᠤᠯᠬᠤ ᠳᠤ ᠵᠤᠪᠠᠭ᠋ᠤ ᠵᠦᠢᠯ ᠦᠭᠡᠢ ᠪᠤᠯᠵᠠᠢ | ᠃ | 2013 ᠤᠨ ᠳᠤ᠂ ᠤᠯᠠᠭᠠᠨᠬᠤᠳᠠ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ ᠠᠴᠠ ᠵᠸᠤ ᠬᠠᠢ | ᠶᠠᠨ ᠢ ︽ᠬᠦᠳᠡᠭᠡ ᠲᠤᠰᠬᠤᠨ ᠤ ᠰᠢᠨᠵᠢᠯᠡᠬᠦ ᠤᠬᠠᠭᠠᠨ ᠮᠡᠷᠭᠡᠵᠢᠯ ᠢ ᠲᠦᠭᠡᠮᠡᠯᠵᠢᠬᠦᠯᠬᠦ ᠲᠠᠭᠠᠭᠤᠯᠤᠭᠴᠢ ᠬᠦᠮᠤᠨ︾ | ᠢᠶᠠᠷ ᠦᠨᠡᠯᠡᠵᠦ᠂ 2015 ᠤᠨ ᠳᠤ ᠬᠤᠳᠠ ᠶᠢᠨ ᠡᠮᠡᠭᠳᠡᠶᠢᠴᠤᠳ ᠤᠨ ᠬᠤᠯᠪᠤᠭ᠎ᠠ ᠠᠴᠠ ᠲᠡᠭᠦᠨ ᠢ ︽3 · 8 | ᠤᠯᠠᠭᠠᠨ ᠲᠤᠭᠴᠢ︾ ᠪᠠᠷ ᠦᠨᠡᠯᠡᠪᠡ᠃ 2015 ᠤᠨ ᠳᠤ᠂ ᠲᠡᠭᠦᠨ ᠤ ᠲᠠᠭᠠᠭᠠᠴᠢᠯᠠᠨ ᠡᠷᠬᠢᠯᠡᠭᠰᠡᠨ ᠳ᠋ᠠ ᠹᠧᠩ | ᠠᠷᠢᠶᠠᠳᠠᠨ ᠵᠢᠬᠦᠷᠳᠡᠨ ᠲᠡᠵᠢᠭᠡᠨ ᠦᠷᠡᠵᠢᠬᠦᠯᠬᠦ ᠲᠤᠰᠬᠠᠢ ᠬᠤᠷᠰᠢᠶᠠᠵᠢᠯ ᠨᠢ ᠦᠪᠡᠷᠳᠡᠭᠡᠨ ᠵᠠᠰᠠᠬᠤ ᠤᠷᠤᠨ ᠤ ︽ | ᠬᠦᠳᠡᠭᠡ ᠲᠤᠰᠬᠤᠨ ᠤ ᠰᠢᠨᠵᠢᠯᠡᠬᠦ ᠤᠬᠠᠭᠠᠨ ᠮᠡᠷᠭᠡᠵᠢᠯ ᠢ ᠲᠦᠭᠡᠮᠡᠯᠵᠢᠬᠦᠯᠬᠦ ᠵᠢᠱᠢᠶ᠎ᠠ ᠦᠵᠡᠬᠦᠯᠬᠦ ᠰᠠᠭᠤᠷᠢᠨ︾ ᠢᠶᠠᠷ | ᠦᠨᠡᠯᠡᠭᠳᠡᠵᠦ᠂ 2016 ᠤᠨ ᠳᠤ ᠲᠤᠰ ᠬᠤᠷᠰᠢᠶᠠᠵᠢᠯ ᠨᠢ ᠠᠶᠢᠮᠠᠭ ᠬᠤᠳᠠ ᠶᠢᠨ ᠶᠠᠳᠠᠭᠤ ᠬᠦᠴᠢᠷᠳᠡᠢ | ᠡᠷᠦᠭᠡ ᠶᠢ ᠬᠠᠪᠰᠤᠷᠤᠨ ᠲᠡᠳᠬᠦᠬᠦ ᠭᠤᠤᠯᠳᠠᠯᠭ᠎ᠠ ᠲᠠᠢ ᠨᠢᠭᠡᠴᠡ ᠪᠤᠯᠵᠠᠢ᠃ | |