ᠬᠢᠯᠭᠠᠰᠤᠨ ᠴᠢᠪᠬᠠᠳᠠᠰᠦ ᠲᠠᠢ ᠬᠤᠭᠤᠷ ᠤᠨ ᠡᠭᠡᠰᠢᠭᠯᠡᠬᠡᠨ ᠳᠤ ᠦᠢᠯᠡᠰ ᠤᠨ ᠲᠤᠷᠭᠠᠨ ᠬᠠᠷᠭᠤᠢ  ᠵᠢᠷᠤᠨᠨᠯᠬᠠᠳᠠᠨ᠎ᠠ
ᠨᠡᠶᠢᠲᠡᠯᠡᠭᠰᠡᠨ ᠴᠠᠭ᠄
2018-06-26
     — ᠲᠦᠷᠪᠡᠨ ᠤᠳᠠᠰᠦᠳᠤ ᠬᠤᠭᠤᠷ ᠦᠢᠯᠡᠤᠡᠴᠦ ᠪᠠᠶᠢᠭ᠎ᠠ ᠲᠦᠷᠭᠡᠨᠪᠠᠶᠠᠷ ᠤᠨ ᠲᠤᠬᠠᠢ ᠰᠤᠷᠪᠤᠯᠵᠢᠯᠠᠭ᠎ᠠ      ︽ᠲᠦᠷᠪᠡᠨ ᠤᠳᠠᠰᠤᠳᠦ ᠬᠤᠭᠤᠷ ᠤᠨ ᠦᠯᠦᠭᠡᠢ︾ ᠭᠡᠬᠦ ᠪᠠᠷ ᠬᠤᠷᠴᠢᠨ ᠪᠠᠷᠠᠭᠤᠨ ᠭᠠᠷᠤᠨ ᠲᠤᠮᠳᠠᠳᠦ  ᠬᠤᠰᠢᠭᠤ ᠶᠢᠨ ᠪᠠᠰᠠ ᠨᠢᠭᠡᠨ ᠨᠡᠷᠡᠶᠢᠳᠤᠯ ᠭᠡᠵᠦ ᠤᠢᠢᠯᠠᠭᠠᠳᠠᠭ ᠬᠦᠮᠤᠨ ᠵᠦᠩᠳᠡᠭᠡᠨ ᠪᠠᠶᠢᠳᠠᠭ᠃ 4 ᠰᠠᠷ᠎ᠠ ᠶᠢᠨ  ᠰᠡᠭᠦᠯᠴᠢ ᠪᠠᠷ ᠲᠤᠮᠳᠠᠳᠦ ᠬᠤᠰᠢᠭᠤᠨ ᠤ ᠭᠡᠰᠡᠭ ᠰᠤᠮᠤ ᠪᠠᠯᠭᠠᠰᠦ ᠪᠠᠷ ᠰᠤᠷᠪᠤᠯᠵᠢᠯᠠᠵᠦ ᠶᠠᠪᠤᠬᠤ ᠳᠤ ᠲᠡᠨᠳᠡᠬᠢ ᠶᠢᠨ  ᠠᠷᠠᠤᠨ ᠲᠦᠷᠪᠡᠨ ᠤᠳᠠᠰᠤᠳᠦ ᠬᠤᠭᠤᠷ ᠲᠠᠭᠠᠨ ᠬᠡᠴᠢᠨᠡᠨ ᠠᠪᠢᠶᠠᠰᠯᠢᠭ ᠭᠡᠳᠡᠭ ᠢ ᠤᠯᠵᠦ ᠬᠠᠷᠬᠠᠰᠠᠨ ᠢᠶᠠᠷ  ᠲᠦᠷᠪᠡᠨ ᠤᠳᠠᠰᠤᠳᠦ ᠬᠤᠭᠤᠷ ᠢᠶᠠᠨ ᠦᠪᠡᠷᠳᠡᠭᠡᠨ ᠵᠤᠬᠢᠶᠠᠵᠦ ᠦᠢᠯᠡᠤᠡᠴᠦ ᠪᠠᠶᠢᠭ᠎ᠠ ᠲᠠᠶᠢᠴᠢᠨᠳᠠᠯ᠎ᠠ ᠰᠤᠮᠤ ᠶᠢᠨ  ᠲᠤᠯᠤᠭᠠᠨᠮᠤᠳᠦ ᠭᠠᠴᠠᠭ᠎ᠠ ᠶᠢᠨ ᠲᠦᠷᠭᠡᠨᠪᠡᠶᠠᠷ ᠤᠨ ᠬᠢᠨ ᠳᠤ ᠬᠦᠷᠴᠦ ᠰᠤᠷᠪᠤᠯᠵᠢᠯᠠᠭ᠎ᠠ ᠠᠪᠤᠨᠨᠰᠠᠨ ᠪᠢᠯᠠ᠃     ᠭᠡᠷ ᠤᠨ ᠡᠭᠦᠳᠡᠨ ᠳᠤᠨᠢ ᠬᠦᠷᠬᠦ ᠳᠤ ᠬᠤᠭᠤᠷ ᠦᠢᠯᠡᠳᠭᠦ ᠠᠵᠢᠯ ᠳᠠᠭᠠᠨ ᠶᠠᠭᠠᠷᠠᠯᠳᠠᠶᠢᠬᠠᠨ ᠪᠠᠶᠢᠨᠨᠰᠠᠨ ᠲᠡᠷᠡ  ᠨᠢᠭᠡ ᠪᠡᠶ᠎ᠠ ᠮᠤᠳᠤᠨ ᠦᠷᠦᠪᠳᠡᠰᠦ ᠲᠠᠢ ᠬᠤᠪᠴᠠᠰᠦ ᠪᠠᠷ ᠢᠶᠠᠨ ᠪᠢᠳᠡᠨ ᠲᠠᠢ ᠠᠩᠬᠠᠨ ᠤ ᠠᠭᠤᠯᠵᠠᠯᠳᠠ ᠬᠢᠭᠰᠡᠨ ᠠᠴᠠ  ᠡᠨᠡ ᠬᠦᠮᠦᠨ ᠪᠤᠯ ᠲᠠᠷᠤᠢ ᠲᠦᠷᠪᠡᠨ ᠤᠳᠠᠰᠤᠳᠦ ᠬᠤᠭᠤᠷ ᠵᠤᠬᠢᠶᠠᠵᠦ ᠦᠢᠯᠡᠤᠡᠴᠦ ᠪᠠᠶᠢᠭ᠎ᠠ ᠲᠦᠷᠭᠡᠨᠪᠡᠶᠠᠷ  ᠪᠤᠯᠤᠨ᠎ᠠ ᠭᠡᠰᠡᠨ ᠢ ᠭᠠᠳᠠᠷᠯᠠᠵᠠᠢ᠃ ᠭᠡᠷ ᠲᠤᠨᠢ ᠤᠷᠤᠬᠤ ᠳᠤ ᠭᠡᠷ ᠤᠨ ᠬᠤᠩᠬᠢᠯ ᠢᠶᠠᠷ ᠬᠡᠷᠡᠮ ᠲᠦᠰᠢᠭᠦᠯᠤᠨ  ᠲᠠᠯᠪᠢᠨᠨᠰᠠᠨ ᠲᠦᠷᠪᠡᠨ ᠤᠳᠠᠰᠤᠳᠦ ᠬᠤᠭᠤᠷ ᠪᠠ ᠮᠤᠷᠢᠨ ᠬᠤᠭᠤᠷ ᠨᠢ ᠬᠠᠮᠤᠭ ᠲᠦᠷᠦᠭᠦᠨ ᠳᠤ ᠨᠢᠳᠦᠨ ᠳᠤ  ᠦᠵᠡᠭᠳᠡᠵᠦ᠂ ᠲᠤᠳᠤᠨᠨᠰᠢ ᠠᠯᠬᠤᠯᠠᠨ ᠤᠷᠤᠬᠤ ᠳᠤ ᠬᠠᠮᠤᠭ ᠬᠦᠴᠦ ᠪᠠᠨ ᠰᠢᠪᠬᠠᠵᠦ ᠦᠢᠯᠡᠳᠦᠭᠰᠡᠨ ᠮᠤᠷᠢᠨ  ᠡᠮᠡᠭᠡᠯ ᠢᠶᠠᠨ ᠵᠠᠰᠠᠪᠦᠷᠢᠯᠠᠨ ᠲᠠᠯᠪᠢᠨᠨᠰᠠᠨ ᠠᠴᠠ ᠦᠨᠡᠬᠡᠷ ᠴᠦ ᠰᠠᠶᠢᠬᠠᠨ ᠬᠠᠷᠬᠠᠳᠠᠯ᠎ᠠ᠃     ᠲᠦᠷᠪᠡᠨ ᠤᠳᠠᠰᠤᠳᠦ ᠬᠤᠭᠤᠷ ᠤᠷᠤᠯᠳᠤᠵᠦ ᠡᠬᠢᠯᠡᠭᠰᠡᠨ ᠲᠡᠷᠡ ᠨᠠᠰᠦ     ᠲᠦᠷᠭᠡᠨᠪᠠᠶᠠᠷ ᠤᠨ ᠲᠦᠷᠪᠡᠨ ᠤᠳᠠᠰᠤᠳᠦ ᠬᠤᠭᠤᠷ ᠤᠷᠤᠯᠳᠤᠵᠦ ᠡᠬᠢᠯᠡᠭᠰᠡᠨ ᠠᠩᠬᠠᠨ ᠤ ᠦᠶ᠎ᠠ ᠶᠢ  ᠲᠤᠷᠠᠤᠡᠬᠤ ᠳᠤ ᠡᠪᠦᠭᠡ ᠶᠢᠨ ᠬᠢᠨ ᠤ ᠦᠶ᠎ᠠ ᠠᠴᠠ ᠲᠤᠷᠠᠤᠡᠬᠤ ᠶᠤᠰᠤᠳᠠᠢ᠃ ᠲᠤᠬᠠᠢ ᠶᠢᠨ ᠦᠶ᠎ᠠ ᠳᠤ ᠡᠪᠦᠭᠡ ᠨᠢ  ᠲᠦᠰᠢᠶᠠᠳᠦ ᠸᠠᠩ ᠤᠨ ᠤᠷᠳᠤᠨ ᠳᠤ ᠮᠤᠳᠤᠨ ᠰᠡᠶᠢᠯᠮᠦᠷᠴᠢᠨ ᠤ ᠠᠵᠢᠯ ᠲᠠᠢ ᠪᠠᠶᠢᠨᠨᠰᠠᠨ᠃ ᠲᠡᠭᠡᠬᠦ ᠪᠠᠷ ᠢᠶᠠᠨ ᠭᠠᠷ  ᠤᠷᠠᠨ ᠠᠴᠠ ᠲᠦᠷᠪᠡᠨ ᠤᠳᠠᠰᠤᠳᠦ ᠬᠤᠭᠤᠷ ᠢ ᠦᠪᠡᠷ ᠢᠶᠠᠨ ᠵᠤᠬᠢᠶᠠᠬᠤ ᠪᠤᠶᠦ ᠲᠠᠳᠠᠵᠦ ᠪᠠᠶᠢᠨᠨᠰᠠᠨ ᠨᠢ ᠲᠡᠭᠦᠨ ᠤ  ᠡᠪᠦᠭᠡ ᠶᠢᠨ ᠬᠢᠨ ᠬᠠᠮᠤᠭ ᠤᠨ ᠲᠤᠷ᠎ᠠ ᠪᠠᠬ᠎ᠠ ᠲᠠᠢ ᠦᠢᠯᠡᠰ ᠪᠠᠶᠢᠨᠨᠰᠠᠨ ᠶᠤᠮ᠃ ᠲᠡᠷᠡ ᠦᠶ᠎ᠠ ᠳᠤ 14 ᠨᠠᠰᠤᠳᠠᠢ  ᠲᠦᠷᠭᠡᠨᠪᠠᠶᠠᠷ ᠡᠪᠦᠭᠡ ᠪᠤᠯᠤᠨ ᠠᠪᠤ ᠶᠢᠨ ᠢᠶᠠᠨ ᠬᠤᠭᠤᠷ ᠲᠠᠳᠠᠬᠤ ᠨᠦᠯᠦᠭᠡᠯᠡᠯ ᠲᠤᠤᠷ᠎ᠠ ᠢᠳᠡᠭ ᠢᠳᠡᠭ ᠢᠶᠠᠷ  ᠲᠦᠷᠪᠡᠨ ᠤᠳᠠᠰᠤᠳᠦ ᠬᠤᠭᠤᠷ ᠲᠤ ᠠᠪᠢᠶᠠᠰᠯᠢᠭ ᠪᠤᠯᠵᠦ ᠡᠬᠢᠯᠡᠨ᠂ ᠬᠦᠰᠡᠯ ᠤᠨ ᠵᠢᠭᠦᠷ ᠨᠢ ᠢᠩᠬᠢᠵᠦ ᠯᠡ  ᠲᠡᠯᠭᠡᠭᠳᠡᠵᠠᠢ᠃     — ᠪᠢ ᠲᠤᠬᠠᠢ ᠶᠢᠨ ᠦᠶ᠎ᠠ ᠳᠤ ᠮᠠᠨ ᠤ ᠠᠶᠢᠯ ᠤᠨ ᠨᠠᠰᠤᠳᠠᠶᠢᠴᠤᠤᠨ ᠤᠨ ᠬᠤᠭᠤᠷ ᠢ ᠪᠠᠷᠤᠭ ᠪᠦᠷ ᠲᠠᠳᠠᠵᠦ  ᠦᠩᠭᠡᠷᠠᠵᠠᠢ᠃ ᠡᠭᠦᠨ ᠢᠶᠠᠷ ᠪᠠᠷᠠᠬᠤ ᠦᠭᠡᠢ ᠡᠪᠳᠡᠯᠵᠦ ᠴᠦ ᠦᠩᠭᠡᠷᠠᠵᠠᠢ᠃ ᠲᠡᠷᠡ ᠦᠶ᠎ᠠ ᠳᠤ ᠨᠦᠬᠦᠴᠡᠯ  ᠠᠨᠠᠢ ᠠᠴᠠ ᠬᠤᠭᠤᠷ ᠡᠪᠳᠡᠷᠡᠬᠦ ᠳᠤ ᠬᠦᠷᠪᠡᠯ ᠬᠡᠳᠦᠨ ᠬᠤᠭᠤᠷ ᠤᠨ ᠪᠠᠭᠠᠵᠢ ᠬᠡᠷᠡᠭᠰᠡᠯ ᠢ ᠨᠡᠶᠢᠯᠡᠭᠦᠯᠵᠦ ᠪᠠᠶᠢᠭᠠᠤᠨ  ᠨᠢᠭᠡ ᠬᠤᠭᠤᠷ ᠪᠤᠯᠭᠠᠵᠦ ᠬᠦᠭᠯᠡᠭᠦᠯᠳᠡᠭ ᠪᠠᠶᠢᠨᠨᠰᠠᠨ ᠶᠤᠮ᠃ ᠤᠷᠤᠢ ᠪᠤᠯᠤᠨᠨᠰᠠᠭᠠᠷ ᠠᠶᠢᠯ ᠤᠨ ᠨᠠᠰᠤᠳᠠᠶᠢᠴᠤᠤᠨ  ᠴᠤᠨᠨᠯᠠᠷᠠᠵᠦ ᠬᠤᠭᠤᠷ ᠲᠠᠳᠠᠵᠦ ᠰᠦᠨᠢ ᠶᠢᠨ ᠤᠢᠢᠤᠡᠬᠠᠷ ᠢᠶᠠᠨ ᠰᠡᠷᠭᠦᠭᠡᠳᠡᠭ ᠡᠨᠡᠬᠦ ᠨᠠᠷᠬᠢᠶᠠᠨ ᠤ ᠲᠤᠮᠳᠠ ᠪᠢ ᠰᠦᠨᠢ  ᠪᠦᠷᠢ ᠤᠷᠤᠯᠴᠠᠵᠦ ᠪᠠᠭ᠋ᠠᠷᠬᠠᠬᠤ ᠶᠢᠨ ᠡᠷᠭᠡᠨ ᠳᠤ ᠲᠠᠳᠠᠵᠦ ᠲᠠᠭᠤᠯᠠᠵᠦ ᠰᠤᠷᠤᠨᠨᠰᠠᠨ ᠠᠴᠠ ᠠᠶᠢᠯ ᠤᠨ  ᠬᠤᠭᠤᠷᠴᠢᠤᠨ ᠤᠨ ᠢᠶᠠᠨ ᠲᠤᠮᠳᠠ ᠪᠠᠰᠠ ᠨᠢᠭᠡᠨ ᠪᠠᠭ᠋ᠠᠳᠠᠢ ᠭᠡᠰᠢᠭᠦᠨ ᠤ ᠨᠢᠭᠡ ᠨᠢ ᠪᠤᠯᠤᠨᠨᠰᠠᠨ ᠦᠩᠭᠡᠷᠡᠯᠳᠠ ᠲᠠᠢ  ᠶᠤᠮ ᠭᠡᠯ᠎ᠠ᠃    ᠬᠤᠭᠤᠷ ᠦᠢᠯᠡᠳᠴᠦ ᠡᠬᠢᠯᠡᠭᠰᠡᠨ ᠲᠡᠷᠡ ᠴᠠᠭ    ᠲᠦᠷᠭᠡᠨᠪᠠᠶᠠᠷ 2003 ᠤᠨ ᠠᠴᠠ ᠡᠬᠢᠯᠡᠨ ᠦᠪᠡᠷ ᠤᠨ ᠲᠤᠷ᠎ᠠ ᠪᠠᠭ᠋ᠠᠳᠠᠢ ᠲᠦᠷᠪᠡᠨ ᠤᠳᠠᠰᠤᠳᠦ  ᠬᠤᠭᠤᠷ ᠢᠶᠠᠨ ᠲᠦᠭᠦᠮ ᠲᠦᠳᠡ ᠤᠷᠤᠯᠳᠤᠵᠦ ᠡᠬᠢᠯᠡᠭᠰᠡᠨ ᠪᠠᠶᠢᠵᠦ᠂ 2008 ᠤᠨ ᠠᠴᠠ ᠬᠤᠭᠤᠷ ᠵᠤᠬᠢᠶᠠᠬᠤ  ᠠᠵᠢᠯ ᠢᠶᠠᠨ ᠵᠢᠩᠬᠢᠨᠢ ᠪᠠᠷ ᠡᠬᠢᠯᠡᠭᠦᠯᠦᠭᠰᠡᠨ ᠪᠠᠶᠢᠨ᠎ᠠ᠃ ᠡᠨᠡᠬᠦ ᠰᠠᠭᠤᠷᠢᠨ ᠳᠤ ᠪᠤᠰᠤᠤᠨ ᠡᠷᠳᠡᠮᠳᠡᠨ ᠪᠠᠭᠰᠢ ᠨᠠᠷ ᠤᠨ  ᠰᠢᠯᠢᠳᠡᠭ ᠮᠡᠷᠭᠡᠵᠢᠯ ᠢ ᠰᠤᠷᠤᠯᠴᠠᠵᠦ᠂ ᠲᠦᠷᠪᠡᠨ ᠤᠳᠠᠰᠤᠳᠦ ᠬᠤᠭᠤᠷ ᠦᠢᠯᠡᠤᠡᠬᠦ ᠮᠡᠷᠭᠡᠵᠢᠯ ᠢᠶᠠᠨ  ᠲᠡᠭᠡᠭᠰᠢᠯᠡᠭᠦᠯᠬᠦ ᠪᠠᠷ ︽ᠤᠯᠤᠰ ᠤᠨ ᠲᠡᠰ ᠤᠨ ᠪᠤᠳᠠᠰ ᠤᠨ ᠪᠤᠰᠦ ᠰᠤᠶᠤᠯ ᠤᠨ ᠦᠪ ᠤᠨ ᠤᠯᠠᠮᠵᠢᠯᠬᠠᠴᠢ︾ ᠬᠠᠳᠠ  ᠪᠠᠭᠰᠢ ᠠᠴᠠ ᠮᠤᠷᠢᠨ ᠬᠤᠭᠤᠷ ᠪᠠ ᠲᠦᠷᠪᠡᠨ ᠤᠳᠠᠰᠤᠳᠦ ᠬᠤᠭᠤᠷ ᠵᠤᠬᠢᠶᠠᠬᠤ ᠮᠡᠷᠭᠡᠵᠢᠯ ᠰᠤᠷᠤᠯᠴᠠᠵᠦ᠂ ︽ ᠤᠷᠤᠨ ᠤ ᠲᠡᠰ ᠤᠨ ᠪᠤᠳᠠᠰ ᠤᠨ ᠪᠤᠰᠦ ᠰᠤᠶᠤᠯ ᠤᠨ ᠦᠪ ᠤᠨ ᠤᠯᠠᠮᠵᠢᠯᠬᠠᠴᠢ︾ ᠬᠦ ᠴᠢᠩ ᠬᠠᠢ ᠪᠠᠭᠰᠢ ᠠᠴᠠ  ᠲᠦᠷᠪᠡᠨ ᠤᠳᠠᠰᠤᠳᠦ ᠬᠤᠭᠤᠷ ᠵᠤᠬᠢᠶᠠᠬᠤ ᠮᠡᠷᠭᠡᠵᠢᠯ ᠰᠤᠷᠤᠯᠴᠠᠨ ᠦᠪᠡᠷ ᠤᠨ ᠠᠵᠢᠯ ᠤᠨ ᠲᠤᠮᠳᠠᠬᠢ ᠲᠤᠳᠠᠮᠠᠭ  ᠲᠠᠯ᠎ᠠ ᠪᠠᠨ ᠨᠦᠬᠦᠪᠦᠷᠢᠯᠡᠵᠠᠢ᠃    — ᠪᠢ ᠪᠤᠰᠤᠤᠨ ᠤᠨ ᠵᠤᠬᠢᠶᠠᠵᠦ ᠦᠢᠯᠡᠳᠦᠭᠰᠡᠨ ᠬᠤᠭᠤᠷ ᠢ ᠲᠠᠭᠤᠷᠢᠶᠠᠵᠦ ᠬᠢᠳᠡᠭ ᠦᠭᠡᠢ᠃ ᠪᠦᠷ  ᠦᠪᠡᠷ ᠤᠨ ᠭᠠᠷ ᠢᠶᠠᠷ ᠢᠶᠠᠨ ᠰᠡᠶᠢᠯᠵᠦ ᠬᠢᠵᠦ ᠪᠦᠳᠦᠭᠡᠵᠦ ᠪᠠᠶᠢᠭ᠎ᠠ ᠶᠤᠮ᠃ ᠮᠢᠨᠦ ᠬᠤᠭᠤᠷ ᠲᠡᠭᠡᠷᠡᠬᠢ ᠰᠡᠶᠢᠯᠤᠮᠠᠯ  ᠵᠢᠷᠤᠭ ᠪᠠ ᠠᠯᠢᠪᠠ ᠶᠠᠰᠤᠨ ᠲᠠᠷᠤᠮᠠᠯ ᠤᠨ ᠰᠡᠶᠢᠯᠤᠮᠠᠯ ᠢᠶᠠᠨ ᠪᠦᠷ ᠦᠪᠡᠷᠳᠡᠭᠡᠨ ᠵᠤᠬᠢᠶᠠᠵᠦ ᠦᠢᠯᠡᠤᠡᠴᠦ ᠭᠠᠷᠭᠠᠵᠦ  ᠪᠤᠢ᠃ ᠢᠩᠬᠢᠪᠡᠯ ᠰᠠᠶ᠋ᠢ ᠪᠤᠰᠤᠤᠨ ᠤᠨ ᠬᠦᠷᠢᠶᠡᠯᠡᠯ ᠢ ᠤᠯᠤᠨᠨᠰᠠᠨ ᠦᠪᠡᠷ ᠤᠨ ᠤᠨᠴᠠᠯᠢᠭ ᠲᠠᠢ ᠬᠤᠭᠤᠷ ᠢᠶᠠᠨ  ᠵᠤᠬᠢᠶᠠᠵᠦ ᠭᠠᠷᠭᠠᠵᠦ ᠲᠡᠶᠢᠯᠤᠨ᠎ᠠ ᠭᠡᠵᠦ ᠦᠪᠡᠷ ᠤᠨ ᠬᠢᠵᠦ ᠪᠠᠶᠢᠭ᠎ᠠ ᠮᠡᠷᠭᠡᠵᠢᠯ ᠢᠶᠠᠨ ᠭᠠᠶᠢᠬᠠᠭᠤᠯᠤᠨ᠎ᠠ᠃ ᠲᠡᠭᠦᠨ ᠤ ᠤᠷᠤᠭᠤᠯᠵᠦ ᠪᠠᠶᠢᠭ᠎ᠠ ᠡᠯ᠎ᠠ ᠲᠦᠷᠤᠯ ᠤᠨ ᠬᠤᠭᠤᠷ ᠤᠨ ᠮᠤᠳᠦ ᠨᠢ 4 ᠤᠯᠤᠰ ᠠᠴᠠ ᠢᠷᠡᠯᠳᠠᠢ᠂  ᠲᠡᠭᠦᠨ ᠤ ᠦᠢᠯᠡᠤᠡᠪᠦᠷᠢ ᠶᠢᠨ ᠲᠠᠰᠤᠭ ᠲᠤᠨᠢ ᠲᠤᠨᠤᠭ ᠲᠦᠬᠦᠭᠡᠷᠦᠮᠵᠢ ᠪᠦᠷᠢᠨ ᠪᠠᠶᠢᠵᠦ᠂ ᠲᠦᠷᠪᠡᠨ ᠤᠳᠠᠰᠤᠳᠦ  ᠬᠤᠭᠤᠷ ᠠᠴᠠ ᠭᠠᠳᠠᠨ᠎ᠠ ᠴᠤᠭᠤᠷ᠂ ᠮᠤᠷᠢᠨ ᠡᠮᠡᠭᠡᠯ᠂ ᠮᠢᠯᠢᠶᠠᠭ᠎ᠠ᠂ ᠵᠠᠰᠠᠯ ᠴᠢᠮᠡᠭᠯᠡᠯ ᠤᠨ ᠡᠳ᠋ ᠵᠡᠷᠭᠡ ᠶᠢ ᠭᠤᠶᠦ  ᠰᠠᠶᠢᠬᠠᠨ ᠵᠤᠬᠢᠶᠠᠵᠦ ᠦᠢᠯᠡᠤᠡᠴᠦ ᠪᠤᠢ᠃ ᠤᠳᠤᠬᠠᠨ ᠳᠤ ᠲᠤᠰᠬᠠᠢ ᠠᠰᠢᠭ ᠤᠨ ᠡᠷᠬᠡ ᠭᠤᠶᠤᠴᠢᠯᠠᠵᠦ ᠤᠯᠬᠤ ᠶᠢᠨ  ᠬᠠᠮᠳᠦ ᠡᠵᠡᠩᠨᠡᠯᠳᠡ ᠶᠢᠨ ᠪᠠᠳᠤᠯᠠᠪᠦᠷᠢ ᠶᠢᠨ ᠪᠢᠴᠢᠭ ᠢᠶᠠᠨ ᠴᠦ ᠤᠯᠵᠦ ᠰᠢᠨ᠎ᠠ ᠦᠢᠯᠡᠤᠡᠪᠦᠷᠢ ᠶᠢᠨ ᠲᠠᠰᠤᠭ ᠲᠠᠭᠠᠨ  ᠨᠡᠭᠦᠨ ᠤᠷᠤᠬᠤ ᠪᠡᠯᠡᠤᠡᠭᠡᠯ ᠠᠵᠢᠯ ᠢᠶᠠᠨ ᠬᠢᠵᠦ ᠪᠠᠶᠢᠵᠠᠢ᠃     ᠲᠡᠷᠠ ᠦᠩᠭᠡᠷᠡᠭᠰᠡᠨ ᠵᠢᠯ ᠠᠴᠠ ᠡᠬᠢᠯᠡᠨ ᠱᠠᠪᠢ ᠡᠷᠢᠵᠦ ᠰᠤᠷᠭᠠᠵᠦ ᠬᠦᠮᠦᠵᠢᠭᠦᠯᠬᠦ ᠠᠷᠭ᠎ᠠ ᠵᠠᠮ ᠢ  ᠪᠤᠳᠤᠯᠬᠢᠯᠠᠵᠦ᠂ ᠡᠨᠡᠬᠦ ᠠᠷᠭ᠎ᠠ ᠵᠠᠮ ᠨᠢ ᠨᠢᠭᠡ ᠲᠠᠯ᠎ᠠ ᠪᠠᠷ ᠲᠦᠷᠪᠡᠨ ᠤᠳᠠᠰᠤᠳᠦ ᠬᠤᠭᠤᠷ ᠬᠢᠬᠦ ᠮᠡᠷᠭᠡᠵᠢᠯ ᠢᠶᠠᠨ  ᠤᠯᠠᠮᠵᠢᠯᠠᠵᠦ ᠲᠡᠶᠢᠯᠬᠦ ᠪᠠᠷ ᠪᠠᠷᠠᠬᠤ ᠦᠭᠡᠢ ᠠᠮᠢᠳᠤᠷᠠᠯ ᠬᠦᠴᠢᠷᠳᠡᠯᠳᠠᠢ ᠬᠦᠮᠦᠰ ᠢ ᠪᠠᠰᠠ ᠲᠠᠶᠢᠴᠢᠯᠠᠬᠤ  ᠦᠢᠯᠡᠳᠦᠯ ᠲᠠᠢ ᠪᠠᠶᠢᠳᠠᠭ᠃ ᠲᠡᠷᠡ ᠤᠳᠤᠬᠠᠨ ᠳᠤ 10 ᠰᠤᠷᠤᠨᠨᠴᠢ ᠲᠠᠢ ᠪᠠᠶᠢᠵᠦ᠂ ᠡᠭᠦᠨ ᠤ ᠲᠤᠳᠤᠷ᠎ᠠ ᠠᠴᠠ  6 ᠨᠢ ᠠᠮᠢᠳᠤᠷᠠᠯ ᠬᠦᠴᠢᠷᠳᠡᠯᠳᠠᠢ ᠡᠷᠦᠬᠡ ᠪᠤᠯᠤᠨ᠎ᠠ᠃    — ᠤᠳᠦ ᠮᠠᠨ ᠤ ᠦᠢᠯᠡᠤᠡᠪᠦᠷᠢ ᠶᠢᠨ ᠲᠠᠰᠤᠭ ᠲᠤ 10 ᠬᠦᠮᠦᠨ ᠪᠤᠢ᠃ ᠠᠮᠢᠳᠤᠷᠠᠯ ᠬᠦᠴᠢᠷᠳᠡᠯᠳᠠᠢ  ᠬᠦᠮᠦᠰ ᠢ ᠤᠷᠢᠵᠦ ᠭᠡᠷᠡᠭᠯᠡᠭᠰᠡᠨ ᠭᠤᠤᠯ ᠵᠤᠷᠢᠯᠭ᠎ᠠ ᠭᠡᠪᠡᠯ ᠪᠢ ᠲᠡᠳᠡ ᠨᠠᠷ ᠤᠨ ᠲᠠᠷᠢᠶᠠᠯᠠᠩ ᠤᠨ ᠠᠮᠠᠷᠠᠯᠳᠠ ᠶᠢᠨ  ᠴᠢᠯᠦᠭᠡ ᠪᠠᠷ ᠢᠶᠠᠨ ᠮᠢᠨᠦ ᠡ᠊ᠨᠳᠡ ᠢᠷᠡᠵᠦ ᠬᠤᠭᠤᠷ ᠵᠤᠬᠢᠶᠠᠬᠤ ᠮᠡᠳᠡᠯᠭᠡ ᠰᠤᠷᠤᠯᠴᠠᠭᠤᠯᠵᠦ ᠡᠵᠡᠮᠰᠢᠭᠰᠡᠨ ᠤ ᠲᠠᠷᠠᠭ᠎ᠠ  ᠵᠤᠬᠢᠬᠤ ᠬᠦᠯᠤᠰᠦ ᠮᠦᠩᠬᠦ ᠦᠭᠬᠦ ᠪᠠᠷ ᠪᠠᠷᠠᠬᠤ ᠦᠭᠡᠢ᠂ ᠬᠡᠳᠦᠬᠡᠨ ᠰᠠᠷ᠎ᠠ ᠶᠢᠨ ᠬᠤᠭᠤᠷᠤᠨᠳᠦ ᠬᠤᠭᠤᠷ ᠵᠤᠬᠢᠶᠠᠵᠦ  ᠦᠢᠯᠡᠤᠡᠬᠦ ᠳᠤ ᠬᠦᠷᠪᠡᠯ 2 ᠲᠦᠮᠡᠨ ᠲᠦᠭᠦᠷᠢᠭ ᠤᠯᠭᠤᠵᠦ ᠲᠠᠶᠢᠯᠬᠦ ᠤᠴᠢᠷ ᠠᠴᠠ ᠤᠬᠤᠷᠬᠠᠨ ᠨᠢᠭᠡ ᠵᠢᠯ ᠤᠨ  ᠬᠤᠭᠤᠴᠠᠭᠠᠨ ᠳᠤ ᠲᠡᠳᠡᠨ ᠢ ᠶᠠᠳᠠᠭᠤ ᠠᠴᠠ ᠠᠩᠬᠢᠵᠢᠷᠠᠭᠤᠯᠬᠤ ᠳᠤ ᠪᠠᠳᠦ ᠢᠳᠡᠭᠡᠯᠳᠠᠢ ᠭᠡᠵᠦ ᠨᠠᠷᠢᠨ ᠲᠠᠩᠰᠠ  ᠪᠤᠳᠤᠵᠦ ᠦᠩᠭᠡᠷᠡᠭᠰᠡᠨ ᠲᠦᠷᠭᠡᠨᠪᠠᠶᠠᠷ ᠢᠳᠡᠭᠡᠯ ᠲᠡᠭᠦᠯᠳᠡᠷ ᠬᠡᠯᠡᠬᠦ ᠶᠢᠨ ᠬᠠᠮᠳᠦ ᠲᠠ ᠨᠠᠷ ᠲᠠᠷᠠᠭ᠎ᠠ ᠵᠢᠯ ᠡᠳᠡᠭᠡᠷ  ᠬᠦᠮᠦᠰ ᠤᠨ ᠠᠮᠢᠳᠤᠷᠠᠯ ᠢ ᠲᠠᠬᠢᠨ ᠰᠤᠷᠪᠤᠯᠵᠢᠯᠠᠵᠦ ᠦᠵᠡᠭᠡᠷᠠᠢ ᠭᠡᠵᠦ ᠪᠤᠯᠵᠤᠭ᠎ᠠ ᠲᠤᠨᠨᠳᠠᠯ᠎ᠠ᠃     ᠬᠤᠭᠤᠷ ᠵᠤᠬᠢᠶᠠᠬᠤ ᠮᠡᠷᠭᠡᠵᠢᠯ ᠢᠶᠠᠷ ᠲᠠᠮᠵᠢᠨ᠂ ᠠᠶᠢᠯ ᠰᠠᠭᠠᠬᠠᠯᠳᠠ ᠶᠢᠨ ᠢᠶᠠᠨ ᠠᠮᠢᠳᠤᠷᠠᠯ ᠬᠦᠴᠢᠷᠳᠡᠯᠳᠠᠢ  ᠡᠷᠦᠬᠡ᠂ ᠬᠦᠯᠤᠰᠤᠨ ᠠᠵᠢᠯ ᠬᠢᠬᠦ ᠰᠠᠨᠠᠭ᠎ᠠ ᠲᠠᠢ ᠬᠦᠮᠦᠰ ᠤᠨ ᠬᠦᠰᠡᠯ ᠢ ᠲᠡᠷᠭᠡᠯᠰᠢᠭᠦᠯᠵᠦ ᠪᠠᠶᠢᠭ᠎ᠠ ᠲᠡᠭᠦᠨ ᠤ ᠡᠨᠡᠬᠦ  ᠦᠢᠯᠡ ᠶᠠᠪᠤᠳᠠᠯ ᠨᠢ ᠬᠡᠴᠢᠨᠡᠨ ᠮᠬᠠᠳᠠᠭᠤᠰᠢᠳᠠᠢ ᠪᠢᠯᠠ︕      ᠪᠤᠰᠤᠤᠨ ᠲᠤ ᠪᠡᠯᠡᠭᠯᠡᠭᠰᠡᠨ ᠨᠠᠨᠳᠢᠨ ᠲᠤᠷᠠᠰᠬᠠᠯ     ᠲᠦᠷᠭᠡᠨᠪᠡᠶᠠᠷ ᠬᠤᠭᠤᠷ ᠵᠤᠬᠢᠶᠠᠵᠦ ᠦᠢᠯᠡᠤᠡᠴᠦ ᠪᠠᠶᠢᠭ᠎ᠠ ᠨᠢ ᠭᠠᠭᠴᠠ ᠤᠷᠤᠯᠭ᠎ᠠ ᠪᠠᠨ ᠨᠡᠮᠡᠭᠳᠡᠭᠦᠯᠵᠦ ᠪᠠᠶᠠᠨ  ᠴᠢᠨᠡᠭᠡᠯᠢᠭ ᠠᠮᠢᠳᠤᠷᠠᠶ᠎ᠠ ᠭᠡᠰᠡᠨ ᠪᠢᠰᠢ᠂ ᠬᠠᠷᠢᠨ ᠬᠤᠭᠤᠷ ᠵᠤᠬᠢᠶᠠᠵᠦ ᠦᠢᠯᠡᠤᠡᠬᠦ ᠪᠠᠷ ᠲᠠᠮᠵᠢᠨ ᠲᠦᠷᠪᠡᠨ  ᠤᠳᠠᠰᠤᠳᠦ ᠬᠤᠭᠤᠷ᠂ ᠮᠤᠷᠢᠨ ᠬᠤᠭᠤᠷ ᠵᠡᠷᠭᠡ ᠦᠨᠳᠦᠰᠦᠳᠡᠨ ᠤ ᠰᠤᠶᠤᠯ ᠢᠶᠠᠨ ᠤᠯᠠᠮ ᠴᠢᠨ᠋ᠬᠠᠰᠢᠳᠠ  ᠬᠦᠭᠵᠢᠭᠦᠯᠵᠦ ᠪᠠᠳᠠᠷᠠᠭᠤᠯᠤᠶ᠎ᠠ ᠭᠡᠰᠡᠨ ᠨᠢ ᠲᠡᠭᠦᠨ ᠤ ᠭᠤᠤᠯ ᠵᠤᠷᠢᠯᠭ᠎ᠠ ᠪᠤᠯᠤᠨ᠎ᠠ᠃   — ᠴᠠᠭ ᠤᠨ ᠦᠩᠭᠡ ᠪᠠ ᠨᠠᠶᠢᠭᠡᠮ ᠤᠨ ᠬᠦᠭᠵᠢᠯᠳᠡ ᠶᠢ ᠲᠠᠭᠠᠵᠦ ᠬᠦᠮᠦᠰ ᠤᠨ ᠠᠮᠢᠳᠤᠷᠠᠯ ᠤᠨ ᠠᠶᠢᠵᠠᠮ  ᠳᠦᠷᠭᠡᠳᠴᠠᠢ᠃ ᠢᠯᠠᠩᠭᠤᠶ᠎ᠠ ᠵᠠᠯᠠᠭᠤ ᠬᠦᠮᠦᠰ ᠪᠦᠳᠦᠨ ᠴᠠᠭ ᠢᠶᠠᠷ ᠰᠠᠭᠤᠵᠦ ᠦᠯᠢᠭᠡᠷ ᠰᠤᠨᠤᠰᠬᠤ ᠵᠠᠪ ᠦᠭᠡᠢ  ᠪᠤᠯᠤᠨᠨᠰᠠᠨ᠃ ᠡᠭᠦᠨ ᠤ ᠤᠯᠠᠮ ᠠᠴᠠ ᠬᠦᠮᠦᠰ ᠤᠨ ᠦᠵᠡᠯᠳᠡ ᠲᠠᠨᠢᠯᠳᠠ ᠤᠯᠠᠮ ᠠᠴᠠ ᠤᠯᠠᠮ ᠪᠤᠳᠠᠳᠠᠢ ᠶᠢ  ᠡᠷᠬᠢᠮᠯᠡᠬᠦ ᠪᠤᠯᠵᠦ᠂ ᠦᠩᠭᠡᠷᠡᠭᠰᠡᠨ ᠤ ᠬᠤᠭᠤᠷ ᠤᠨ ᠦᠯᠢᠭᠡᠷ ᠲᠤ ᠲᠤᠷ᠎ᠠ ᠪᠠᠬ᠎ᠠ ᠲᠠᠢ ᠬᠦᠮᠦᠨ ᠤ ᠲᠤᠭ᠎ᠠ ᠴᠦ  ᠪᠠᠭᠠᠰᠴᠦ ᠡᠬᠢᠯᠡᠭᠰᠡᠨ ᠪᠠᠶᠢᠨ᠎ᠠ᠃ ᠡᠶᠢᠮᠦ ᠠᠴᠠ ᠵᠠᠯᠠᠭᠤ ᠱᠠᠪᠢ ᠨᠠᠷ ᠢ ᠡᠷᠢᠨ ᠢᠯᠡᠷᠡᠭᠦᠯᠵᠦ᠂ ᠲᠦᠷᠪᠡᠨ ᠤᠳᠠᠰᠤᠳᠦ  ᠬᠤᠭᠤᠷ ᠤᠨ ᠰᠤᠶᠤᠯ ᠢᠶᠠᠨ ᠦᠪᠯᠡᠭᠦᠯᠤᠨ ᠤᠯᠠᠮᠵᠢᠯᠠᠵᠦ᠂ ᠲᠤᠮᠳᠠᠳᠦ ᠬᠤᠰᠢᠭᠤᠨ ᠤ ᠪᠠᠨ ᠰᠤᠶᠤᠯ ᠤᠷᠠᠯᠢᠭ ᠤᠨ  ᠲᠠᠯ᠎ᠠ ᠳᠤ ᠬᠦᠴᠤᠨ ᠴᠢᠳᠠᠯ ᠢᠶᠠᠨ ᠡᠷᠬᠦᠶ᠎ᠠ ᠭᠡᠵᠦ ᠪᠤᠳᠤᠵᠦ ᠪᠠᠶᠢᠨ᠎ᠠ ᠭᠡᠯ᠎ᠠ᠃   ᠦᠩᠭᠡᠷᠡᠭᠰᠡᠨ ᠵᠢᠯ ᠤᠨ 10 ᠰᠠᠷ᠎ᠠ ᠳᠤ ᠲᠦᠩᠯᠢᠶᠤᠤ ᠨᠤᠳᠤᠭ ᠲᠠᠢ ᠡᠷᠳᠡᠨᠢᠴᠢᠯᠠᠭᠤ ᠲᠠᠮ ᠲᠠᠮ ᠢᠶᠠᠷ ᠲᠠᠮᠵᠢᠨ  ᠲᠦᠷᠭᠡᠨᠪᠠᠶᠠᠷ ᠤᠨ ᠭᠡᠷ ᠲᠤᠨᠢ ᠬᠤᠭᠤᠷ ᠠᠪᠬᠤ ᠪᠠᠷ ᠢᠷᠡᠬᠦ ᠳᠤ ᠲᠡᠷᠡ ᠨᠠᠰᠤᠳᠠᠨ ᠤ ᠡᠨᠡᠬᠦ ᠵᠤᠷᠢᠭ ᠰᠠᠨᠠᠭ᠎ᠠ ᠳᠤᠨᠢ  ᠰᠡᠤᠡᠬᠢᠯ ᠲᠤᠨᠨᠳᠤᠯᠤᠨ ᠬᠤᠭᠤᠷ ᠲᠠᠳᠠᠬᠤ ᠮᠡᠷᠭᠡᠵᠢᠯ ᠨᠢ ᠶᠡᠭᠡ ᠰᠠᠶᠢᠨ ᠭᠡᠳᠡᠭ ᠢ ᠤᠢᠢᠯᠠᠭᠠᠨᠨᠰᠠᠨ ᠰᠠᠭᠤᠷᠢᠨ ᠳᠤ  ᠨᠢᠭᠡ ᠬᠤᠭᠤᠷ ᠢᠶᠠᠨ ᠪᠡᠯᠡᠭᠯᠡᠭᠰᠡᠨ ᠤᠳᠠᠭ᠎ᠠ ᠲᠠᠢ᠃ ᠶᠠᠭ ᠪᠢᠳᠡᠨ ᠢ ᠰᠤᠷᠪᠤᠯᠵᠢᠯᠠᠵᠦ ᠪᠠᠶᠢᠳᠠᠯ᠎ᠠ ᠪᠤᠯᠵᠤᠭᠰᠠᠨ ᠮᠡᠳᠦ ᠡᠷᠳᠡᠨᠢᠴᠢᠯᠠᠭᠤ ᠤᠳᠠᠰᠦ ᠢᠷᠡᠭᠦᠯᠬᠦ ᠲᠠᠭᠠᠷᠠᠵᠦ᠂  ᠲᠡᠭᠦᠨ ᠲᠠᠢ ᠤᠳᠠᠰᠦ ᠪᠠᠷ ᠶᠠᠷᠢᠯᠴᠠᠵᠦ ᠠᠰᠠᠭᠤᠬᠤ ᠳᠤ᠄ ︽ᠲᠠᠶᠢᠮᠤ᠂ ᠲᠦᠷᠭᠡᠨᠪᠠᠶᠠᠷ ᠨᠠᠳᠠ ᠳᠤ ᠨᠢᠭᠡ ᠬᠤᠭᠤᠷ  ᠪᠡᠯᠡᠭᠯᠡᠭᠰᠡᠨ᠂ ᠲᠡᠭᠦᠨ ᠤ ᠵᠤᠬᠢᠶᠠᠵᠦ ᠦᠢᠯᠡᠳᠦᠭᠰᠡᠨ ᠬᠤᠭᠤᠷ ᠤᠨ ᠬᠦᠭ ᠨᠢ ᠰᠠᠶᠢᠬᠠᠨ ᠮᠦᠷᠳᠡᠭᠡᠨ ᠬᠢᠵᠦ  ᠪᠦᠳᠦᠭᠡᠭᠰᠡᠨ ᠭᠠᠷ ᠤᠷᠠᠯᠠᠯ ᠨᠢ ᠴᠦ ᠭᠤᠶᠦ᠂ ᠡᠶᠢᠮᠦ ᠠᠴᠠ ᠪᠢ ᠦᠩᠭᠡᠷᠡᠭᠰᠡᠨ ᠵᠢᠯ ᠳᠤ ᠲᠡᠬᠦᠨ ᠠᠴᠠ ᠬᠤᠭᠤᠷ  ᠬᠤᠳᠠᠯᠳᠤᠨ ᠠᠪᠬᠤ ᠰᠡᠤᠡᠬᠢᠯ ᠢᠶᠠᠨ ᠡᠪᠦᠷᠳᠦᠯᠡᠨ ᠲᠡᠳᠡᠨᠠᠶᠢᠬᠢᠨ ᠳᠤ ᠬᠦᠷᠬᠦ ᠳᠤ ᠬᠠᠷᠢᠨ ᠨᠠᠳᠠ ᠳᠤ ᠨᠢᠭᠡ ᠬᠤᠭᠤᠷ  ᠪᠡᠯᠡᠭᠯᠡᠵᠠᠢ᠃ ᠤᠳᠦ ᠪᠢ ᠲᠠ ᠨᠠᠷ ᠤᠨ ᠡᠨᠡᠬᠦ ᠲᠠᠪᠴᠠᠩ ᠢ ᠠᠰᠢᠨᠨᠯᠠᠵᠦ ᠲᠠᠬᠢᠨᠳᠠ ᠲᠡᠭᠦᠨ ᠳᠤ ᠲᠠᠯᠠᠷᠬᠠᠶ᠎ᠠ︕︾  ᠭᠡᠵᠦ ᠦᠪᠡᠷ ᠤᠨ ᠪᠤᠳᠤᠯ ᠢᠶᠠᠨ ᠶᠠᠷᠢᠨ᠎ᠠ᠃ ᠪᠠᠰᠠ ᠨᠢᠭᠡ ᠡᠳᠦᠷ ᠲᠦᠩᠯᠢᠶᠤᠤ ᠬᠤᠳᠠ ᠶᠢᠨ ᠬᠤᠷᠴᠢᠨ ᠵᠡᠭᠦᠨ  ᠭᠠᠷᠤᠨ ᠬᠤᠶᠢᠳᠦ ᠬᠤᠰᠢᠭᠤᠨ ᠤ ᠵᠢᠷᠭᠠᠯᠠᠩ ᠰᠤᠮᠤ ᠶᠢᠨ ᠪᠤᠶᠠᠨ ᠭᠡᠬᠦ ᠵᠠᠯᠠᠭᠤ ᠲᠤᠤᠷᠠᠳᠦ ᠬᠦᠭᠳᠦ ᠬᠤᠭᠤᠷ ᠲᠠᠳᠠᠵᠦ  ᠂ ᠨᠠᠢᠮᠠᠨ ᠮᠤᠵᠢ ᠤᠷᠤᠨ ᠤ ᠤᠷᠤᠯᠳᠤᠭᠠᠨ ᠳᠤ 2 ᠳ᠋ᠤᠭᠠᠷ ᠲᠡᠰ ᠤᠨ ᠱᠠᠩᠨᠠᠯ ᠭᠠᠷᠳ᠋ᠬᠠᠰᠠᠨ ᠢ ᠲᠧᠯᠸᠢᠰ ᠢᠶᠠᠷ  ᠲᠠᠮᠵᠢᠨ ᠤᠢᠢᠯᠠᠭᠠᠨᠨᠰᠠᠨ ᠲᠦᠷᠭᠡᠨᠪᠠᠶᠠᠷ ᠪᠤᠰᠤᠤᠨ ᠢᠶᠠᠷ ᠲᠠᠮᠵᠢᠨ ᠬᠠᠷᠢᠯᠴᠠᠬᠤ ᠤᠳᠠᠰᠦ ᠶᠢ ᠨᠢ ᠤᠯᠵᠦ ᠲᠤᠰᠬᠠᠢ  ᠬᠠᠷᠢᠯᠴᠠᠵᠦ ᠪᠠᠰᠠ ᠨᠢᠭᠡ ᠬᠤᠭᠤᠷ ᠢᠶᠠᠨ ᠪᠡᠯᠡᠭᠯᠡᠬᠦ ᠪᠠᠷ ᠲᠤᠨᠨᠳᠠᠭᠠᠤᠨ ᠪᠠᠶᠢᠨ᠎ᠠ᠃     — ᠮᠠᠨ ᠤ ᠬᠦᠮᠦᠨ ᠬᠡᠨ ᠤ ᠭᠡᠷ ᠨᠢ ᠭᠦᠢᠯᠡᠰᠤᠨ ᠮᠤᠳᠦ ᠪᠠᠨ ᠤᠨᠠᠭᠠᠵᠠᠢ ᠭᠡᠰᠡᠨ ᠢ ᠰᠤᠨᠤᠰᠤᠯ᠎ᠠ ᠭᠡᠭᠰᠡᠭᠡᠷ  ᠬᠦᠮᠦᠨ ᠠᠴᠠ ᠮᠤᠳᠦ ᠶᠢ ᠨᠢ ᠭᠤᠶᠤᠵᠦ ᠠᠪᠴᠢᠷᠠᠭᠠᠤᠨ ᠬᠠᠰᠢᠶᠠᠨ ᠳᠠᠭᠠᠨ ᠲᠠᠯᠪᠢᠴᠢᠬᠠᠳᠠᠭ᠃ ᠬᠠᠰᠢᠶᠠᠨ ᠳᠤ  ᠤᠪᠤᠭᠠᠯᠠᠵᠦ ᠪᠠᠶᠢᠭ᠎ᠠ ᠲᠡᠷᠡ ᠬᠡᠳᠦᠨ ᠮᠤᠳᠦ ᠴᠢᠨᠢ ᠪᠦᠷ ᠪᠤᠰᠤᠤᠨ ᠠᠴᠠ ᠠᠪᠴᠢᠷᠬᠠᠰᠠᠨ ᠭᠦᠢᠯᠡᠰᠤᠨ ᠮᠤᠳᠦ ᠭᠡᠵᠦ  ᠭᠡᠷᠬᠡᠢ ᠨᠢ ᠰᠤᠷᠪᠤᠯᠵᠢᠯᠠᠭ᠎ᠠ ᠬᠢᠵᠦ ᠪᠠᠶᠢᠭ᠎ᠠ ᠲᠤᠮᠳᠠ ᠦᠭᠡ ᠬᠠᠪᠴᠢᠭᠤᠯᠤᠨ᠎ᠠ᠃ ᠲᠡᠭᠡᠬᠦ ᠳᠤ ᠲᠦᠷᠭᠡᠨᠪᠡᠶᠠᠷ  ᠢᠨᠢᠶᠡᠮᠰᠦᠭᠯᠡᠵᠦ ᠪᠠᠭ᠎ᠠ ᠡᠪ ᠦᠭᠡᠢ ᠪᠤᠯᠵᠦ᠂ ᠪᠢ ᠭᠦᠢᠯᠡᠰᠤᠨ ᠮᠤᠳᠦ ᠠᠪᠴᠢᠷᠠᠵᠦ ᠪᠠᠶᠢᠭ᠎ᠠ ᠨᠢ ᠪᠤᠰᠤᠤᠨ ᠲᠤ ᠶᠠᠮᠡᠷ  ᠴᠦ ᠦᠨ᠎ᠠ ᠲᠦᠯᠦᠪᠦᠷᠢ ᠦᠭᠡᠢ ᠪᠠᠷ ᠨᠢᠯᠬ᠎ᠠ ᠬᠡᠤᠬᠡᠤᠨ ᠤᠨ ᠦᠯᠦᠭᠡᠢ ᠬᠢᠵᠦ ᠦᠭᠴᠦ ᠪᠤᠰᠤᠤᠨ ᠲᠤ ᠪᠡᠯᠡᠭᠯᠡᠳᠡᠭ  ᠭᠡᠨ᠎ᠠ᠃ ᠪᠤᠰᠤᠤᠨ ᠤᠨ ᠭᠦᠢᠯᠡᠰᠤᠨ ᠮᠤᠳᠦ ᠶᠢ ᠭᠤᠶᠤᠵᠦ ᠠᠪᠴᠢᠷᠠᠳᠠᠭ ᠤᠨ ᠤᠴᠢᠷ ᠡᠨᠡ ᠪᠠᠶᠢᠵᠠᠢ᠃    ᠤᠳᠦ ᠲᠡᠷᠡ ᠡᠨᠡ ᠵᠢᠯ ᠤᠨ 7 ᠰᠠᠷ᠎ᠠ ᠳᠤ ᠠᠵᠢᠯ ᠤᠨ ᠪᠠᠶᠢᠳᠠᠯ ᠢᠶᠠᠨ ᠦᠨᠳᠦᠰᠦᠯᠡᠨ᠂ ᠤᠷᠤᠨ ᠤ  ᠬᠡᠪᠴᠢᠶᠡᠨ ᠳᠠᠬᠢ ᠲᠦᠷᠪᠡᠨ ᠤᠳᠠᠰᠤᠳᠦ ᠬᠤᠭᠤᠷ ᠲᠠᠳᠠᠬᠤ ᠤᠷᠤᠯᠳᠤᠭᠠᠨ ᠢᠶᠠᠨ ᠡᠷᠬᠢᠯᠡᠨ ᠶᠠᠪᠤᠨᠨᠳᠠᠭᠤᠯᠬᠤ ᠪᠠᠷ  ᠲᠦᠯᠦᠪᠯᠡᠵᠦ ᠪᠤᠢ᠃ ᠡᠳᠡᠭᠡᠷ ᠤᠯᠠᠨ ᠪᠤᠳᠠᠳᠦ ᠵᠢᠱᠢᠶ᠎ᠠ ᠠᠴᠠ ᠦᠨᠳᠦᠰᠦᠳᠡᠨ ᠤ ᠤᠷᠠᠯᠢᠭ ᠰᠤᠶᠤᠯ ᠢᠶᠠᠨ  ᠬᠦᠭᠵᠢᠭᠦᠯᠬᠦ ᠪᠠᠷ ᠦᠢᠯᠡᠰ ᠤᠨ ᠮᠦᠷ ᠲᠡᠭᠡᠨ ᠵᠢᠤᠡᠬᠦᠵᠦ ᠶᠠᠪᠤᠭ᠎ᠠ ᠶᠢ ᠲᠡᠭᠦᠨ ᠤ ᠡᠳᠡᠭᠡᠷ ᠤᠯᠠᠨ ᠦᠢᠯᠡ  ᠠᠵᠢᠯᠯᠠᠭ᠎ᠠ ᠨᠢ ᠭᠦᠢᠴᠡᠤᠨ ᠭᠡᠷᠡᠴᠢᠯᠡᠵᠦ ᠪᠤᠯᠬᠤ ᠶᠤᠮ᠃ ᠤᠳᠤᠬᠠᠨ ᠳᠤ ᠲᠡᠷᠡ ᠲᠦᠷᠪᠡᠨ ᠤᠳᠠᠰᠤᠳᠦ ᠬᠤᠭᠤᠷ ᠤᠨ  ᠦᠢᠯᠡᠤᠡᠪᠦᠷᠢ ᠶᠢᠨ ᠲᠠᠰᠤᠭ ᠤᠨ ᠪᠠᠷᠢᠯᠭ᠎ᠠ ᠶᠢᠨ ᠠᠵᠢᠯ ᠢᠶᠠᠨ ᠨᠢᠭᠡᠨᠳᠡ ᠲᠠᠭᠤᠰᠬᠠᠵᠦ᠂ ᠭᠠᠷ ᠭᠦᠢᠴᠡᠤᠡᠭᠡᠯ ᠢᠶᠠᠨ  ᠪᠦᠷᠢᠨ ᠪᠤᠯᠭᠠᠴᠢᠬᠠᠨᠨᠰᠠᠨ ᠪᠠᠶᠢᠵᠦ᠂ ᠠᠵᠢᠯ ᠢᠶᠠᠨ ᠪᠦᠬᠦ ᠲᠠᠯ᠎ᠠ ᠪᠠᠷ ᠡᠬᠢᠯᠡᠭᠦᠯᠬᠦ ᠪᠠᠷ ᠪᠦᠷᠢᠨ ᠪᠤᠯᠤᠨᠨᠰᠠᠨ ᠪᠠᠶᠢᠨ᠎ᠠ᠃     ᠰᠤᠷᠪᠤᠯᠵᠢᠯᠠᠭ᠎ᠠ ᠲᠡᠭᠦᠰᠬᠦ ᠪᠠᠷ ᠲᠦᠷᠭᠡᠨᠪᠠᠶᠠᠷ ᠲᠦᠷᠪᠡᠨ ᠤᠳᠠᠰᠤᠳᠦ ᠬᠤᠭᠤᠷ ᠢᠶᠠᠨ ᠲᠠᠳᠠᠵᠦ ᠠᠶ᠎ᠠ  ᠲᠠᠭᠤᠤ ᠪᠠᠨ ᠬᠦᠭᠯᠡᠭᠦᠯᠬᠦ ᠳᠤ ᠠᠷᠠᠤᠨ ᠤᠨ ᠲᠠᠭᠤᠨ ᠤ ᠤᠶᠠᠬᠠᠨ ᠡᠭᠡᠰᠢᠭᠯᠡᠬᠡᠨ ᠳᠤᠨᠢ ᠰᠡᠳᠬᠢᠯ ᠨᠢᠭᠡᠯᠡ ᠰᠡᠷᠭᠦᠨ᠎ᠠ  ᠪᠢᠯᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号