ᠤᠷᠭᠠᠨᠢᠭ ᠹᠤᠰᠹᠤᠷᠳᠤ ᠡᠮ ᠪᠤᠯ ᠳᠠᠷᠢᠶᠠᠯᠠᠩ ᠳᠡᠭᠡᠷ᠎ᠡ ᠦᠷᠭᠦᠯᠵᠢ ᠬᠡᠷᠡᠭᠯᠡᠳᠡᠭ ᠬᠤᠷᠤᠬᠠᠢ ᠠᠯᠠᠭᠴᠢ ᠪᠤᠯᠤᠨ᠎ᠠ᠃ | ᠮᠦᠨ ᠴᠤ ᠮᠠᠯ ᠡᠮᠨᠡᠬᠦ ᠳᠤ ᠦᠷᠭᠦᠯᠵᠢ ᠬᠡᠷᠡᠭᠯᠡᠳᠡᠭ ᠬᠤᠷᠤᠬᠠᠢ ᠠᠯᠠᠬᠤ ᠪᠠ ᠬᠤᠷᠤᠬᠠᠢ ᠬᠦᠭᠡᠭᠡᠬᠦ ᠡᠮ ᠪᠤᠯᠤᠨ᠎ᠠ᠃ | ᠤᠷᠭᠠᠨᠢᠭ ᠹᠤᠰᠹᠤᠷ ᠲᠤ ᠬᠤᠤᠷᠠᠳᠠᠬᠤ ᠨᠢ ᠳᠠᠷᠢᠶᠠᠯᠠᠩ ᠤᠨ ᠡᠮ ᠰᠦᠷᠴᠢᠭᠰᠡᠨ ᠬᠦᠬᠡ ᠡᠪᠡᠰᠤ ᠪᠠ ᠳᠠᠷᠢᠶ᠎ᠠ ᠶᠢ | ᠡ᠊ᠨᠳᠡᠭᠦᠷᠡᠵᠤ ᠢᠳᠡᠬᠦ᠂ ᠳᠠᠷᠢᠶᠠᠯᠠᠩ ᠤᠨ ᠡᠮ ᠳᠤ ᠪᠤᠬᠢᠷᠳᠤᠭᠰᠠᠨ ᠤᠰᠤ ᠤᠤᠭᠤᠬᠤ᠂ ᠳᠠᠷᠢᠶᠠᠯᠠᠩ ᠤᠨ ᠡᠮ | ᠬᠤᠯᠢᠭᠰᠠᠨ ᠳᠠᠷᠢᠶᠠᠨ ᠦᠷ᠎ᠡ ᠢᠳᠡᠬᠦ ᠵᠡᠷᠭᠡ ᠠᠴᠠ ᠡᠭᠦᠰᠦᠨ᠎ᠡ᠃ ᠡᠭᠦᠨ ᠠᠴᠠ ᠭᠠᠳᠠᠨ᠎ᠠ ᠰᠦᠷᠡᠬᠡᠢ ᠬᠤᠤᠷᠳᠠᠢ | ᠤᠷᠭᠠᠨᠢᠭ ᠹᠤᠰᠹᠤᠷᠳᠤ ᠳᠠᠷᠢᠶᠠᠯᠠᠩ ᠤᠨ ᠡᠮ ᠬᠡᠷᠡᠭᠯᠡᠬᠦ᠂ ᠦᠬᠡᠷ ᠤᠨ ᠠᠷᠠᠰᠤᠨ ᠤ ᠭᠠᠳᠠᠷ ᠳᠤᠳᠤᠷᠠᠬᠢ ᠫᠠᠷᠠᠽᠢᠲ | ᠬᠤᠷᠤᠬᠠᠢᠢᠳᠤ ᠭᠡᠮ ᠢ ᠡᠮᠴᠢᠯᠡᠬᠦ ᠳᠤ ᠦᠳᠭᠡᠴᠡ ᠨᠢ ᠬᠡᠳᠤ ᠦᠨᠳᠦᠷ ᠳᠠᠷᠢᠶᠠᠯᠠᠩ ᠤᠨ ᠡᠮ ᠭᠡᠷᠡᠭᠯᠡᠬᠦ ᠠᠴᠠ ᠪᠤᠯᠵᠤ | ᠬᠤᠤᠷᠠᠳᠠᠯᠭ᠎ᠠ ᠶᠢ ᠡᠭᠦᠰᠭᠡᠳᠡᠭ᠃ | ᠨᠢᠭᠡ᠂ ᠤᠨᠤᠰᠢᠯᠠᠬᠤ ᠭᠤᠤᠯᠳᠠᠯᠭ᠎ᠠ | ᠦᠬᠡᠷ ᠨᠢ ᠤᠷᠭᠠᠨᠢᠭ ᠹᠤᠰᠹᠤᠷᠳᠤ ᠳᠠᠷᠢᠶᠠᠯᠠᠩ ᠤᠨ ᠡᠮ ᠳᠤ ᠬᠤᠤᠷᠠᠳᠠᠭᠰᠠᠨ ᠪᠠᠶᠢᠪᠠᠯ ᠬᠡᠳᠦᠬᠡᠨ ᠴᠠᠭ ᠤᠨ | ᠳᠤᠳᠤᠷ᠎ᠠ ᠴᠤᠴᠢᠮᠠᠭ ᠴᠢᠨᠠᠷ ᠲᠠᠢ ᠬᠤᠤᠷᠠᠳᠠᠯᠭ᠎ᠠ ᠶᠢᠨ ᠢᠯᠡᠷᠡᠯ ᠡᠭᠦᠰᠦᠨ᠎ᠡ᠃ ᠴᠤᠭ ᠰᠦᠯᠳᠡ ᠨᠢ ᠨᠤᠵᠤᠭᠤᠷᠠᠬᠤ | ᠪᠤᠶᠤ ᠭᠠᠯᠵᠠᠭᠤᠷᠠᠨ ᠳᠤᠭᠳᠠᠪᠤᠷᠢ ᠦᠭᠡᠢ ᠪᠤᠯᠵᠤ ᠪᠦᠬᠦ ᠪᠡᠶ᠎ᠡ ᠶᠢᠨ ᠪᠤᠯᠴᠢᠩ ᠨᠢ ᠳᠠᠳᠠᠩᠨᠠᠯ ᠤᠨ ᠴᠢᠨᠠᠷ ᠲᠠᠢ | ᠠᠪᠴᠢᠵᠤ ᠠᠮᠢᠰᠬᠤᠯ ᠨᠢ ᠬᠦᠴᠢᠷᠳᠡᠨ᠎ᠡ᠃ ᠠᠮᠠᠨ ᠠᠴᠠ ᠨᠢ ᠴᠠᠭᠠᠨ ᠬᠦᠭᠡᠰᠤ ᠴᠤᠪᠤᠷᠠᠵᠤ ᠪᠤᠶᠢᠯᠠ᠂ ᠬᠡᠯᠡ᠂ | ᠳᠠᠩᠨᠠᠢ ᠨᠢ ᠪᠦᠷ ᠬᠠᠪᠤᠳᠤᠨ ᠬᠡᠤᠬᠡᠨ ᠬᠠᠷᠠᠭ᠎ᠠ ᠨᠢ ᠪᠠᠭᠠᠰᠴᠤ ᠨᠢᠳᠤᠨ ᠴᠡᠴᠡᠬᠡᠢ ᠨᠢ ᠴᠡᠴᠡᠷᠡᠨ ᠠᠶᠢᠬᠤᠪᠳᠤᠷ | ᠪᠠᠭᠠᠰᠤ ᠠᠯᠳᠠᠵᠤ᠂ ᠪᠠᠭᠠᠰᠤᠨ ᠳᠤᠨᠢ ᠴᠢᠰᠤ ᠲᠠᠢ ᠪᠠᠶᠢᠳᠠᠭ᠃ ᠠᠯᠬᠤᠬᠤ ᠳᠠᠭᠠᠨ ᠳᠠᠶᠢᠪᠠᠯᠵᠠᠵᠤ ᠠᠮᠠᠨ ᠤ | ᠰᠠᠯᠢᠰᠤᠳᠤ ᠪᠦᠷᠬᠦᠪᠴᠢ ᠵᠢᠴᠢ ᠬᠠᠮᠠᠷ ᠤᠨ ᠳᠤᠯᠢ ᠨᠢ ᠬᠠᠳᠠᠵᠤ ᠴᠢᠨᠠᠭᠰᠢᠯᠠᠪᠠᠯ ᠢᠯᠪᠤᠷᠠᠵᠤ ᠬᠠᠮᠤᠭ ᠰᠡᠭᠦᠯ ᠳᠤᠨᠢ | ᠵᠠᠰᠠᠯᠭ᠎ᠠ ᠬᠢᠬᠦ ᠦᠭᠡᠢ ᠪᠤᠯ ᠳᠠᠳᠠᠪᠠᠯᠵᠠᠵᠤ ᠮᠡᠳᠡᠭᠡ ᠠᠯᠳᠠᠭᠠᠳ ᠦᠭᠦᠨᠡ᠃ | ᠬᠦᠨᠳᠤ ᠭᠡᠮ ᠤᠨ ᠵᠢᠱᠢᠶ᠎ᠡ ᠨᠢ ᠵᠢᠷᠦᠬᠡᠨ ᠴᠤᠭᠢᠯᠭ᠎ᠠ ᠨᠢ ᠳᠦᠷᠭᠡᠰᠴᠤ᠂ ᠰᠤᠳᠠᠯ ᠨᠢ ᠨᠠᠷᠢᠨ ᠳᠤᠷᠤᠢ | ᠯᠤᠭᠰᠢᠵᠤ ᠭᠠᠷ ᠲᠤ ᠮᠡᠳᠡᠭᠳᠡᠬᠦ ᠦᠭᠡᠢ ᠪᠦᠭᠡᠳ ᠦᠷᠭᠦᠯᠵᠢ ᠠᠭᠤᠰᠬᠢᠨ ᠤ ᠤᠰᠤᠨ ᠬᠠᠪᠤᠩ ᠳᠠᠭᠠᠯᠳᠤᠨ ᠡᠭᠦᠰᠴᠤ | ᠂ ᠵᠠᠷᠢᠮ ᠨᠢ ᠪᠦᠭᠡᠯᠵᠢᠵᠤ ᠦᠭᠦᠳᠡᠭ᠃ | ᠬᠤᠶᠠᠷ᠂ ᠡᠮᠨᠡᠬᠦ ᠪᠠ ᠰᠡᠷᠭᠡᠶᠢᠯᠡᠬᠦ | ᠤᠨᠴᠠᠭᠠᠢ ᠦᠢᠯᠡᠳᠦᠯᠳᠤ ᠬᠤᠤᠷ ᠳᠠᠶᠢᠯᠬᠤ ᠡᠮ ᠢ ᠬᠡᠷᠡᠭᠯᠡᠨ᠎ᠡ᠃ ᠵᠢᠱᠢᠶᠡᠯᠡᠪᠡᠯ ᠵᠢᠶ᠋ᠸ ᠯᠢᠨ ᠳ᠋ᠢᠩ᠂ ᠯᠦ ᠯᠢᠨ | ᠳ᠋ᠢᠩ ᠢ ᠺᠢᠯᠦᠭᠷᠡᠮ ᠪᠦᠷᠢ ᠳᠤ 15 — 30 ᠮᠢᠯᠢᠭᠷᠡᠮ ᠤᠨ ᠪᠠᠷᠢᠮᠵᠢᠶ᠎ᠠ ᠪᠠᠷ 2.5% — 5% ᠶᠢᠨ | ᠠᠭᠤᠰᠤᠮᠠᠯ ᠪᠤᠯᠭᠠᠨ ᠨᠠᠶᠢᠷᠠᠭᠤᠯᠵᠤ᠂ ᠠᠭᠠᠵᠢᠮ ᠢᠶᠠᠷ ᠸᠧᠨ᠎ᠠ ᠳᠤᠨᠢ ᠵᠡᠭᠦᠳᠡᠨ᠎ᠡ᠃ ᠳᠠᠷᠠᠭ᠎ᠠ ᠨᠢ ᠬᠡᠮᠵᠢᠶ᠎ᠡ ᠶᠢ ᠨᠢ | ᠬᠠᠭᠠᠰ ᠬᠠᠰᠤᠭᠠᠳ 2 — 3 ᠴᠠᠭ ᠪᠦᠷᠢ ᠨᠢᠭᠡ ᠤᠳᠠᠭ᠎ᠠ ᠢᠯᠢᠷᠢᠰᠢᠳᠡᠯᠡ ᠵᠡᠭᠦᠳᠡᠨ᠎ᠡ᠃ ᠱᠤᠸᠡᠩ ᠯᠢᠨ ᠳ᠋ᠢᠩ᠂ | ᠱᠤᠸᠠᠩ ᠹᠦ᠋ ᠯᠢᠨ ᠢ ᠬᠡᠷᠡᠭᠯᠡᠬᠦ ᠬᠡᠮᠵᠢᠶ᠎ᠡ ᠨᠢ ᠵᠢᠶ᠋ᠸ ᠯᠢᠨ ᠳ᠋ᠢᠩ ᠤᠨ ᠬᠠᠭᠠᠰ᠂ ᠬᠡᠷᠡᠭᠯᠡᠬᠦ ᠠᠷᠭ᠎ᠠ ᠨᠢ ᠠᠳᠠᠯᠢ᠂ | ᠠᠲᠷᠤᠫᠢᠨ ᠢ ᠦᠬᠡᠷ ᠲᠤ ᠺᠢᠯᠦᠭᠷᠡᠮ ᠪᠦᠷᠢ ᠳᠤ 0.25 ᠮᠢᠯᠢᠭᠷᠡᠮ ᠤᠨ ᠭᠡᠮᠵᠢᠶ᠎ᠡ ᠪᠠᠷ ᠠᠷᠠᠰᠤᠨ ᠳᠤᠤᠷ᠎ᠠ ᠨᠢ ᠪᠤᠶᠤ | ᠪᠤᠯᠴᠢᠩ ᠳᠤᠨᠢ ᠵᠡᠭᠦᠳᠡᠨ᠎ᠡ᠃ 1 — 2 ᠴᠠᠭ ᠦᠩᠭᠡᠷᠡᠭᠡᠳ ᠰᠢᠨᠵᠢ ᠳᠡᠮᠳᠡᠭ ᠨᠢ ᠬᠦᠩᠭᠡᠷᠡᠭᠦ ᠦᠭᠡᠢ ᠪᠤᠯ | ᠬᠡᠮᠵᠢᠶ᠎ᠡ ᠶᠢ ᠨᠢ ᠬᠠᠰᠤᠵᠤ ᠪᠠᠶᠢᠭᠠᠳ ᠳᠠᠬᠢᠵᠤ ᠨᠢᠭᠡ ᠤᠳᠠᠭ᠎ᠠ ᠵᠡᠭᠦᠳᠡᠪᠡᠯ ᠳᠠᠷᠤᠢ ᠠᠮᠠᠨ ᠬᠦᠨᠳᠡᠢ ᠨᠢ | ᠬᠠᠭᠤᠷᠠᠶᠢᠰᠢᠵᠤ ᠬᠦᠯᠦᠰᠦ ᠭᠠᠷᠬᠤ ᠨᠢ ᠵᠤᠭᠰᠤᠨ᠎ᠠ᠃ ᠬᠡᠤᠬᠡᠨ ᠬᠠᠷᠠᠭ᠎ᠠ ᠨᠢ ᠶᠠᠬᠡᠰᠴᠤ᠂ ᠵᠢᠷᠦᠬᠡᠨ ᠴᠤᠬᠢᠯᠭ᠎ᠠ ᠨᠢ | ᠳᠦᠷᠭᠡᠰᠪᠡᠯ 3 — 4 ᠴᠠᠭ ᠠᠯᠤᠰᠯᠠᠬᠤ ᠪᠦᠷᠢ ᠠᠷᠠᠰᠤᠨ ᠳᠤᠤᠷ᠎ᠠ ᠪᠤᠶᠤ ᠪᠤᠯᠴᠢᠩ ᠳᠤᠨᠢ ᠪᠠᠰᠠ ᠨᠢᠭᠡ | ᠤᠳᠠᠭ᠎ᠠ ᠵᠡᠭᠦᠳᠡᠨ᠎ᠡ᠃ | ᠠᠷᠠᠰᠤᠨ ᠳᠡᠭᠡᠷ᠎ᠡ ᠨᠢ ᠰᠢᠩᠭᠡᠭᠡᠭᠳᠡᠭᠰᠡᠨ ᠦᠭᠡᠢ ᠨᠠᠭᠠᠯᠳᠤᠵᠤ ᠪᠤᠬᠢᠷᠳᠤᠭᠰᠠᠨ ᠤᠷᠭᠠᠨᠢᠭ ᠹᠤᠰᠹᠤᠷᠳᠤ ᠡᠮ | ᠪᠠᠶᠢᠪᠠᠯ 5% ᠶᠢᠨ ᠴᠤᠬᠤᠢ ᠶᠢᠨ ᠤᠰᠤ᠂ 0.5% ᠶᠢᠨ ᠤᠰᠤᠳᠦ᠋ᠷᠦᠭᠴᠢᠳᠤ ᠨᠠᠲᠷᠢ ᠪᠤᠶᠤ ᠰᠠᠪᠤᠩᠳᠠᠢ | ᠤᠰᠤ ᠪᠠᠷ ᠤᠬᠢᠶᠠᠨ᠎ᠠ᠃ ᠰᠢᠩᠭᠡᠭᠡᠯᠳᠡ ᠶᠢᠨ ᠰᠢᠰᠲ᠋ᠧᠮ ᠢᠶᠠᠷ ᠬᠤᠤᠷᠠᠳᠠᠭᠰᠠᠨ ᠪᠠᠶᠢᠪᠠᠯ 2% — 3% ᠶᠢᠨ | ᠨᠡᠭᠦᠷᠡᠰᠦᠭᠦ᠋ᠴᠢᠯ ᠤᠨ ᠤᠰᠤᠳᠦ᠋ᠷᠦᠭᠴᠢᠳᠤ ᠨᠠᠳ᠋ᠷᠢ ᠶᠢᠨ ᠠᠭᠤᠰᠤᠮᠠᠯ ᠪᠤᠶᠤ ᠬᠤᠭᠤᠯᠠᠨ ᠳᠠᠪᠤᠰᠤ ᠴᠢᠳᠬᠤᠵᠤ | ᠬᠤᠳᠤᠭᠤᠳᠤ ᠶᠢ ᠨᠢ ᠤᠬᠢᠶᠠᠵᠤ ᠦᠭᠭᠦᠨ᠎ᠡ᠃ ᠭᠡᠪᠡᠴᠤ ᠠᠩᠬᠠᠷᠬᠤ ᠨᠢ ᠳ᠋ᠢ ᠪᠠᠢ ᠴᠦᠩ ᠳᠤ ᠬᠤᠤᠷᠠᠳᠠᠭᠰᠠᠨ ᠪᠤᠯ | ᠬᠤᠵᠢᠷ ᠲᠠᠢ ᠤᠰᠤ ᠪᠠᠷ ᠬᠤᠳᠤᠭᠤᠳᠤ ᠶᠢ ᠨᠢ ᠤᠬᠢᠶᠠᠬᠤ ᠪᠠ ᠠᠷᠠᠰᠤ ᠶᠢ ᠨᠢ ᠤᠬᠢᠶᠠᠵᠤ ᠪᠤᠯᠬᠤ ᠦᠭᠡᠢ᠃ | ᠳᠠᠷᠢᠶᠠᠯᠠᠩ ᠤᠨ ᠡᠮ ᠢᠶᠠᠷ ᠠᠷᠢᠭᠤᠳᠬᠠᠭᠰᠠᠨ ᠳᠠᠷᠢᠶᠠᠨ ᠦᠷ᠎ᠡ ᠪᠠ ᠨᠠᠶᠢᠷᠠᠭᠤᠯᠤᠭᠰᠠᠨ ᠳᠠᠷᠢᠶᠠᠯᠠᠩ ᠤᠨ ᠡᠮ ᠢ | ᠰᠠᠶᠢᠨ ᠬᠠᠮᠢᠶᠠᠷᠬᠤ ᠬᠡᠷᠡᠭᠳᠡᠢ᠃ ᠡᠮ ᠨᠠᠶᠢᠷᠠᠭᠤᠯᠵᠤ ᠰᠦᠷᠴᠢᠬᠦ ᠳᠤ ᠬᠡᠷᠡᠭᠯᠡᠭᠰᠡᠨ ᠪᠠᠭᠠᠵᠢ ᠬᠡᠷᠡᠭᠰᠡᠯ ᠢᠶᠠᠨ | ᠳᠤᠷ᠎ᠠ ᠪᠠᠷ ᠢᠶᠠᠨ ᠬᠠᠶᠠᠵᠤ ᠪᠤᠯᠬᠤ ᠦᠭᠡᠢ᠃ ᠳᠠᠷᠢᠶᠠᠯᠠᠩ ᠤᠨ ᠡᠮ ᠢ ᠮᠠᠯ ᠤᠨ ᠭᠠᠳᠠᠷ ᠫᠠᠷᠠᠽᠢᠲ ᠬᠤᠷᠤᠬᠠᠢ ᠶᠢ | ᠠᠯᠠᠬᠤ ᠳᠤ ᠬᠡᠷᠡᠭᠯᠡᠵᠤ ᠪᠤᠯᠬᠤ ᠦᠭᠡᠢ᠃ ᠬᠤᠷᠤᠬᠠᠢ ᠬᠦᠭᠡᠭᠡᠵᠤ ᠤᠬᠢᠶᠠᠬᠤ ᠡᠮ ᠢ ᠬᠡᠷᠡᠭᠯᠡᠬᠦ ᠳᠡᠭᠡᠨ ᠱᠠᠭᠠᠷᠳᠠᠭᠰᠠᠨ | ᠬᠡᠮᠵᠢᠶ᠎ᠡ ᠶᠤᠰᠤᠭᠠᠷ ᠨᠢ ᠭᠡᠷᠡᠭᠯᠡᠬᠦ ᠬᠡᠷᠡᠭᠳᠡᠢ᠃ |