ᠦᠬᠡᠷ ᠤᠨ ᠨᠠᠷᠠᠰᠢᠬᠤ ᠶᠢ ᠡᠮᠨᠡᠨ ᠵᠠᠰᠬᠠᠤ ᠮᠡᠷᠭᠡᠵᠢᠯ
ᠨᠡᠶᠢᠲᠡᠯᠡᠭᠰᠡᠨ ᠴᠠᠭ᠄
2019-04-25
    ᠨᠠᠷᠠᠰᠢᠬᠤ ᠪᠤᠯ ᠵᠤᠨ ᠤ ᠠᠭᠠᠬᠢᠮ᠎ᠠ ᠬᠠᠯᠠᠭᠤᠨ ᠳᠤ ᠬᠤᠷᠴᠠ ᠨᠠᠷᠠᠨ ᠤ ᠳᠤᠰᠤᠯᠳᠠ ᠮᠠᠯ ᠤᠨ ᠳᠤᠯᠤᠭᠠᠢ ᠶᠢ ᠰᠢᠷᠠᠬᠤ ᠪᠤᠶᠤ ᠴᠢᠬᠢᠭᠳᠡᠢ ᠬᠠᠯᠠᠭᠤᠨ ᠤᠷᠴᠢᠨ ᠳᠤ ᠬᠠᠯᠠᠭᠤᠨ ᠳᠠᠷᠬᠠᠬᠤ ᠨᠢ ᠬᠠᠷᠰᠢᠯᠠᠭᠳᠠᠭᠰᠠᠨ ᠠᠴᠠ ᠪᠡᠶ᠎ᠡ ᠶᠢᠨ ᠬᠠᠯᠠᠭᠤᠨ ᠨᠢ ᠦᠨᠳᠦᠷᠵᠢᠭᠡᠳ᠂ ᠬᠦᠨᠳᠤ ᠰᠦᠷᠡᠬᠡᠢ ᠪᠠᠷ ᠲᠦᠪ ᠮᠡᠳᠡᠷᠡᠯ ᠪᠠ ᠵᠢᠷᠦᠬᠡ ᠴᠢᠰᠤᠨ ᠰᠤᠳᠠᠯ᠂ ᠠᠮᠢᠰᠬᠤᠯ ᠤᠨ ᠰᠢᠰᠲ᠋ᠧᠮ ᠤᠨ ᠠᠵᠢᠯᠯᠠᠭ᠎ᠠ ᠶᠢ ᠨᠢ ᠰᠠᠮᠠᠭᠤᠷᠠᠭᠤᠯᠤᠭᠠᠳ ᠡᠭᠦᠰᠦᠭᠰᠡᠨ ᠴᠤᠴᠢᠮᠠᠭ ᠴᠢᠨᠠᠷ ᠲᠠᠢ ᠭᠡᠮ ᠪᠤᠯᠤᠨ᠎ᠠ᠃ᠤᠨᠤᠰᠢᠯᠠᠬᠤ ᠭᠤᠤᠯᠳᠠᠯᠭ᠎ᠠ    1. ᠴᠤᠭ ᠰᠦᠯᠳᠡ ᠨᠢ ᠨᠤᠵᠤᠭᠤᠷᠠᠵᠤ᠂ ᠳᠤᠯᠤᠭᠠᠢ ᠪᠠᠨ ᠤᠨᠵᠠᠶᠢᠯᠭᠠᠨ᠂ ᠪᠦᠬᠦ ᠪᠡᠶ᠎ᠡ ᠶᠢᠨ ᠪᠤᠯᠴᠢᠩ ᠨᠢ ᠴᠡᠴᠡᠷᠡᠵᠤ᠂ ᠶᠠᠪᠤᠬᠤ ᠳᠤ ᠳᠦᠢᠪᠠᠷᠠᠵᠤ ᠪᠦᠬᠦ ᠪᠡᠶ᠎ᠡ ᠠᠴᠠ ᠨᠢ ᠬᠦᠯᠦᠰᠦ ᠭᠠᠷᠬᠤ ᠪᠤᠶᠤ ᠬᠦᠬᠡᠷᠬᠦ ᠢᠯᠡᠷᠡᠯ ᠲᠠᠢ᠃    2. ᠪᠡᠶ᠎ᠡ ᠶᠢᠨ ᠬᠠᠯᠠᠭᠤᠨ ᠨᠢ ᠦᠨᠳᠦᠷᠵᠢᠭᠡᠳ 40 ᠭᠷᠡᠳᠦ᠋ᠰ ᠠᠴᠠ ᠳᠡᠭᠡᠭᠰᠢ ᠪᠤᠯᠵᠤ᠂ ᠵᠢᠷᠦᠬᠡᠨ ᠴᠤᠬᠢᠯᠭ᠎ᠠ ᠨᠢ ᠳᠦᠷᠭᠡᠰᠴᠤ᠂ ᠵᠢᠷᠦᠬᠡ ᠳᠤᠯᠬᠢᠰᠬᠤ ᠨᠢ ᠨᠡᠮᠡᠭᠳᠡᠵᠤ᠂ ᠴᠢᠩᠨᠠᠬᠤ ᠳᠤ ᠳᠤᠳᠤᠷᠬᠠᠢ ᠠᠪᠢᠶ᠎ᠡ ᠰᠤᠨᠤᠰᠳᠠᠨ᠂ ᠠᠮᠢᠰᠬᠤᠯ ᠨᠢ ᠬᠦᠴᠢᠷᠳᠡᠵᠤ ᠠᠮᠠ ᠪᠠᠨ ᠠᠩᠭᠠᠢᠢᠨ ᠬᠡᠯᠡ ᠪᠠᠨ ᠪᠤᠯᠳᠠᠶᠢᠯᠭᠠᠨ᠂ ᠨᠢᠳᠤᠨ ᠤ ᠨᠠᠶᠢᠯᠡᠮᠡᠯ ᠪᠦᠷᠭᠦᠪᠴᠢ ᠨᠢ ᠪᠤᠷᠤᠯᠠᠵᠤ᠂ ᠬᠡᠯᠡ ᠨᠢ ᠤᠯᠠᠭᠠᠨ ᠪᠤᠶᠤ ᠤᠯᠠᠭᠠᠨ ᠬᠦᠷᠡᠩ ᠦᠩᠭᠡ ᠲᠠᠢ ᠪᠤᠯᠳᠠᠭ᠃    3. ᠤᠯᠠᠩᠬᠢ ᠳᠠᠭᠠᠨ ᠦᠬᠡᠷ ᠤᠨ ᠳᠤᠯᠤᠭᠠᠢ ᠶᠢᠨ ᠬᠡᠰᠡᠭ ᠨᠢ ᠪᠦᠭᠴᠢᠮ ᠬᠠᠯᠠᠭᠤᠨ ᠳᠤ ᠤᠷᠳᠤ ᠬᠤᠭᠤᠴᠠᠭ᠎ᠠ ᠰᠢᠷᠬᠠᠳᠠᠭᠰᠠᠨ ᠳᠡᠤᠬᠡ ᠲᠠᠢ ᠪᠠᠶᠢᠳᠠᠭ᠃ᠡᠮᠨᠡᠬᠦ ᠠᠷᠭ᠎ᠠ    1. ᠨᠠᠷᠠᠰᠢᠭᠰᠠᠨ ᠦᠬᠡᠷ ᠢᠶᠠᠨ ᠳᠠᠷᠤᠢ ᠳᠤᠨᠢ ᠰᠠᠯᠬᠢ ᠨᠡᠪᠳᠡᠷᠡᠬᠦ ᠰᠡᠭᠦᠳᠡᠷ ᠲᠠᠢ ᠭᠠᠵᠠᠷ ᠰᠢᠯᠵᠢᠭᠦᠯᠦᠨ᠂ ᠭᠦᠢᠳᠡᠨ ᠤᠰᠤ ᠪᠠᠷ ᠳᠤᠯᠤᠭᠠᠢ ᠳᠤᠨᠢ ᠵᠢᠩ ᠳᠠᠯᠪᠢᠬᠤ ᠪᠤᠶᠤ ᠭᠡᠳᠡᠰᠤ ᠶᠢ ᠨᠢ ᠪᠤᠷᠭᠤᠢᠢᠳᠠᠨ᠎ᠠ᠃    2. ᠸᠧᠨ᠎ᠡ ᠠᠴᠠ ᠨᠢ 1000 — 2000 ᠮᠢᠯᠢᠯᠢᠳ᠋ᠷ ᠴᠢᠰᠤ ᠳᠠᠯᠪᠢᠭᠰᠠᠨ ᠤ ᠰᠡᠭᠦᠯᠡᠷ ᠹᠢᠽᠢᠤᠯᠤᠬᠢ ᠶᠢᠨ ᠳᠠᠪᠤᠰᠤᠨ ᠠᠭᠤᠰᠤᠮᠠᠯ ᠪᠤᠶᠤ ᠬᠤᠯᠢᠮᠠᠭ ᠨᠠᠶᠢᠷᠠᠯᠭᠠᠳᠤ ᠳᠠᠪᠤᠰᠤᠨ ᠠᠭᠤᠰᠤᠮᠠᠯ 1500 — 3500 ᠮᠢᠯᠢᠯᠢᠳ᠋ᠷ ᠤᠨ ᠳᠡᠭᠡᠷ᠎ᠡ 10% ᠶᠢᠨ ᠭᠠᠪᠦ᠋ᠷ ᠤᠨ ᠱᠦᠯᠹᠤᠨ ᠬᠦᠴᠢᠯ ᠤᠨ ᠨᠠᠲᠷᠢ 10 — 20 ᠮᠢᠯᠢᠯᠢᠳ᠋ᠷ ᠢ ᠨᠡᠮᠡᠵᠤ ᠸᠧᠨ᠎ᠠ ᠳᠤᠨᠢ ᠵᠡᠭᠦᠳᠡᠨ᠎ᠡ᠃    3. ᠬᠦᠴᠢᠯ ᠳᠤ ᠬᠤᠤᠷᠳᠠᠬᠤ ᠠᠴᠠ ᠨᠢ ᠰᠡᠷᠭᠡᠶᠢᠯᠡᠨ ᠸᠧᠨ᠎ᠡ ᠳᠤᠨᠢ 5% ᠶᠢᠨ ᠨᠡᠭᠦᠷᠡᠰᠦᠭᠦ᠋ᠴᠢᠯ ᠤᠨ ᠤᠰᠤᠳᠦ᠋ᠷᠦᠭᠴᠢᠳᠤ ᠨᠠᠲᠷᠢ 500 — 800 ᠮᠢᠯᠢᠯᠢᠳ᠋ᠷ ᠢ ᠵᠡᠭᠦᠳᠡᠨ᠎ᠡ᠃ ᠬᠦᠭᠡᠷᠦᠭᠡᠳ ᠳᠤᠭᠳᠠᠪᠤᠷᠢ ᠦᠭᠡᠢ ᠪᠤᠯ ᠪᠤᠯᠴᠢᠩ ᠳᠤᠨᠢ 2% ᠶᠢᠨ ᠵᠢᠩ ᠰᠦᠩ ᠯᠢᠩ 2 — 3 ᠮᠢᠯᠢᠯᠢᠳ᠋ᠷ ᠪᠤᠶᠤ ᠳᠠᠪᠤᠰᠤᠨ ᠬᠦᠴᠢᠯ ᠤᠨ ᠾᠯᠤᠷᠳᠤ ᠫᠷᠤᠫᠢᠯᠽᠢᠨ 0.2 — 0.3 ᠭᠷᠡᠮ ᠢ ᠵᠡᠭᠦᠳᠡᠨ᠎ᠡ᠃ ᠡᠰᠡᠭᠦᠯ᠎ᠡ ᠸᠧᠨ᠎ᠠ ᠳᠤᠨᠢ 25% ᠶᠢᠨ ᠬᠦᠬᠦᠷ ᠬᠦᠴᠢᠯ ᠤᠨ ᠮᠠᠬᠨᠢ 50 — 100 ᠮᠢᠯᠢᠯᠢᠲᠷ ᠢ ᠵᠡᠭᠦᠳᠡᠨ᠎ᠡ᠃     ᠳᠤᠰ ᠭᠡᠮ ᠢ ᠪᠠᠰᠠ ︽ᠬᠠᠷ᠎ᠠ ᠬᠦᠯᠦᠰᠦᠳᠤ ᠰᠠᠯᠬᠢ︾ ᠭᠡᠳᠡᠭ᠃ ᠬᠠᠯᠠᠭᠤᠨ ᠠᠬᠠᠳᠠᠭᠰᠠᠨ ᠠᠴᠠ ᠴᠢᠰᠤ ᠶᠢ ᠬᠡᠮᠳᠦᠭᠡᠵᠤ᠂ ᠴᠢᠰᠤ ᠨᠢ ᠰᠤᠳᠠᠯ ᠳᠤ ᠪᠤᠭᠤᠭᠳᠠᠨ᠂ ᠬᠡᠢ ᠨᠢ ᠵᠤᠭᠰᠤᠩᠭᠤᠢᠢᠷᠠᠵᠤ ᠴᠡᠭᠡᠵᠢᠨ ᠳᠤᠨᠢ ᠬᠤᠷᠠᠨ᠂ ᠪᠦᠬᠦ ᠪᠡᠶ᠎ᠡ ᠠᠴᠠ ᠨᠢ ᠳᠤᠰᠤ ᠮᠠᠳᠤ ᠬᠦᠯᠦᠰᠦ ᠭᠠᠷᠬᠤ ᠨᠢᠭᠡ ᠵᠦᠢᠯ ᠤᠨ ᠭᠡᠮ ᠪᠤᠯᠤᠨ᠎ᠠ᠃ ᠡᠮᠨᠡᠬᠦ ᠳᠤ ᠵᠢᠷᠦᠬᠡ ᠶᠢ ᠨᠢ ᠳᠠᠶᠢᠪᠤᠰᠢᠷᠠᠭᠤᠯᠵᠤ᠂ ᠰᠤᠴᠢᠬᠤ ᠶᠢ ᠨᠢ ᠨᠠᠮᠳᠠᠭᠤᠯᠤᠨ᠂ ᠬᠦᠯᠦᠰᠦ ᠶᠢ ᠨᠢ ᠵᠤᠭᠰᠤᠭᠠᠨ᠂ ᠨᠠᠷᠠᠰᠢᠬᠤ ᠶᠢ ᠳᠠᠶᠢᠯᠵᠤ᠂ ᠤᠰᠤ ᠶᠢ ᠭᠦᠶᠦᠯᠭᠡᠬᠦ ᠪᠠᠷ ᠭᠤᠤᠯ ᠵᠠᠷᠴᠢᠮ ᠪᠤᠯᠭᠠᠨ᠎ᠠ᠃ ᠠᠷᠪᠠᠨ ᠵᠢᠩ ᠳᠠᠷᠪᠤᠰ᠂ ᠬᠠᠭᠠᠰ ᠵᠢᠩ ᠴᠠᠭᠠᠨ ᠰᠢᠬᠢᠷ ᠢ ᠬᠤᠯᠢᠵᠤ ᠴᠢᠳᠬᠤᠵᠤ ᠦᠭᠭᠦᠨ᠎ᠡ᠃ ᠬᠦᠮᠦᠨ ᠤ ᠰᠠᠶ᠋ᠢᠬᠠᠨ ᠰᠢᠭᠡᠭᠰᠡᠨ ᠰᠢᠭᠡᠰᠤ 2 ᠵᠢᠩ ᠳᠡᠭᠡᠷ᠎ᠡ 5 ᠳᠠᠬᠢᠶᠠᠨ ᠦᠨᠳᠡᠭᠡ ᠬᠢᠵᠤ ᠬᠤᠯᠢᠭᠠᠳ ᠴᠢᠳᠬᠤᠵᠤ ᠪᠤᠯᠤᠨ᠎ᠠ᠃ ᠠᠷᠠᠳ ᠤᠨ ᠳᠤᠮᠳᠠ ᠪᠠᠰᠠ ᠬᠠᠨᠵᠤᠨ ᠦᠨᠡᠰᠤ ᠪᠠᠷ ᠪᠦᠬᠦ ᠪᠡᠶ᠎ᠡ ᠶᠢ ᠨᠢ ᠵᠦᠯᠭᠦᠵᠤ ᠬᠦᠯᠦᠰᠦ ᠶᠢ ᠨᠢ ᠵᠤᠭᠰᠤᠭᠠᠵᠤ ᠪᠤᠯᠳᠠᠭ ᠭᠡᠰᠡᠨ ᠬᠡᠯᠡᠯᠭᠡ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号