ᠮᠤᠩᠭᠤᠯᠴᠤᠳ ᠪᠤᠯᠪᠠᠰᠤ ᠡᠷᠳᠡ ᠲᠡᠭᠡᠳᠤ ᠦᠶ᠎ᠠ ᠠᠴᠠ ᠪᠠᠨ ᠶᠡᠭᠡ ᠪᠠᠶᠢᠭᠠᠯᠢ ᠶᠢ ᠬᠠᠶᠢᠷᠠᠯᠠᠨ ᠶᠡᠭᠡ | ᠪᠠᠶᠢᠭᠠᠯᠢ ᠪᠠᠨ ᠰᠢᠳᠤᠨ ᠲᠠᠬᠢᠳᠠᠭ ᠤᠯᠠᠮᠵᠢᠯᠠᠯ ᠲᠠᠢ᠃ ᠡ᠊ᠨᠠ ᠵᠠᠩᠰᠢᠯ ᠨᠢ ᠪᠠᠷᠠᠭᠤᠨ ᠬᠤᠶᠢᠳᠤ ᠶᠢᠨ ᠤᠢᠢᠷᠠᠳ | ᠮᠤᠩᠭᠤᠯᠴᠤᠳ ᠤᠨ ᠲᠤᠮᠳᠠ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠳᠠᠭ᠃ | ᠪᠤᠯᠠᠭ ᠲᠠᠬᠢᠬᠤ ᠭᠡᠳᠡᠭ ᠪᠤᠯ ᠮᠠᠯᠴᠢᠨ ᠮᠤᠩᠭᠤᠯᠴᠤᠳ ᠤᠷᠤᠰᠢᠨ ᠰᠠᠭᠤᠭ᠎ᠠ ᠤᠷᠤᠨ ᠨᠤᠳᠤᠭ ᠤᠨ ᠢᠶᠠᠨ ᠨᠠᠷᠠᠨ ᠤ | ᠵᠦᠭ ᠬᠠᠨᠳᠤᠵᠤ ᠮᠦᠩᠬᠡ ᠤᠨᠳᠤᠷᠤᠨ ᠤᠷᠤᠰᠴᠤ ᠪᠠᠶᠢᠭ᠎ᠠ ᠪᠤᠯᠠᠭ ᠤᠨ ᠡᠬᠢᠨ ᠤ ᠲᠡᠷᠭᠡᠳᠠ ᠴᠤᠭᠯᠠᠷᠠᠨ ᠢᠳᠡᠭᠡᠨ ᠤ | ᠲᠡᠭᠡᠵᠢ ᠪᠠᠨ ᠤᠰᠤᠨ ᠳᠤᠨᠢ ᠰᠠᠴᠤᠵᠤ ᠢᠷᠤᠭᠡᠯ ᠲᠠᠯᠪᠢᠬᠤ ᠤᠯᠠᠮᠵᠢᠯᠠᠯᠳᠤ ᠵᠠᠩᠰᠢᠯ ᠢ ᠬᠡᠯᠡᠨ᠎ᠠ᠃ | ᠪᠤᠯᠠᠭ ᠲᠠᠬᠢᠬᠤ ᠶᠤᠰᠤᠨ ᠢ ᠵᠢᠯ ᠪᠦᠷᠢ ᠶᠢᠨ ᠬᠠᠪᠤᠷ ᠡᠪᠡᠰᠤ ᠮᠤᠳᠤ ᠡᠬᠢᠯᠡᠵᠤ ᠬᠦᠬᠡᠷᠡᠬᠦ ᠦᠶ᠎ᠠ ᠳᠤ ᠦᠯᠵᠠᠢ | ᠪᠡᠯᠭᠡ ᠲᠠᠢ ᠰᠠᠶᠢᠬᠠᠨ ᠡᠳᠤᠷ ᠢ ᠦᠵᠡᠬᠦᠯᠤᠨ ᠰᠤᠩᠭᠤᠵᠤ ︵ᠵᠠᠷᠢᠮ ᠭᠠᠵᠠᠷ ᠲᠤ ᠡᠷᠳᠠ ᠲᠡᠭᠡᠳᠤ ᠠᠴᠠ ᠪᠠᠨ | ᠤᠯᠠᠮᠵᠢᠯᠠᠨ ᠢᠷᠡᠭᠰᠡᠨ ᠲᠤᠭᠳᠠᠮᠠᠯ ᠡᠳᠤᠷ ᠪᠠᠶᠢᠳᠠᠭ︶ ᠬᠢᠳᠡᠭ᠃ ᠪᠤᠯᠠᠭ ᠲᠠᠬᠢᠬᠤ ᠳᠤ ᠯᠠᠮᠠ ᠮᠡᠷᠭᠡᠳ ᠢ ᠵᠠᠯᠠᠨ ᠨᠤᠮ | ᠤᠩᠰᠢᠭᠤᠯᠬᠤ᠂ ᠪᠦᠬᠡᠴᠢᠨ ᠵᠠᠯᠠᠨ ᠪᠦᠬᠡ ᠪᠠᠷᠢᠯᠳᠤᠭᠤᠯᠬᠤ ᠵᠡᠷᠭᠡ ᠠᠵᠢᠯᠯᠠᠭ᠎ᠠ ᠶᠢ ᠬᠢᠵᠤ᠂ ᠤᠢᠢᠷ᠎ᠠ ᠬᠠᠪᠢ ᠶᠢᠨ | ᠬᠦᠮᠤᠰ ᠪᠦᠬᠦᠳᠠ ᠴᠤᠭᠯᠠᠷᠠᠨ᠂ ᠪᠤᠯᠠᠭ ᠤᠨ ᠡᠬᠢᠨ ᠲᠡᠭᠡᠷ᠎ᠠ ᠤᠷᠭᠤᠭᠰᠠᠨ ᠮᠤᠳᠤ ᠪᠤᠶᠤ ᠴᠢᠯᠠᠭᠤᠨ ᠲᠡᠭᠡᠷ᠎ᠠ ᠬᠠᠳᠠᠭ | ᠰᠠᠮᠪᠠᠢ ᠪᠤᠯᠤᠨ ᠮᠠᠯ ᠤᠨ ᠢᠶᠠᠨ ᠦᠰᠤ ᠨᠤᠥᠰᠤ ᠪᠠᠨ ᠠᠪᠠᠴᠢᠵᠤ ᠲᠡᠭᠡᠵᠢᠯᠡᠨ᠂ ᠰᠠᠩ ᠲᠠᠯᠪᠢᠵᠤ ᠰᠠᠷᠴᠢᠮ ᠡᠷᠬᠦᠳᠡᠭ | ᠪᠠᠶᠢᠨ᠎ᠠ᠃ ᠴᠤᠭᠯᠠᠷᠠᠨ ᠢᠷᠡᠭᠰᠡᠨ ᠬᠦᠮᠤᠰ ᠪᠦᠬᠦᠳᠠ ᠰᠦ᠂ ᠰᠢᠷ᠎ᠠ ᠲᠤᠰᠤ᠂ ᠰᠢᠬᠢᠷ ᠪᠤᠭᠤᠷᠰᠤᠬ ᠵᠡᠷᠭᠡ ᠢᠳᠡᠭᠡᠨ ᠢ | ᠠᠪᠠᠴᠢᠵᠤ ᠲᠡᠭᠡᠵᠢ ᠡᠷᠬᠦᠳᠡᠭ ᠪᠦᠭᠡᠳ ᠴᠠᠭᠠᠨ ᠢᠮᠠᠭᠠᠨ ᠤ ᠰᠦ ᠪᠤᠶᠤ ᠤᠯᠠᠭᠠᠨ ᠦᠬᠡᠷ ᠤᠨ ᠰᠦ ᠶᠢ ᠪᠤᠯᠠᠭ ᠤᠨ | ᠤᠰᠤᠨ ᠳᠤ ᠰᠠᠴᠤᠵᠤ᠄ ︽ᠨᠤᠳᠤᠭ ᠨᠢᠷᠤᠭᠤᠨ ᠤ ᠮᠢᠨᠢ ᠡᠵᠡᠨ ᠪᠤᠯᠤᠭᠰᠠᠨ ᠯᠤᠤᠰ ᠤᠨ ᠬᠠᠭᠠᠨ ᠰᠠᠪᠳᠠᠭ ᠮᠢᠨᠢ | ᠪᠠᠶᠠᠷᠯᠠᠳᠤᠭᠠᠢ︕ ᠷᠠᠰᠢᠶᠠᠨ ᠪᠤᠯᠠᠭ ᠮᠢᠨᠢ ᠰᠢᠷᠬᠢᠰᠢ ᠦᠭᠡᠢ ᠮᠦᠩᠬᠡ ᠤᠷᠤᠰᠴᠤ᠂ ᠠᠳᠤᠭᠤ ᠮᠠᠯ ᠮᠢᠨᠢ ᠤᠰᠤ | ᠤᠮᠳᠠ ᠪᠠᠷ ᠬᠠᠩᠬᠤᠯᠤᠭᠠᠳ ᠪᠠᠶᠢᠬᠤ ᠪᠤᠯᠳᠤᠭᠠᠢ︕ ᠦᠷ᠎ᠠ ᠠᠴᠢ ᠨᠠᠷ ᠮᠢᠨᠢ ᠪᠤᠯᠠᠭ ᠤᠨ ᠤᠰᠤᠨ ᠮᠡᠳᠤ | ᠲᠤᠩᠭᠠᠯᠠᠭ ᠤᠬᠠᠭᠠᠨ ᠲᠠᠢ ᠪᠤᠯᠳᠤᠭᠠᠢ︕︾ ᠭᠡᠮᠡᠨ ᠢᠷᠤᠭᠡᠯ ᠲᠠᠯᠪᠢᠵᠤ᠂ ᠪᠤᠯᠠᠭ ᠤᠨ ᠵᠦᠭ ᠲᠤ ᠬᠦᠮᠤᠨ ᠪᠦᠷᠢ | ᠭᠤᠷᠪᠠ ᠮᠦᠷᠬᠦᠵᠤ᠂ ᠠᠪᠴᠢᠷᠠᠭᠰᠠᠨ ᠢᠳᠡᠭᠡᠨ ᠢᠶᠠᠨ ᠬᠤᠪᠢᠶᠠᠯᠴᠠᠨ ᠢᠳᠡᠵᠡᠭᠡᠳᠡᠭ ᠪᠠᠶᠢᠨ᠎ᠠ᠃ ᠪᠤᠯᠠᠭ ᠲᠠᠬᠢᠬᠤ | ᠦᠶ᠎ᠠ ᠳᠤ ᠪᠤᠯᠠᠭ ᠤᠨ ᠲᠡᠷᠭᠡᠳᠠ ᠠᠷᠢᠬᠢ ᠤᠥᠭᠤᠵᠤ ᠲᠠᠮᠠᠬᠢ ᠲᠠᠳᠠᠬᠤ ᠶᠢ ᠮᠠᠰᠢ ᠴᠡᠭᠡᠷᠯᠡᠳᠡᠭ ᠤᠴᠢᠷ ᠲᠠᠢ᠃ | ︵︽ᠠᠯᠠᠱᠠ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶ |