ᠮᠤᠩᠭᠤᠯᠴᠤᠳ ᠤᠨ ᠭᠤᠷᠪᠠᠨᠲᠠ ᠰᠠᠴᠤᠯᠢ ᠡᠷᠬᠦᠬᠦ ᠶᠤᠰᠤ ᠵᠠᠩᠰᠢᠯ
ᠨᠡᠶᠢᠲᠡᠯᠡᠭᠰᠡᠨ ᠴᠠᠭ᠄
2019-04-25
    ᠡᠷᠲᠡ ᠢᠵᠠᠭᠤᠷ ᠠᠴᠠ ᠠᠪᠤᠭᠠᠳ ᠮᠤᠩᠭᠤᠯᠴᠤᠳ ᠠᠷᠢᠬᠢ ᠤᠤᠭᠤᠬᠤ ᠳᠤ ᠤᠯᠠᠨ ᠶᠤᠰᠤ ᠵᠢᠷᠤᠮ ᠲᠠᠢ᠂ ᠪᠤᠯᠪᠠᠰᠤᠨ ᠢ ᠡᠷᠬᠢᠮᠯᠡᠳᠡᠭ ᠵᠠᠩᠰᠢᠯ ᠲᠠᠢ ᠪᠠᠶᠢᠵᠠᠢ᠃ ᠶᠠᠮᠠᠷ ᠪᠠᠶᠢᠳᠠᠯ᠂ ᠶᠠᠮᠠᠷ ᠤᠷᠴᠢᠨ ᠳᠤ ᠴᠦ ᠬᠤᠨᠳᠠᠭ᠎ᠠ ᠲᠠᠢ ᠠᠷᠢᠬᠢ ᠶᠢ ᠠᠪᠤᠩᠭᠤᠳᠠ ᠠᠮᠠ ᠤᠷᠤᠭᠤ ᠪᠠᠨ ᠴᠢᠳᠬᠤᠳᠠᠭ ᠦᠬᠡᠢ᠂ ᠬᠠᠷᠢᠨ ᠨᠠᠰᠤᠲᠠᠨ ᠪᠤᠭᠤᠷᠤᠯ᠂ ᠠᠬᠠᠰ ᠵᠠᠬᠠᠰ ᠲᠠᠭᠠᠨ ᠤᠷᠢᠳ ᠢᠶᠠᠷ ᠳᠡᠭᠡᠵᠢᠯᠡᠨ ᠬᠡᠮᠨᠡᠵᠦ ᠶᠤᠰᠤ ᠤᠴᠢᠷ ᠢᠶᠠᠨ ᠬᠦᠢᠴᠡᠳᠬᠡᠨ᠂ ᠳᠠᠷᠠᠭ᠎ᠠ ᠨᠢ ᠭᠤᠷᠪᠠᠨᠲᠠ ᠰᠡᠷᠵᠢᠮᠯᠡᠨ ᠰᠠᠴᠤᠯᠢ ᠡᠷᠬᠦᠵᠦ ᠠᠮᠰᠠᠭᠠᠳ ᠤᠤᠭᠤᠳᠠᠭ᠃ ᠡ᠊ᠨᠡ ᠬᠦ ᠵᠠᠩ ᠵᠢᠷᠤᠮ ᠤᠨ ᠪᠦᠷᠢᠯᠳᠦᠯ ᠨᠢ ᠲᠡᠥᠬᠡ ᠶᠢᠨ ᠡᠰᠢ ᠪᠠᠷᠢᠮᠲᠠ ᠲᠠᠢ ᠪᠦᠭᠡᠳ ᠤᠴᠢᠷ ᠤᠳᠬ᠎ᠠ ᠨᠢ ᠮᠠᠰᠢ ᠬᠦᠨ ᠪᠠᠶᠢᠳᠠᠭ᠃      ᠠᠷᠢᠬᠢ ᠶᠢ ᠭᠤᠷᠪᠠᠨᠲᠠ ᠬᠡᠮᠨᠡᠨ ᠰᠠᠴᠤᠯᠢ ᠡᠷᠭᠦᠳᠡᠭ ᠮᠤᠩᠭᠤᠯᠴᠤᠳ ᠤᠨ ᠵᠠᠩ ᠵᠠᠩᠰᠢᠯ ᠢ ᠳᠤᠷᠠᠳᠬᠤ ᠳᠤ ᠴᠢᠩᠬᠢᠰ ᠬᠠᠭᠠᠨ ᠤ ᠪᠢᠯᠢᠭ ᠰᠤᠷᠭᠠᠯ ᠠᠴᠠ ᠡᠷᠢᠵᠦ ᠳᠤᠲᠤᠯᠠᠬᠤ ᠤᠴᠢᠷᠲᠠᠢ᠃ ᠲᠡᠥᠬᠡᠨ ᠲᠡᠮᠲᠡᠭᠯᠡᠯ ᠢ ᠦᠨᠳᠦᠰᠦᠯᠡᠪᠡᠯ᠂ ᠨᠠᠢᠮᠠᠨ ᠤ ᠲᠠᠶᠠᠨ ᠬᠠᠭᠠᠨ ᠴᠠᠭᠠᠨ ᠭᠡᠷᠡᠮ ᠤᠨ ᠠᠷᠤ ᠳᠤ ᠨᠤᠲᠤᠭᠰᠢᠭᠰᠠᠨ ᠤᠩᠭᠤᠳ ᠠᠶᠢᠮᠠᠭ ᠤᠨ ᠲᠦᠷᠦᠬᠦᠦ ᠠᠯᠬᠤᠰᠢ ᠲᠠᠬᠢᠳᠬᠤᠷᠢ ᠳᠤ ᠡᠯᠴᠢ ᠢᠯᠡᠬᠡᠵᠦ᠄ ︽ᠳᠤᠷᠤᠨ᠎ᠠ ᠵᠦᠭ ᠲᠤ ᠴᠦᠬᠡᠨ ᠮᠤᠩᠭᠤᠯᠴᠤᠳ ᠪᠤᠢ ᠭᠡᠳᠡᠭ᠂ ᠴᠢ ᠪᠠᠷᠠᠭᠤᠨ ᠭᠠᠷ ᠪᠤᠯᠵᠤ ᠮᠤᠷᠲᠠ᠂ ᠪᠢ ᠡ᠊ᠨᠳᠡᠴᠡ ᠬᠠᠮᠰᠠᠵᠤ ᠲᠡᠲᠡᠭᠡᠷ ᠮᠤᠩᠭᠤᠯᠴᠤᠳ ᠤᠨ ᠬᠤᠷᠤᠮᠰᠠᠬ᠎ᠠ ᠰᠠᠭᠠᠳᠠᠭ ᠢ ᠪᠤᠯᠢᠶᠠᠨ ᠠᠪᠤᠰᠤᠭᠠᠢ︾ ᠬᠡᠵᠡᠢ᠃ ᠠᠯᠬᠤᠰᠢ ᠲᠠᠬᠢᠳᠬᠤᠷᠢ᠄ ︽ᠪᠢ ᠪᠠᠷᠠᠭᠤᠨ ᠭᠠᠷ ᠴᠢᠨᠢ ᠪᠤᠯᠵᠤ ᠴᠢᠳᠠᠬᠤ ᠦᠬᠡᠢ︾ ᠬᠡᠵᠦ ᠡᠯᠴᠢ ᠶᠢ ᠨᠢ ᠲᠠᠶᠠᠨ ᠬᠠᠭᠠᠨ ᠳᠤ ᠪᠤᠴᠠᠭᠠᠭᠠᠳ ᠦᠪᠡᠷ ᠤᠨ ᠵᠤᠬᠤᠨᠠᠭ ᠨᠡᠷᠡᠲᠦ ᠡᠯᠴᠢ ᠪᠠᠨ ᠲᠠᠶᠢᠽᠦ ᠪᠤᠭᠲᠠ ᠴᠢᠩᠬᠢᠰ ᠬᠠᠭᠠᠨ ᠳᠤ ᠢᠯᠡᠬᠡᠵᠦ᠂ ᠵᠢᠷᠭᠤᠭᠠᠨ ᠪᠤᠲᠤᠩ ᠠᠷᠢᠬᠢ ᠪᠡᠯᠬᠡᠯᠡᠨ ᠲᠠᠶᠠᠨ ᠬᠠᠭᠠᠨ ᠤ ᠲᠤᠪᠲᠤᠯᠤᠯᠲᠠ ᠶᠢ ᠰᠡᠷᠡᠮᠵᠢᠯᠡᠲᠦᠬᠡᠢ ᠬᠡᠰᠡᠨ ᠪᠠᠶᠢᠵᠠᠢ᠃ ︽ᠲᠠᠶᠢᠽᠦ ᠤᠷᠢᠳ ᠢᠶᠠᠷ ᠰᠠᠴᠤᠯᠢ ᠡᠷᠬᠦᠵᠦ ᠳᠠᠷᠠᠭ᠎ᠠ ᠨᠢ ᠵᠤᠭᠤᠭᠯᠠᠪᠠᠢ᠂ ᠬᠡᠮ ᠢ ᠭᠤᠷᠪᠠᠨᠲᠠ ᠡᠷᠬᠦᠵᠦ᠂ ᠡᠨᠡ ᠶᠠᠭᠤᠮ᠎ᠠ ᠶᠢ ᠪᠠᠭ᠎ᠠ ᠡᠳ᠋ᠯᠡᠪᠡᠰᠦ ᠴᠢᠨᠠᠷ ᠢ ᠬᠦᠭᠵᠢᠬᠡᠮᠦᠢ᠂ ᠶᠡᠭᠡ ᠡᠳ᠋ᠯᠡᠪᠡᠰᠦ ᠴᠢᠨᠠᠷ ᠢ ᠦᠳᠡᠭᠡᠷᠡᠮᠦᠢ︾ ᠬᠡᠵᠡᠢ᠃ ᠠᠯᠬᠤᠰᠢ ᠳᠠᠬᠢᠳᠬᠤᠷᠢ ᠳᠤ ᠴᠢᠩᠬᠢᠰ ᠬᠠᠭᠠᠨ ᠠᠴᠠ᠄ ︽ᠨᠢᠬᠡᠨ ᠡᠳᠦᠷ ᠳᠡᠯᠡᠬᠡᠢ ᠳ᠋ᠠᠬᠢᠨ ᠮᠢᠨᠦ ᠪᠤᠯᠪᠠᠰᠤ ᠴᠢᠨᠦ ᠠᠴᠢ ᠲᠤᠰᠠ ᠶᠢ ᠭᠡᠷᠬᠢᠨ ᠬᠠᠷᠢᠭᠤᠯᠬᠤ ᠶᠢ ᠮᠦᠩᠬᠡ ᠲᠡᠭᠷᠢ ᠮᠡᠳᠡᠲᠦᠬᠡᠢ︾ ᠬᠡᠮᠡᠭᠰᠡᠨ ᠪᠦᠬᠡᠳ ᠲᠠᠶᠠᠨ ᠬᠠᠭᠠᠨ ᠢ ᠬᠠᠮᠲᠤ ᠪᠠᠷ ᠳᠠᠶᠢᠯᠠᠬᠤ ᠪᠠᠷ ᠪᠤᠯᠵᠤᠭᠰᠨ ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ ᠨᠢᠭᠤᠴᠠ ᠲᠤᠪᠴᠢᠶᠠᠨ︾᠂ ︽ᠪᠤᠭᠲᠠ ᠪᠠᠭᠠᠲᠤᠷ ᠤᠨ ᠪᠡᠶ᠎ᠠ ᠪᠠᠷ ᠳᠠᠶᠢᠯᠠᠭᠰᠠᠨ ᠲᠡᠮᠲᠡᠭᠯᠡᠯ︾ ᠵᠢᠴᠢ ︽ᠭᠤᠤ ᠲᠠᠩ ᠵᠦᠩ ᠰᠢᠶᠠᠨ ᠸᠠᠩ ᠤᠨ ᠬᠦᠰᠢᠶᠡᠨ ᠪᠢᠴᠢᠭ︾ ᠵᠡᠷᠭᠡ ᠲᠡᠥᠬᠡ ᠱᠠᠰᠲᠢᠷ ᠲᠤ ᠡᠨᠡ ᠲᠤᠬᠠᠢ ᠲᠡᠮᠲᠡᠭᠯᠡᠯ ᠴᠦᠮ ᠪᠤᠢ᠃ ᠴᠢᠩᠬᠢᠰ ᠬᠠᠭᠠᠨ ᠠᠯᠬᠤᠰᠢ ᠲᠠᠬᠢᠳᠬᠤᠷᠢ ᠶᠢᠨ ᠬᠦᠷᠬᠡᠭᠰᠡᠨ ᠵᠢᠷᠭᠤᠭᠠᠨ ᠪᠤᠲᠤᠩ ᠠᠷᠢᠬᠢ ᠶᠢ ᠰᠠᠴᠤᠯᠢ ᠡᠷᠬᠦᠨ ᠭᠤᠷᠪᠠᠨᠲᠠ ᠬᠡᠮ ᠡᠷᠬᠦᠵᠦ᠂ ᠨᠠᠢᠮᠠᠨ ᠠᠶᠢᠮᠠᠭ ᠢ ᠳᠠᠶᠢᠯᠠᠬᠤ ᠪᠠᠷ ᠶᠡᠭᠡ ᠴᠡᠷᠢᠭ ᠢᠶᠠᠨ ᠳᠠᠶᠢᠴᠢᠯᠠᠨ ᠮᠤᠷᠳᠠᠭᠠᠳ ᠬᠠᠷᠪᠤᠭᠰᠠᠨ ᠰᠤᠮᠤ ᠮᠡᠲᠦ ᠬᠠᠷᠢᠯᠲᠠ ᠦᠬᠡᠢ ᠪᠠᠷ ᠨᠠᠢᠮᠠᠨ ᠠᠶᠢᠮᠠᠭ ᠢ ᠬᠤᠷᠢᠶᠠᠮᠵᠢᠯᠠᠨ ᠲᠦᠪᠰᠢᠳᠬᠡᠵᠦ᠂ ᠮᠤᠩᠭᠤᠯ ᠤᠨ ᠶᠡᠭᠡ ᠬᠠᠭᠠᠨᠲᠤ ᠲᠤᠯᠭᠤᠷ ᠲᠦᠷᠦ ᠶᠢ ᠴᠤᠭᠴᠠᠯᠠᠭᠰᠠᠨ ᠪᠠᠶᠢᠨ᠎ᠠ᠃ ᠮᠤᠩᠭᠤᠯᠴᠤᠳ ᠡᠨᠡ ᠬᠦ ᠢᠯᠠᠯᠲᠠ ᠪᠠᠨ ᠲᠡᠥᠬᠡᠨ ᠳᠤ ᠦᠨᠢ ᠤᠳᠠᠭᠠᠨ ᠳᠤᠷᠠᠰᠴᠤ ᠲᠡᠮᠲᠡᠭᠯᠡᠬᠦ ᠶᠢᠨ ᠲᠦᠯᠦᠬᠡᠨ᠎ᠠ ᠴᠢᠩᠬᠢᠰ ᠬᠠᠭᠠᠨ ᠤ ᠠᠷᠢᠬᠢ ᠶᠢ ᠭᠤᠷᠪᠠᠨᠲᠠ ᠬᠡᠮ ᠡᠷᠬᠦᠵᠦ ᠰᠠᠴᠤᠯᠢ ᠰᠠᠴᠤᠭᠰᠠᠨ ᠢᠶᠠᠷ ᠪᠡᠯᠬᠡᠳᠡᠯ ᠪᠤᠯᠭᠠᠵᠤ᠂ ᠪᠠᠶᠠᠷ ᠳᠤᠷᠠᠰᠬᠠᠯ᠂ ᠨᠠᠶᠢᠷ ᠬᠤᠷᠢᠮ᠂ ᠳᠠᠶᠢᠯᠭ᠎ᠠ ᠲᠠᠬᠢᠯᠭ᠎ᠠ ᠵᠡᠷᠭᠡ ᠴᠤᠭᠯᠠᠭᠠᠨ ᠳᠤ ᠬᠦᠨᠳᠦᠳᠬᠡᠯ ᠤᠨ ᠶᠤᠰᠤ ᠪᠤᠯᠭᠠᠨ ᠠᠷᠢᠬᠢ ᠶᠢ ᠤᠷᠢᠳ ᠢᠶᠠᠷ ᠭᠤᠷᠪᠠᠨᠲᠠ ᠰᠡᠷᠵᠢᠮᠯᠡᠨ ᠰᠠᠴᠤᠯᠢ ᠡᠷᠬᠦᠬᠦ ᠪᠤᠯᠵᠠᠢ᠃ ᠮᠦᠨ ᠠᠶᠠᠨ ᠵᠠᠮ ᠳᠤ ᠭᠠᠷᠬᠤ ᠳᠠᠭᠠᠨ ᠮᠤᠷᠳᠠᠭᠤᠯ ᠤᠨ ᠠᠷᠢᠬᠢ ︽ᠲᠦᠷᠦᠬᠡᠨ ᠠᠷᠢᠬᠢ︾ ᠬᠡᠵᠦ ᠠᠷᠢᠬᠢ ᠶᠢ ᠭᠤᠷᠪᠠᠨᠲᠠ ᠬᠡᠮᠨᠡᠨ ᠰᠠᠴᠤᠯᠢ ᠡᠷᠬᠦᠵᠦ ᠮᠤᠷᠳᠠᠭᠤᠯᠬᠤ ᠵᠠᠩᠰᠢᠯ ᠪᠤᠢ ᠪᠤᠯᠵᠤ᠂ ᠡᠨᠡ ᠨᠢ ᠤᠳᠤ ᠪᠤᠯᠲᠠᠯ᠎ᠠ ᠤᠯᠠᠮᠵᠢᠯᠠᠭᠳᠠᠵᠤ ᠪᠠᠶᠢᠨ᠎ᠠ᠃ ᠮᠤᠩᠭᠤᠯ ᠤᠨ ᠰᠠᠴᠡᠨ ᠬᠠᠭᠠᠨ ᠠᠶᠢᠮᠠᠭ ᠤᠨ ᠵᠠᠷᠢᠮ ᠬᠤᠰᠢᠭᠤ ᠳᠤ ︽ᠦᠨᠡᠭᠡ ᠳᠤ ᠬᠤᠶᠠᠷ ᠴᠢᠬᠢ ᠲᠠᠢ ᠶᠤᠮ᠂ ᠦᠳᠡ ᠶᠢᠨ ᠬᠤᠨᠳᠠᠭ᠎ᠠ ᠭᠤᠷᠪᠠ ᠪᠠᠶᠢᠳᠠᠭ᠃ ᠮᠤᠷᠢᠨ ᠳᠤ ᠬᠤᠶᠠᠷ ᠴᠢᠬᠢ ᠲᠠᠢ ᠰᠢᠦ᠂ ᠮᠤᠷᠳᠠᠭᠤᠯᠬᠤ ᠬᠤᠨᠳᠠᠭ᠎ᠠ ᠭᠤᠷᠪᠠ ᠶᠤᠮ︾ ᠬᠡᠵᠦ ᠭᠤᠷᠪᠠᠨ ᠬᠤᠨᠳᠠᠭ᠎ᠠ ᠠᠷᠢᠬᠢ ᠪᠠᠷᠢᠵᠤ ᠮᠤᠷᠳᠠᠭᠤᠯᠬᠤ ︽ᠮᠤᠯᠤᠷ ᠤᠨ ᠠᠷᠢᠬᠢ︾ ᠪᠠᠶᠢᠳᠠᠭ ᠵᠠᠩ ᠵᠢᠷᠤᠮ ᠢ ᠪᠠᠰᠠ ᠵᠠᠷᠢᠮ ᠮᠠᠲᠧᠷᠢᠶᠠᠯ ᠳᠤ ᠲᠡᠮᠲᠡᠭᠯᠡᠵᠦ ᠪᠤᠢ᠃ ᠳᠡᠭᠡᠲᠦ ᠮᠤᠩᠭᠤᠯᠴᠤᠳ ︽ᠳᠤᠰᠤᠯᠠᠪᠠᠯ ᠳᠤᠯᠤᠭᠠᠨ ᠬᠤᠨᠳᠠᠭ᠎ᠠ᠂ ᠠᠰᠠᠬᠠᠪᠠᠯ ᠠᠷᠪᠠᠨ ᠬᠤᠨᠳᠠᠭ᠎ᠠ︾ ᠬᠡᠵᠦ ᠠᠷᠢᠬᠢ ᠱᠠᠯᠠᠬᠤ ᠳᠤ ᠪᠠᠰᠠ ︽ᠴᠢᠩᠬᠢᠰ ᠬᠠᠭᠠᠨ ᠤ ᠴᠢᠨᠳᠠᠮᠤᠨᠢ ᠶᠢᠨ ᠭᠤᠷᠪᠠ︾ ᠪᠠᠷ ᠭᠤᠷᠪᠠᠨ ᠬᠤᠨᠳᠠᠭ᠎ᠠ ᠬᠡᠮᠨᠡᠳᠡᠭ ᠪᠠᠶᠢᠨ᠎ᠠ᠃ ᠮᠤᠩᠭᠤᠯᠴᠤᠳ ᠤᠨ ᠠᠷᠢᠬᠢ ᠶᠢ ᠭᠤᠷᠪᠠᠨᠲᠠ ᠰᠡᠷᠵᠢᠮᠯᠡᠨ ᠰᠠᠴᠤᠯᠢ ᠡᠷᠬᠦᠬᠦ ᠪᠤᠯᠪᠠᠰᠤᠨ ᠵᠠᠩᠰᠢᠯ ᠢ ᠬᠠᠷᠢ ᠤᠯᠤᠰ ᠤᠨ ᠵᠢᠭᠤᠯᠴᠢᠯᠠᠭᠴᠢ ᠸᠢᠯᠢᠶᠡᠮ᠂ ᠷᠦᠪᠷᠤᠩ ᠬᠠᠮᠤᠭ ᠤᠨ ᠲᠦᠷᠦᠬᠦᠨ ᠳᠤ ᠳᠡᠯᠡᠬᠡᠢ ᠨᠡᠶᠢᠲᠡ ᠳᠤ ᠮᠡᠳᠡᠬᠡᠯᠡᠵᠦ ᠲᠠᠨᠢᠯᠴᠠᠭᠤᠯᠵᠠᠢ᠃ ︽ᠲᠡᠲᠡ ᠬᠤᠷᠢᠮ ᠨᠠᠶᠢᠷ ᠬᠢᠵᠦ ᠳᠠᠷᠠᠰᠤ ᠤᠤᠭᠤᠬᠤ ᠳᠠᠭᠠᠨ ᠤᠷᠢᠳ ᠢᠶᠠᠷ ᠭᠡᠷ ᠤᠨ ᠡᠵᠡᠨ ᠤ ᠳᠡᠭᠡᠷ᠎ᠠ ᠲᠠᠯ ᠎ᠠ ᠶᠢᠨ ᠤᠩᠭᠤᠳ ᠲᠤ ᠠᠷᠢᠬᠢ ᠳᠡᠭᠡᠵᠢ ᠪᠠᠨ ᠡᠷᠬᠦᠵᠦ᠂ ᠪᠤᠰᠤᠳ ᠤᠩᠭᠤᠳ ᠲᠠᠭᠠᠨ ᠮᠦᠨ ᠳᠡᠰ ᠳᠠᠷᠠᠭᠠᠯᠠᠨ ᠰᠡᠷᠵᠢᠮ ᠡᠷᠬᠦᠨ᠎ᠡ᠃ ᠳᠠᠷᠠᠭ᠎ᠠ ᠨᠢ ᠨᠢᠬᠡᠨ ᠵᠠᠷᠤᠴᠠ ᠮᠤᠳᠤᠨ ᠠᠶᠠᠭᠠᠨ ᠳᠤ ᠮᠡᠯᠮᠡᠯᠵᠡᠲᠡᠯ᠎ᠡ ᠠᠷᠢᠬᠢ ᠰᠦᠩᠨᠡᠨ ᠭᠠᠳᠠᠨ᠎ᠠ ᠭᠠᠷᠴᠤ᠂ ᠡᠮᠦᠨ᠎ᠡ ᠵᠦᠭ ᠲᠤ ᠬᠠᠨᠲᠤᠵᠤ ᠭᠠᠵᠠᠷ ᠰᠦᠬᠦᠳᠴᠦ ᠭᠤᠷᠪᠠᠨᠲᠠ ᠮᠦᠷᠬᠦᠬᠦ ᠶᠢᠨ ᠳᠠᠭᠠᠥ ᠠᠷᠢᠬᠢ ᠪᠠᠨ ᠭᠤᠷᠪᠠᠨᠲᠠ ᠰᠡᠷᠵᠢᠮᠯᠡᠨ ᠡᠷᠬᠦᠨ᠎ᠡ︾ ᠬᠡᠵᠦ ︽ᠮᠤᠩᠭᠤᠯ ᠳᠤ ᠵᠢᠭᠤᠯᠴᠢᠯᠠᠭᠰᠠᠨ ᠲᠡᠮᠲᠡᠭᠯᠡᠯ︾ ᠳᠡᠭᠡᠨ ᠨᠠᠷᠢᠯᠢᠭ ᠲᠡᠮᠲᠡᠭᠯᠡᠵᠡᠢ᠃     1999 ᠤᠨ ᠳᠤ ᠪᠢᠳᠡ ᠮᠤᠩᠭᠤᠯ ᠤᠯᠤᠰ ᠤᠨ ᠵᠤᠴᠢᠳ ᠢ ᠬᠦᠯᠢᠶᠡᠨ ᠠᠪᠴᠤ᠂ ᠠᠷᠢᠬᠢ ᠪᠠᠷᠢᠨ ᠰᠡᠷᠵᠢᠮᠯᠡᠬᠦ ᠦᠶ ᠎ᠡ ᠳᠤ ᠲᠡᠲᠡ᠄ ︽ᠮᠠᠨ ᠤ ᠮᠤᠩᠭᠤᠯ ᠤᠯᠤᠰ ᠤᠨ ᠬᠢᠨ ᠵᠡᠬᠦᠨ ᠭᠠᠷ ᠭᠭᠢᠷ ᠦᠬᠡᠢ᠂ ᠠᠷᠢᠭᠤᠨ ᠬᠡᠮᠡᠨ ᠵᠡᠬᠦᠨ ᠭᠠᠷ ᠢᠶᠠᠷ ᠢᠶᠠᠨ ᠠᠷᠢᠬᠢ ᠰᠡᠷᠵᠢᠮᠯᠡᠨ᠎ᠡ᠃ ᠰᠡᠷᠵᠢᠮᠯᠡᠨ ᠰᠠᠴᠤᠯᠢ ᠡᠷᠬᠦᠬᠦ ᠳᠤ ᠳᠡᠭᠡᠭᠰᠢ ᠬᠦᠬᠡ ᠮᠦᠩᠬᠡ ᠲᠡᠭᠷᠢ ᠳᠤ᠂ ᠳᠤᠷᠤᠭᠰᠢ ᠬᠦᠷᠦᠰᠦᠲᠦ ᠠᠯᠲᠠᠨ ᠳᠡᠯᠡᠬᠡᠢ ᠳᠤ᠂ ᠲᠡᠷᠭᠡᠳᠡᠬᠢ ᠭᠠᠯ ᠭᠤᠯᠤᠮᠲᠠ ᠳ᠋ᠭᠠᠨ ᠭᠡᠵᠦ ᠭᠤᠷᠪᠠᠨᠲᠠ ᠰᠡᠷᠵᠢᠮᠯᠡᠨ᠎ᠡ︾ ᠬᠡᠵᠦ ᠶᠠᠷᠢᠭᠰᠠᠨ ᠪᠢᠯᠡ᠂ ᠬᠠᠯᠢᠮᠠᠭᠴᠤᠳ ᠴᠦ ᠠᠷᠢᠬᠢ ᠳᠠᠷᠠᠰᠤ ᠶᠢ ᠠᠪᠤᠮᠠᠭᠴᠠ ᠤᠤᠭᠤᠬᠤ ᠶᠢ ᠠᠷᠢᠬᠢᠨ ᠴᠢᠳᠭᠦᠷ ᠬᠡᠮᠡᠨ ᠡᠯᠡᠭ ᠳᠤᠭᠤᠬᠢ ᠪᠤᠯᠭᠠᠨ ᠭᠤᠱᠤᠩᠨᠠᠨ ᠱᠤᠭᠯᠠᠳᠠᠭ ᠭᠡᠬᠦ ᠶᠤᠮ᠃ ᠲᠡᠲᠡ ᠴᠦ ᠤᠷᠢᠳ ᠢᠶᠠᠷ ᠪᠤᠭᠤᠷᠤᠯᠴᠤᠳ ᠲᠠᠭᠠᠨ ᠠᠷᠢᠬᠢ ᠪᠠᠨ ᠬᠡᠮᠨᠡᠨ ᠪᠠᠷᠢᠵᠤ᠂ ᠳᠠᠷᠠᠭ᠎ᠠ ᠳᠤᠨᠢ ᠭᠤᠷᠪᠠᠨᠲᠠ ᠰᠠᠴᠤᠯᠢ ᠡᠷᠬᠦᠨ ᠶᠤᠰᠤ ᠵᠢᠷᠤᠮ ᠢᠶᠠᠨ ᠬᠦᠢᠴᠡᠳᠬᠡᠬᠡᠳ ᠠᠮᠰᠠᠨ ᠵᠤᠭᠤᠭᠯᠠᠳᠠᠭ ᠬᠡᠵᠦ ᠵᠠᠭᠤᠴᠢᠯᠠᠭᠤᠷ ᠤᠨ ᠬᠢᠨ ᠳᠤ ᠮᠡᠳᠡᠬᠡᠯᠡᠭᠰᠡᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号