ᠬᠤᠷᠴᠢᠨ ᠪᠠᠷᠠᠭᠤᠨ ᠭᠠᠷᠣᠨ ᠲᠤᠮᠳᠠᠲᠦ ᠬᠤᠰᠢᠭᠤ ᠪᠤᠯᠪᠠᠰᠤᠷᠠᠯ ᠡᠷᠭᠢᠯᠡᠵᠦ ᠪᠠᠭᠰᠢ ᠨᠡᠷ ᠤᠨ ᠵᠢᠭᠠᠨ ᠰᠣᠷᠭᠠᠬᠤ ᠴᠢᠳᠠᠪᠣᠷᠢ ᠶᠢ ᠲᠡᠭᠡᠭᠰᠢᠯᠡᠭᠦᠯᠵᠠᠢ
ᠨᠡᠶᠢᠲᠡᠯᠡᠭᠰᠡᠨ ᠴᠠᠭ᠄
2020/12/11
       ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠰᠣᠷᠭᠠᠨ ᠭᠥᠮᠥᠵᠢᠯ ᠤᠨ ᠲᠣᠪᠴᠢᠶ᠎ᠠ ᠦᠢᠷ᠎ᠠ ᠳᠤ ᠂ ᠪᠠᠶᠠᠨᠬᠤᠰᠢᠭᠤ ᠨᠢᠭᠡᠳᠥᠬᠡᠷ ᠲᠣᠮᠳᠠᠳᠣ ᠰᠣᠷᠭᠠᠭᠤᠯᠢ ᠶᠢᠨ ᠣᠯᠠᠨ ᠴᠢᠳᠠᠪᠬᠢᠳᠣ ᠲᠢᠩᠭᠢᠮ ᠳᠤ ᠭᠤᠷᠪᠠᠳᠣᠭᠠᠷ ᠬᠤᠭᠤᠴᠠᠭᠠᠨ ᠤ ︽ᠪᠥᠭᠦ ᠬᠤᠰᠢᠭᠤᠨ ᠤ ᠲᠣᠮᠳᠠᠳᠣ ᠪᠠᠭ᠎ᠠ ᠰᠣᠷᠭᠠᠭᠤᠯᠢ ᠶᠢᠨ ᠪᠠᠭᠰᠢ ᠨᠡᠷ ᠤᠨ ᠵᠢᠭᠠᠨ ᠰᠣᠷᠭᠠᠬᠤ ᠴᠢᠳᠠᠪᠣᠷᠢ ᠶᠢ ᠲᠡᠭᠡᠭᠰᠢᠯᠡᠭᠦᠯᠭᠦ ᠪᠣᠯᠪᠠᠰᠣᠷᠠᠯ︾ ᠡᠷᠭᠢᠯᠡᠪᠡ᠃        ᠲᠣᠰ ᠣᠳᠠᠭᠠᠨ ᠤ ᠪᠣᠯᠪᠠᠰᠣᠷᠠᠯ ᠳᠤ ᠪᠠᠨ ᠥᠪᠣᠷ ᠮᠣᠩᠭᠤᠯ ᠤᠨ ᠰᠤᠷᠭᠠᠨ ᠬᠦᠮᠦᠵᠢᠯ ᠤᠨ ᠲᠢᠩᠭᠢᠮ ᠤᠨ ᠵᠢᠭᠠᠬᠤ ᠶᠢ ᠰᠣᠳᠣᠯᠬᠤ ᠬᠡᠷ ᠤᠨ ᠰᠣᠳᠣᠯᠭᠠᠳᠠᠨ ᠰᠡᠷᠭᠦᠯᠡᠩ ᠪᠠᠭᠰᠢ ᠶᠢ ᠤᠷᠢᠵᠦ᠂ ︽ᠰᠡᠳᠭᠢᠯ ᠤᠨ ᠪᠤᠳᠤᠯ ᠢᠶᠠᠨ ᠬᠡᠷᠭᠢᠨ ᠠᠷᠢᠯᠭᠠᠬᠤ ᠪᠣᠢ︾ ᠬᠡᠭᠦ ᠲᠣᠰᠬᠠᠢ ᠰᠡᠳᠣᠪ ᠢᠶᠠᠷ ᠬᠠᠭᠠᠰ ᠡᠳᠣᠷ ᠤᠨ ᠲᠠᠶᠢᠯᠣᠮᠵᠢ ᠬᠢᠯᠭᠡᠵᠡᠢ᠃ ᠰᠡᠷᠭᠦᠯᠡᠩ ᠪᠠᠭᠰᠢ ᠲᠠᠶᠢᠯᠣᠮᠵᠢ ᠪᠠᠨ ︽ᠬᠠᠮᠤᠭ ᠤᠨ ᠲᠥᠭᠦᠮ ᠠᠷᠢᠯᠭᠠᠯ︾᠂ ︽ᠲᠣᠣᠷᠠᠳᠣ ᠲᠡᠰ ᠤᠨ ᠠᠷᠢᠯᠭᠠᠯ︾᠂ ︽ᠲᠣᠮᠳᠡ ᠲᠡᠰ ᠤᠨ ᠠᠷᠢᠯᠭᠠᠯ︾᠂ ︽ᠲᠡᠭᠡᠳᠣ ᠲᠡᠰ ᠤᠨ ᠠᠷᠢᠯᠭᠠᠯ︾ ᠬᠡᠵᠣ ᠲᠥᠷᠪᠡᠨ ᠬᠡᠰᠡᠭ ᠬᠤᠪᠢᠶᠠᠵᠣ᠂ ᠠᠮᠢᠳᠣᠷᠠᠯ ᠠᠵᠢᠯ ᠳᠠᠬᠢ ᠪᠣᠳᠠᠳᠣ ᠣᠴᠢᠷ ᠢᠶᠠᠷ ᠡᠰᠢ ᠲᠠᠳᠠᠵᠣ᠂ ᠱᠤᠭ ᠶᠥᠮᠦᠷᠯᠢᠭ᠂ ᠠᠮᠢᠳᠣ ᠲᠥᠷᠰᠦᠯᠢᠭ᠂ ᠲᠣᠳᠣ ᠣᠶᠢᠯᠠᠭᠠᠮᠵᠢᠳᠠᠢ ᠲᠠᠶᠢᠯᠪᠣᠷᠢᠯᠠᠵᠣ᠂ ᠬᠢᠴᠢᠶᠡᠯ ᠰᠣᠨᠣᠰᠣᠭᠰᠠᠨ ᠪᠠᠭᠰᠢ ᠨᠠᠷ ᠤᠨ ᠠᠵᠢᠯ ᠤᠨ ᠲᠠᠷᠣᠭᠠᠰᠣ ᠶᠢ ᠭᠥᠩᠬᠡᠷᠡᠬᠦᠯᠤᠨ ᠰᠡᠳᠭᠢᠯ ᠤᠨ ᠬᠤᠭ ᠢ ᠨᠢ ᠠᠷᠢᠯᠭᠠᠵᠣ᠂ ᠣᠷᠮ᠎ᠠ ᠪᠠᠶᠠᠰᠣᠯ ᠲᠠᠢ ᠪᠠᠷ ᠠᠵᠢᠯᠯᠠᠬᠤ ᠢᠳᠡᠭᠡᠯ ᠵᠣᠷᠢᠭ ᠢ ᠨᠢ ᠬᠦᠪᠴᠢᠯᠡᠵᠡᠢ᠃ ᠣᠨᠴᠠᠭᠠᠶᠢᠯᠠᠨ ᠠᠵᠢᠯ ᠣᠶᠢᠯᠡᠰ ᠤᠨ ᠢᠶᠠᠨ ᠲᠦᠯᠦᠭᠡ ᠬᠡᠷᠭᠢᠨ ᠲᠡᠮᠡᠤᠯᠬᠦ᠂ ᠰᠣᠷᠣᠭᠴᠢ ᠪᠠᠨ ᠬᠡᠷᠭᠢᠨ ᠰᠣᠷᠭᠠᠵᠣ ᠭᠥᠮᠥᠵᠢᠭᠦᠯᠬᠦ᠂ ᠰᠣᠷᠣᠯᠭ᠎ᠠ ᠭᠥᠴᠢᠷᠳᠡᠯ ᠲᠠᠢ ᠰᠣᠷᠣᠭᠴᠢ ᠶᠢ ᠬᠡᠷᠭᠢᠨ ᠬᠢᠴᠢᠶᠡᠯ ᠰᠣᠷᠣᠯᠭ᠎ᠠ ᠳᠤ ᠨᠢ ᠣᠷᠮᠠᠰᠢᠭᠤᠯᠬᠤ ᠲᠣᠬᠠᠢ ᠨᠠᠷᠢᠨ ᠲᠠᠶᠢᠯᠪᠣᠷᠢᠯᠠᠵᠣ᠂ ᠪᠠᠭᠰᠢ ᠨᠠᠷ ᠲᠤ ᠵᠢᠭᠠᠨ ᠰᠣᠷᠭᠠᠬᠤ ᠴᠣ ᠰᠢᠨ᠎ᠡ ᠦᠢᠯᠠᠭᠠᠬᠳᠠᠬᠤᠨ ᠢ ᠲᠠᠨᠢᠯᠴᠠᠭᠤᠯᠪᠡ᠃ ᠥᠳᠡ ᠶᠢᠨ ᠬᠤᠶᠢᠨ᠎ᠠ ᠨᠢ ᠠᠶᠢᠮᠠᠭ ᠤᠨ ᠵᠢᠭᠠᠬᠤ ᠶᠢ ᠰᠣᠳᠣᠯᠬᠤ ᠬᠡᠷ ᠤᠨ ᠰᠣᠳᠣᠯᠭᠠᠳᠠᠨ ᠰᠥᠨ ᠭᠥᠸᠧ ᠯᠢᠨ ᠪᠠᠭᠰᠢ ᠤᠳᠤᠬᠠᠨ ᠤ ᠬᠢᠴᠢᠶᠡᠯ ᠤᠨ ᠪᠠᠷᠢᠮᠵᠢᠶ᠎ᠡ ᠶᠢ ᠥᠨᠳᠣᠰᠣᠯᠠᠵᠣ᠂ ᠪᠠᠭᠰᠢ ᠨᠠᠷ ᠤᠨ ᠵᠢᠭᠠᠨ ᠰᠣᠷᠭᠠᠯᠳᠡ ᠶᠢᠨ ᠰᠢᠨ᠎ᠡ ᠴᠠᠭ ᠤᠨ ᠱᠠᠭᠠᠷᠳᠠᠯᠭ᠎ᠠ ᠳᠤ ᠵᠣᠬᠢᠴᠠᠭᠤᠯᠣᠨ᠂ ︽ᠵᠢᠭᠠᠬᠤ ᠰᠣᠷᠬᠤ ᠥᠨᠡᠯᠡᠭᠦ ᠳᠤ ᠰᠠᠭᠤᠷᠢᠯᠠᠵᠣ ᠨᠢᠭᠡᠳᠥᠯᠳᠥ ᠴᠢᠨᠠᠷ ᠲᠠᠢ ᠵᠢᠭᠠᠨ ᠰᠣᠷᠭᠠᠯᠳᠡ ᠶᠢ ᠬᠡᠷᠬᠢᠨ ᠲᠥᠯᠥᠪᠯᠡᠭᠦ︾ ᠲᠤᠬᠠᠢ ᠲᠣᠭᠠᠨ ᠤ ᠣᠬᠠᠭᠠᠨ᠂ ᠶᠣᠰᠣ ᠰᠣᠷᠳᠠᠬᠤᠨ ᠵᠢᠴᠢ ᠬᠠᠣᠯᠢ ᠪᠠᠷ ᠵᠠᠰᠠᠬᠤ ᠲᠤᠬᠠᠢ ᠲᠠᠶᠢᠯᠣᠮᠵᠢ ᠬᠢᠵᠡᠢ᠃       ᠲᠤᠰ ᠣᠳᠠᠭᠠᠨ ᠤ ᠪᠣᠯᠪᠠᠰᠣᠷᠠᠯ ᠨᠢ ᠪᠠᠭᠰᠢ ᠨᠠᠷ ᠲᠤ ᠮᠠᠰᠢ ᠲᠠᠭᠠᠯᠠᠭᠳᠠᠠᠵᠣ᠂ ᠰᠡᠳᠭᠢᠯ ᠤᠨ ᠪᠤᠳᠤᠯ ᠢᠶᠠᠨ ᠠᠷᠢᠯᠭᠠᠵᠦ᠂ ᠵᠢᠭᠠᠨ ᠰᠣᠷᠭᠠᠬᠤ ᠦᠢᠯᠠᠭᠠᠬᠳᠠᠬᠤᠨ ᠢᠶᠠᠨ ᠰᠢᠨᠡᠴᠢᠯᠡᠵᠣ᠂ ᠵᠢᠭᠠᠨ ᠰᠤᠷᠭᠠᠬᠤ ᠠᠵᠢᠯ ᠳᠤ ᠪᠠᠨ ᠥᠨᠳᠣᠷ ᠪᠥᠳᠥᠮᠵᠢ ᠭᠠᠷᠭᠠᠬᠤ ᠳᠤ ᠨᠢ ᠠᠬᠢᠭᠤᠯᠬᠤ ᠥᠢᠯᠡᠳᠣᠯ ᠦᠵᠡᠭᠦᠯᠦᠭᠰᠡᠨ ᠪᠠᠶᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号