ᠮᠠ ᠸᠠᠨ ᠪᠤᠤ ᠵᠢᠨ ᠵᠢᠷᠭᠠᠯᠳᠤ ᠠᠮᠢᠳᠤᠷᠠᠯ
ᠨᠡᠶᠢᠲᠡᠯᠡᠭᠰᠡᠨ ᠴᠠᠭ᠄
2020-06-24
      ᠵᠤᠨ ᠤ ᠳᠤᠯᠠᠭᠠᠨ ᠨᠠᠷᠠ ᠭᠡᠭᠡᠨ ᠳᠤᠩᠭᠠᠯᠠᠭ ᠰᠢᠯ ᠴᠤᠩᠬᠤ ᠵᠢ ᠨᠡᠪᠳᠡᠯᠦᠨ᠂ ᠮᠠ ᠸᠠᠨ ᠪᠤᠤ ᠵᠢᠨ ᠭᠡᠷ ᠲᠠᠬᠢ ᠪᠠᠳᠠᠷᠠᠨ ᠳᠡᠯᠭᠡᠷᠡᠵᠤ ᠪᠠᠶᠢᠭ᠎ᠠ ᠴᠡᠴᠡᠭ ᠳᠡᠭᠡᠷ᠎ᠡ ᠳᠤᠰᠴᠤ᠂ ᠭᠡᠷ ᠤᠨ ᠡᠵᠡᠨ ᠤ ᠠᠵᠤ ᠠᠮᠢᠳᠤᠷᠠᠯ ᠤᠨ ᠦᠭᠡᠳᠡ ᠡᠰᠡᠷᠡᠭ ᠪᠠᠶᠢᠬᠤ ᠵᠢ ᠪᠡᠯᠭᠡᠳᠡᠨ᠎ᠡ᠃       ᠭᠡᠷ ᠤᠨ ᠡᠵᠡᠨ ᠮᠠ ᠸᠠᠨ ᠪᠤᠤ ᠴᠤᠩᠬᠤᠨ ᠳᠠᠶᠢᠰᠠ ᠪᠠᠨ ᠠᠷᠴᠢᠬᠤ ᠵᠢᠨ ᠳᠠᠭᠠᠤ ᠮᠠᠨ ᠳᠤ ᠠᠮᠢᠳᠤᠷᠠᠯ ᠤᠨ ᠪᠠᠶᠢᠳᠠᠯ ᠵᠶᠠᠨ ᠳᠠᠨᠢᠯᠴᠠᠭᠤᠯᠤᠨ᠎ᠠ᠃ ᠮᠠ ᠸᠠᠨ ᠪᠤᠤ ᠪᠤᠯ ᠵᠠᠯᠠᠶᠢᠳ ᠬᠤᠰᠢᠭᠤᠨ ᠤ ᠪᠠᠶ᠋ᠬᠠᠤᠯᠠᠭᠠᠨ ᠰᠤᠮᠤ ᠵᠢᠨ ᠪᠠᠶ᠋ᠬᠠᠤᠯᠠᠭᠠᠨ ᠭᠠᠴᠠᠭᠠᠨ ᠤ ᠠᠷᠠᠳ᠃ ᠳᠦᠷᠪᠡᠨ ᠵᠢᠯ ᠤᠨ ᠡᠮᠦᠨ᠎ᠡ᠂ ᠮᠠ ᠸᠠᠨ ᠪᠤᠤ ᠵᠢᠨ ᠤᠷᠤᠯᠭ᠎ᠠ ᠨᠢ ᠵᠠᠷᠤᠯᠭ᠎ᠠ ᠳᠠᠭᠠᠨ ᠬᠦᠷᠬᠦ ᠦᠭᠡᠢ ᠭᠠᠷ ᠳᠠᠳᠠᠭᠤ ᠠᠮᠢᠳᠤᠷᠠᠨ᠂ ᠵᠦᠪᠬᠡᠨ ᠳᠠᠷᠢᠶᠠᠨ ᠠᠵᠢᠯ ᠬᠢᠭᠡᠳ ᠤᠯᠤᠭᠰᠠᠨ ᠨᠢᠮᠭᠡᠨ ᠤᠷᠤᠯᠭ᠎ᠠ ᠨᠢ ᠡᠪᠡᠳᠴᠢᠯᠡᠭᠡᠳ ᠤᠷᠤᠨ ᠳᠡᠭᠡᠷ᠎ᠡ ᠪᠠᠨ ᠬᠡᠪᠳᠡᠵᠤ ᠪᠠᠶᠢᠭ᠎ᠠ ᠡᠬᠡᠨᠡᠷ ᠤᠨ ᠵᠶᠠᠨ ᠡᠮ ᠳᠠᠩ ᠤᠨ ᠵᠠᠷᠤᠳᠠᠯ ᠢ ᠳᠤᠰᠢᠶᠠᠬᠤ ᠳᠤ ᠬᠦᠴᠢᠷᠳᠡᠵᠤ᠂ ᠦᠷᠢ ᠰᠢᠷᠢ ᠨᠢ ᠦᠰᠦᠨ ᠡᠴᠠ ᠨᠢ ᠵᠤᠵᠠᠭᠠᠨ ᠪᠤᠯᠵᠠᠢ᠃ ᠶᠠᠭ ᠠᠷᠭ᠎ᠠ ᠮᠤᠬᠤᠷᠳᠠᠵᠤ ᠪᠠᠶᠢᠭᠰᠠᠨ ᠦᠶ᠎ᠡ ᠳᠤ ︽ᠤᠨᠢᠨ ᠳᠡᠭᠡᠷ᠎ᠡ ᠨᠢ ᠶᠠᠳᠠᠭᠤ ᠵᠢ ᠳᠡᠳᠬᠦᠬᠦ︾ ᠤᠷᠢᠬᠠᠨ ᠰᠠᠯᠬᠢ ᠮᠠ ᠸᠠᠨ ᠪᠤᠤ ᠵᠢᠨ ᠭᠡᠷ ᠢ ᠳᠤᠯᠠᠭᠠᠯᠠᠵᠤ᠂ 2016 ᠤᠨ ᠳᠤ ᠳᠡᠳᠡᠨ ᠤ ᠬᠢᠨ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠳᠡᠢ ᠡᠷᠦᠬᠡ ᠪᠠᠷ ᠳᠤᠭᠳᠠᠭᠠᠭᠳᠠᠵᠤ᠂ ᠳᠡᠷᠡ ᠡᠳᠦᠷ ᠡᠴᠠ ᠡᠬᠢᠯᠡᠨ ᠮᠠ ᠸᠠᠨ ᠪᠤᠤ ᠵᠢᠨ ᠠᠮᠢᠳᠤᠷᠠᠯ ᠡᠳᠦᠷ ᠡᠴᠠ ᠡᠳᠦᠷ ᠦᠭᠡᠳᠡᠯᠡᠵᠡᠢ᠃ ᠳᠠᠩᠰᠠᠯᠠᠵᠤ ᠺᠠᠷᠲᠯᠠᠭᠰᠠᠨ ᠶᠠᠳᠠᠭᠤ ᠡᠷᠦᠬᠡ ᠳᠤ ᠤᠷᠤᠭᠰᠠᠨ ᠡᠬᠢᠨ ᠤ ᠦᠶ᠎ᠡ ᠳᠤ ᠮᠠ ᠸᠠᠨ ᠪᠤᠤ ᠵᠢᠨ ᠪᠤᠳᠠᠳᠠᠢ ᠪᠠᠶᠢᠳᠠᠯ ᠢ ᠨᠡᠩ ᠨᠠᠷᠢᠨ ᠳᠤᠳᠤᠷᠬᠠᠢ ᠤᠢᠢᠯᠠᠭᠠᠬᠤ ᠵᠢᠨ ᠳᠦᠯᠦᠭᠡ᠂ ᠰᠤᠮᠤ ᠭᠠᠴᠠᠭᠠᠨ ᠤ ᠺᠠᠳ᠋ᠷ ᠪᠤᠯᠤᠨ ᠬᠠᠪᠰᠤᠷᠤᠨ ᠳᠡᠳᠬᠦᠬᠦ ᠬᠠᠷᠢᠭᠤᠴᠠᠯᠭᠠᠳᠠᠨ ᠳᠡᠳᠡᠨ ᠤ ᠬᠢᠨ ᠤ ᠪᠠᠶᠢᠩᠭᠤ ᠵᠤᠴᠢᠨ ᠪᠤᠯᠵᠠᠢ       — ᠮᠠ ᠠᠪᠠᠭ᠎ᠠ ᠡ᠂ ᠪᠢ ᠳᠠᠨ ᠳᠤ ᠡᠮ ᠡᠮᠨᠡᠯᠭᠡ ᠵᠢᠨ ᠪᠠᠳᠤᠯᠠᠭ᠎ᠠ ᠵᠢᠨ ᠳᠦᠷᠦ ᠵᠢᠨ ᠪᠤᠳᠤᠯᠭ᠎ᠠ ᠵᠢ ᠶᠠᠷᠢᠶ᠎ᠠ᠂ ᠵᠠᠪᠠᠯ ᠳᠤᠳᠤᠷᠬᠠᠢ ᠴᠡᠭᠡᠵᠢᠯᠡᠨ᠎ᠡ ᠰᠢᠤ︕      — ᠴᠢᠮ᠎ᠠ ᠳᠤ ᠶᠠᠭᠤ ᠬᠡᠷᠡᠭ ᠲᠠᠢ ᠪᠤᠢ︖      — ᠤᠳᠤ ᠶᠠᠮᠠᠷ ᠬᠦᠴᠢᠷᠳᠡᠯ ᠪᠠᠶᠢᠬᠤ ᠪᠤᠢ︖ ᠭᠡᠵᠤ ᠳᠤᠰᠬᠤᠨ ᠳᠤ ᠰᠠᠭᠤᠭ᠎ᠠ ᠺᠠᠳ᠋ᠷ ᠪᠤᠯᠤᠨ ᠬᠠᠪᠰᠤᠷᠤᠨ ᠳᠡᠳᠬᠦᠬᠦ ᠬᠠᠷᠢᠭᠤᠴᠠᠯᠭᠠᠳᠠᠨ ᠨᠠᠷ ᠤᠨ ᠴᠢᠩ ᠰᠡᠳᠭᠢᠯ ᠤᠨ ᠬᠠᠯᠠᠮᠵᠢᠯᠠᠯ ᠮᠠ ᠸᠠᠨ ᠪᠤᠤ ᠵᠢᠨ ᠬᠢᠨ ᠳᠤ ᠬᠦᠰᠡᠯ ᠵᠤᠷᠢᠭ ᠤᠯᠭᠤᠵᠠᠢ᠃ ᠮᠠ ᠸᠠᠨ ᠪᠤᠤ ᠵᠢᠨ ᠦᠢᠯᠡᠳᠪᠦᠷᠢᠯᠡᠯ ᠠᠮᠢᠳᠤᠷᠠᠯ ᠤᠨ ᠪᠠᠶᠢᠳᠠᠯ ᠢ ᠳᠦᠢᠯᠪᠤᠷᠢᠳᠠᠢ ᠬᠤᠪᠢᠷᠠᠭᠤᠯᠵᠤ᠂ ᠶᠠᠳᠠᠭᠤ ᠡᠴᠠ ᠪᠠᠨ ᠠᠩᠬᠢᠵᠢᠷᠠᠨ ᠪᠠᠶᠠᠵᠢᠬᠤ ᠢᠳᠡᠭᠡᠯ ᠵᠤᠷᠢᠭ ᠢ ᠪᠦᠬᠦ ᠳᠠᠯ᠎ᠠ ᠪᠠᠷ ᠬᠦᠪᠴᠢᠯᠡᠬᠦ ᠵᠢᠨ ᠳᠦᠯᠦᠭᠡ᠂ 2017 ᠤᠨ ᠳᠤ ᠳᠤᠰᠬᠤᠨ ᠳᠤ ᠰᠠᠭᠤᠭ᠎ᠠ ᠠᠵᠢᠯᠯᠠᠬᠤ ᠠᠩᠭᠢ ᠪᠠ ᠭᠠᠴᠠᠭᠠᠨ ᠤ ᠺᠠᠳ᠋ᠷ ᠨᠠᠷ ᠮᠠ ᠸᠠᠨ ᠪᠤᠤ ᠵᠢᠨ ᠭᠡᠷ ᠤᠨ ᠬᠦᠳᠡᠯᠮᠦᠷᠢ ᠬᠦᠴᠦᠨ ᠳᠤ ᠵᠠᠳᠠᠯᠤᠯᠳᠠ ᠬᠢᠵᠤ᠂ ᠬᠠᠪᠰᠤᠷᠤᠨ ᠳᠡᠳᠬᠦᠬᠦ ᠠᠷᠭ᠎ᠠ ᠳᠤᠭᠳᠠᠭᠠᠵᠤ᠂ ︽ᠳᠤᠪᠶᠤᠭ ᠮᠡᠶ᠋ᠢᠭ︾ ᠤᠨ ᠠᠵᠤ ᠦᠢᠯᠡᠰ ᠵᠶᠠᠷ ᠶᠠᠳᠠᠭᠤ ᠵᠢ ᠳᠡᠳᠬᠦᠬᠦ ᠪᠠᠷ ᠳᠡᠮᠵᠢᠭᠤᠯᠤᠨ ᠂ ᠮᠠ ᠸᠠᠨ ᠪᠤᠤ ᠵᠢ ᠦᠬᠡᠷ ᠤᠨ ᠠᠵᠤ ᠦᠢᠯᠡᠰ ᠵᠶᠠᠷ ᠳᠡᠳᠭᠦᠵᠡᠢ᠃ ᠮᠠ ᠸᠠᠨ ᠪᠤᠤ᠄ ︽ᠦᠩᠭᠡᠷᠡᠭᠰᠡᠨ ᠳᠤ ᠪᠢ ᠬᠡᠵᠢᠶ᠎ᠡ ᠴᠤ ᠨᠢᠭᠡ ᠶᠠᠳᠠᠭᠤ ᠡᠴᠠ ᠪᠠᠨ ᠠᠩᠬᠢᠵᠢᠷᠠᠵᠤ ᠴᠢᠨᠡᠬᠡᠯᠢᠭ ᠠᠮᠢᠳᠤᠷᠠᠬᠤ ᠪᠢᠯᠡ ᠭᠡᠵᠤ ᠵᠤᠪᠠᠳᠠᠭ ᠪᠠᠶᠢᠵᠠᠢ᠂ ᠨᠠᠮ ᠵᠠᠰᠠᠭ ᠤᠨ ᠬᠠᠯᠠᠭᠤᠨ ᠳᠡᠮᠵᠢᠯᠭᠡ ᠪᠠᠷ ᠪᠢ 3 ᠦᠬᠡᠷ ᠲᠠᠢ ᠪᠤᠯᠤᠭᠰᠠᠨ ᠡᠴᠠ ᠰᠠᠶᠢᠳᠤᠷ ᠳᠡᠵᠢᠭᠡᠨ ᠦᠷᠡᠵᠢᠭᠦᠯᠵᠤ᠂ ᠡᠷᠳᠡ ᠨᠢᠭᠡ ᠡᠳᠦᠷ ᠶᠠᠳᠠᠭᠤ ᠮᠠᠯᠠᠭᠠᠢ ᠪᠠᠨ ᠠᠪᠴᠤ ᠬᠠᠶᠠᠬᠤ ᠪᠠᠷ ᠴᠢᠷᠮᠠᠶᠢᠨ᠎ᠠ︾ ᠭᠡᠵᠤ ᠢᠳᠡᠭᠡᠯ ᠳᠡᠭᠦᠯᠳᠡᠷ ᠬᠡᠯᠡᠯ᠎ᠡ᠃ 2017 — 2018 ᠤᠨ ᠳᠤ ︽ᠳᠤᠪᠶᠤᠭ ᠮᠠᠶ᠋ᠢᠭ︾ ᠤᠨ ᠠᠵᠤ ᠦᠢᠯᠡᠰ ᠮᠠ ᠸᠠᠨ ᠪᠤᠤ ᠵᠢ ᠨᠡᠶᠢᠳᠡ 5 ᠦᠬᠡᠷ ᠵᠶᠠᠷ ᠳᠡᠳᠭᠦᠪᠡ᠃ ᠪᠠᠶ᠋ᠬᠠᠤᠯᠠᠭᠠᠨ ᠰᠤᠮᠤ ᠳᠤᠰᠬᠠᠢᠢᠯᠠᠨ ᠮᠠ ᠸᠠᠨ ᠪᠤᠤ ᠰᠢᠭ᠋ ᠳᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠳᠡᠢ ᠡᠷᠦᠬᠡ ᠳᠤ ᠬᠡᠷᠡᠭᠯᠡᠭᠡᠨ ᠤ ᠮᠡᠷᠭᠡᠵᠢᠯ ᠤᠨ ᠪᠤᠯᠪᠠᠰᠤᠷᠠᠯ ᠬᠦᠷᠳᠡᠭᠡᠬᠦ ᠵᠢᠨ ᠬᠠᠮᠳᠤ ᠳᠤᠰᠬᠠᠢ ᠮᠡᠷᠭᠡᠵᠢᠯᠳᠡᠨ ᠳᠤᠮᠢᠯᠠᠵᠤ᠂ ᠳᠤᠭᠳᠠᠭᠰᠠᠨ ᠬᠤᠭᠤᠴᠠᠭ᠎ᠠ ᠲᠠᠢ ᠵᠢᠯᠤᠭᠤᠳᠤᠯᠭ᠎ᠠ ᠬᠠᠩᠭᠠᠵᠠᠢ᠃ ᠮᠠ ᠸᠠᠨ ᠪᠤᠤ ᠰᠡᠳᠭᠢᠯ ᠳᠠᠯᠪᠢᠨ ᠰᠤᠷᠤᠯᠴᠠᠵᠤ ᠨᠠᠷᠢᠨ ᠨᠢᠮᠪᠠᠢ ᠠᠷᠠᠴᠢᠯᠠᠭᠰᠠᠨ ᠡᠴᠠ ᠤᠳᠠᠭᠰᠠᠨ ᠦᠭᠡᠢ ᠬᠠᠰᠢᠷ ᠮᠠᠯᠴᠢᠨ ᠪᠤᠯᠵᠤ᠂ ᠬᠤᠯᠠ ᠤᠢᠢᠷ᠎ᠠ ᠬᠤᠳᠠ ᠤᠰᠤᠨ ᠳᠠᠭᠠᠨ ︽ᠨᠤᠳᠤᠭ ᠤᠨ ᠮᠡᠷᠭᠡᠵᠢᠯᠳᠡᠨ︾ ᠪᠤᠯᠤᠯ᠎ᠠ᠃ ᠤᠳᠤᠬᠠᠨ ᠳᠤ ᠮᠠ ᠸᠠᠨ ᠪᠤᠤ ᠵᠢ ᠳᠡᠳᠭᠦᠭᠰᠡᠨ 5 ᠦᠬᠡᠷ ᠨᠢ ᠨᠢᠭᠡᠨᠳᠡ 14 ᠳᠤᠯᠤᠭᠠᠢ ᠪᠤᠯᠬᠤ ᠵᠢᠨ ᠬᠠᠮᠳᠤ ᠳᠡᠷᠡ ᠪᠠᠰᠠ ᠠᠯᠠᠰᠢᠨ ᠳᠠᠬᠢᠶ᠎ᠠ ᠳᠡᠵᠢᠭᠡᠬᠦ ᠦᠢᠯᠡᠰ ᠡᠷᠭᠢᠯᠡᠵᠤ᠂ ᠳᠡᠵᠢᠭᠡᠨ ᠦᠷᠡᠵᠢᠭᠦᠯᠬᠦ ᠦᠢᠯᠡᠰ ᠵᠶᠠᠨ ᠦᠷᠭᠡᠳᠭᠡᠵᠤ᠂ ᠶᠠᠳᠠᠭᠤ ᠮᠠᠯᠠᠭᠠᠢ ᠪᠠᠨ ᠠᠪᠴᠤ ᠬᠠᠶᠠᠨ᠂ ᠴᠢᠨᠡᠬᠡᠯᠢᠭ ᠠᠮᠢᠳᠤᠷᠠᠯ ᠢ ᠡᠳ᠋ᠯᠠᠵᠤ ᠡᠬᠢᠯᠡᠭᠰᠡᠨ ᠪᠠᠶᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠡᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠡᠷ ᠬᠠᠭᠤᠯᠪᠤᠷᠢᠯᠠᠬᠤ ᠵᠢ ᠡᠷᠡᠰ ᠬᠤᠷᠢᠭᠯᠠᠨ᠎ᠠ 蒙ICP备05070829号