ᠵᠠᠩ ᠭᠦᠸᠧ ᠫᠢᠡᠭ ᠬᠤᠷᠴᠢᠨ ᠪᠠᠷᠡᠭᠤᠨ ᠭᠠᠷᠣᠨ ᠡᠮᠦᠨᠡᠳᠦ ᠬᠤᠰᠢᠭᠤᠨ ᠳᠤ ᠭᠦᠨᠵᠡᠭᠡᠶᠢᠷᠡᠨ ᠭᠤᠤᠯᠳᠠᠯᠭ᠎ᠠ ᠲᠠᠢ ᠠᠵᠢᠯ ᠤᠨ ᠳᠤᠬᠠᠢ ᠰᠢᠨᠵᠢᠯᠡᠨ ᠪᠠᠶᠢᠴᠠᠭᠠᠵᠠᠢ
ᠨᠡᠶᠢᠲᠡᠯᠡᠭᠰᠡᠨ ᠴᠠᠭ᠄
2020-06-24
      6 ᠰᠠᠷ᠎ᠠ ᠵᠢᠨ 20 ᠤ ᠦᠳᠡ ᠵᠢᠨ ᠡᠮᠦᠨ᠎ᠠ᠂ ᠠᠶᠢᠮᠠᠭ ᠤᠨ ᠨᠠᠮ ᠤᠨ ᠬᠤᠷᠢᠶᠠᠨ ᠤ ᠭᠡᠰᠢᠭᠦᠨ᠂ ᠠᠶᠢᠮᠠᠭ ᠤᠨ ᠳᠡᠳ᠋ ᠳᠠᠷᠤᠭ᠎ᠠ ᠵᠠᠩ ᠭᠦᠸᠧ ᠫᠢᠡᠭ ᠬᠤᠷᠴᠢᠨ ᠪᠠᠷᠠᠭᠤᠨ ᠭᠠᠷᠦᠨ ᠡᠮᠦᠨᠡᠳᠦ ᠬᠤᠰᠢᠭᠤᠨ ᠳᠤ ᠭᠦᠨᠵᠡᠭᠡᠶᠢᠷᠡᠨ᠂ ᠠᠵᠦ ᠠᠬᠤᠢ ᠵᠢᠨ ᠡᠷᠬᠢᠯᠳᠠ᠂ ᠠᠮᠢ ᠠᠬᠤᠢ ᠤᠷᠴᠢᠨ ᠳᠤᠭᠤᠷᠢᠨ ᠢ ᠴᠡᠭᠴᠡᠯᠡᠨ ᠰᠠᠶᠢᠵᠢᠷᠠᠭᠤᠯᠬᠤ᠂ ᠶᠠᠳᠠᠭᠤ ᠡᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠡᠷᠭᠡ ᠤᠳᠤᠬᠠᠨ ᠤ ᠭᠤᠤᠯᠳᠠᠯᠭ᠎ᠠ ᠲᠠᠢ ᠠᠵᠢᠯ ᠤᠨ ᠳᠤᠬᠠᠢ ᠰᠢᠨᠵᠢᠯᠡᠨ ᠪᠠᠶᠢᠴᠠᠭᠠᠯᠳᠠ ᠬᠢᠵᠡᠢ᠃ ᠠᠶᠢᠮᠠᠭ ᠤᠨ ᠰᠢᠭᠤᠳ ᠬᠠᠷᠢᠶ᠎ᠠ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠨᠠᠷ ᠰᠢᠨᠵᠢᠯᠡᠨ ᠪᠠᠶᠢᠴᠠᠭᠠᠯᠳᠠ ᠳᠤ ᠤᠷᠤᠯᠴᠠᠵᠠᠢ᠃       ᠵᠠᠩ ᠭᠦᠸᠧ ᠫᠢᠡᠭ ᠤᠷᠢᠳ ᠬᠤᠵᠢᠳ ᠡᠮᠦᠨᠡᠳᠦ ᠬᠤᠰᠢᠭᠤᠨ ᠤ ᠪᠤᠬᠢᠷ ᠤᠰᠦ ᠰᠢᠢᠳᠪᠤᠷᠢᠯᠡᠬᠦ ᠦᠢᠯᠡᠳᠪᠤᠷᠢ᠂ ᠵᠢᠨ ᠪᠢᠨ ᠡᠮᠴᠢᠯᠡᠭᠡ ᠪᠠ ᠰᠤᠪᠢᠯᠠᠯᠳᠠ ᠵᠢ ᠤᠶᠠᠯᠳᠤᠭᠤᠯᠬᠤ ᠳᠦᠷᠦᠯ ᠵᠦᠢᠯ᠂ ᠳ᠋ᠢᠩ ᠴᠸᠡᠭ ᠡᠳ᠋ ᠡᠷᠳᠡᠨᠢᠰ ᠤᠨ ᠰᠤᠶᠤᠯ ᠤᠨ ᠠᠵᠦ ᠦᠢᠯᠡᠰ ᠤᠨ ᠤᠷᠤᠨ ᠲᠤᠭᠤᠷᠢᠭ ᠤᠨ ᠳᠤᠬᠠᠢ ᠵᠢᠨ ᠳᠠᠯᠠᠪᠤᠷ ᠲᠤ ᠬᠦᠷᠴᠦ᠂ ᠳᠦᠷᠦᠯ ᠵᠦᠢᠯ ᠢ ᠶᠠᠪᠤᠭᠳᠠᠭᠤᠯᠵᠦ ᠪᠠᠶᠢᠭ᠎ᠠ ᠠᠬᠢᠴᠠ ᠵᠢᠨ ᠲᠤᠬᠠᠢ ᠪᠠᠶᠢᠴᠠᠭᠠᠨ ᠰᠤᠳᠤᠯᠵᠠᠢ᠃ ᠵᠠᠩ ᠭᠦᠸᠧ ᠫᠢᠡᠭ ᠴᠢᠬᠤᠯᠠᠴᠢᠯᠠᠭᠰᠠᠨ ᠨᠢ᠂ ᠳᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠵᠢ ︽ᠵᠢᠷᠭᠤᠭ᠎ᠠ ᠵᠢ ᠳᠤᠭᠳᠠᠪᠤᠷᠢᠵᠢᠭᠤᠯᠬᠤ︾᠂ ︽ᠵᠢᠷᠭᠤᠭ᠎ᠠ ᠵᠢ ᠪᠠᠳᠤᠯᠠᠬᠤ︾ ᠲᠠᠢ ᠤᠶᠠᠯᠳᠤᠭᠤᠯᠤᠨ᠂ ᠠᠵᠦ ᠠᠬᠤᠢ ᠨᠡᠶᠢᠭᠡᠮ ᠤᠨ ᠭᠦᠭᠵᠢᠯᠳᠡ ᠵᠢᠨ ᠭᠤᠤᠯ ᠬᠠᠷᠠᠯᠳᠠ ᠪᠤᠯᠭᠠᠵᠦ᠂ ᠰᠢᠨᠵᠢᠯᠡᠬᠦ ᠤᠬᠠᠭᠠᠨᠴᠢ ᠪᠠᠷ ᠲᠦᠯᠦᠪᠵᠢᠭᠦᠯᠵᠦ᠂ ᠡᠮᠬᠢ ᠵᠢᠷᠦᠮ ᠲᠠᠢ ᠵᠤᠬᠢᠶᠠᠨ ᠪᠠᠶᠢᠭᠤᠯᠤᠨ᠂ ᠲᠦᠷᠦᠯ ᠵᠦᠢᠯ ᠤᠨ ᠴᠢᠨᠠᠷ ᠰᠠᠶᠢᠳᠠᠢ ᠬᠦᠭᠵᠢᠯᠳᠡ ᠵᠢ ᠪᠠᠳᠤᠯᠠᠭᠰᠠᠨ ᠤᠷᠢᠳᠠᠯ ᠳᠤᠤᠷ᠎ᠠ ᠪᠦᠳᠦᠭᠡᠨ ᠪᠠᠶᠢᠭᠤᠯᠤᠯᠳᠠ ᠵᠢᠨ ᠠᠬᠢᠴᠠ ᠪᠠᠨ ᠳᠦᠷᠭᠡᠳᠭᠡᠵᠦ᠂ ᠳᠦᠷᠦᠯ ᠵᠦᠢᠯ ᠢ ᠡᠷᠳᠡᠬᠡᠨ ᠪᠠᠶᠢᠭᠤᠯᠵᠦ ᠦᠷ᠎ᠠ ᠪᠦᠳᠦᠮᠵᠢ ᠭᠠᠷᠭᠠᠬᠤ ᠪᠠᠷ ᠴᠢᠷᠮᠡᠶᠢᠬᠤ ᠬᠡᠷᠡᠭᠳᠡᠢ ᠭᠡᠵᠡᠢ᠃       ᠡᠮᠦᠨᠡᠳᠦ ᠬᠤᠰᠢᠭᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠦᠪᠯᠡᠷᠡᠭᠦᠯᠦᠨ ᠳᠤᠰᠠᠭᠠᠷᠯᠠᠬᠤ ᠭᠠᠵᠠᠷ᠂ ᠡᠮᠦᠨᠡᠳᠦ ᠬᠤᠰᠢᠭᠤᠨ ᠤ ᠠᠷᠠᠳ ᠤᠨ ᠡᠮᠨᠡᠯᠭᠡ ᠵᠢᠨ ᠬᠤᠷᠢᠶᠠᠨ ᠤ ᠪᠦᠬᠡᠮ ᠬᠦᠴᠢᠯ ᠢ ᠰᠢᠯᠭᠠᠨ ᠪᠠᠶᠢᠴᠠᠭᠠᠬᠤ ᠳᠠᠰᠤᠭ ᠲᠤ᠂ ᠵᠠᠩ ᠭᠦᠸᠧ ᠫᠢᠡᠭ ᠬᠢᠵᠢᠭ ᠤᠨ ᠪᠠᠶᠢᠳᠠᠯ ᠢ ᠨᠡᠶᠢᠳᠡᠮ ᠰᠡᠷᠭᠡᠶᠢᠯᠡᠨ ᠡᠵᠡᠮᠳᠡᠵᠦ ᠪᠠᠶᠢᠭ᠎ᠠ ᠠᠷᠭ᠎ᠠ ᠠᠪᠴᠠᠯ ᠪᠠ ᠪᠦᠭᠡᠮ ᠬᠦᠴᠢᠯ ᠤᠨ ᠰᠢᠯᠭᠠᠨ ᠪᠠᠶᠢᠴᠠᠭᠠᠬᠤ ᠴᠢᠳᠠᠪᠤᠷᠢ ᠵᠢᠨ ᠪᠠᠶᠢᠭᠤᠯᠤᠯᠳᠠ ᠳᠤ ᠭᠦᠢᠴᠡᠳ ᠨᠤᠳᠠᠯᠠᠯᠳᠠ ᠦᠭᠴᠡᠢ᠃ ᠳᠡᠷᠡ ᠴᠢᠬᠤᠯᠠᠴᠢᠯᠠᠭᠰᠠᠨ ᠨᠢ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠭᠤᠤᠯ ᠳᠤᠭᠤᠷᠢᠨ ᠳᠤ ᠬᠦᠴᠦᠨ ᠵᠶᠠᠨ ᠳᠦᠪᠯᠡᠷᠡᠭᠦᠯᠦᠨ᠂ ︽ᠪᠠᠶᠢᠴᠠᠭᠠᠬᠤ ᠶᠤᠰᠤᠳᠠᠢ ᠵᠢ ᠪᠦᠬᠦᠨ ᠢ ᠪᠠᠶᠢᠴᠠᠭᠠᠵᠦ᠂ ᠪᠠᠶᠢᠴᠠᠭᠠᠬᠤ ᠳᠤᠷᠠᠳᠠᠢ ᠪᠦᠬᠦᠨ ᠢ ᠪᠠᠶᠢᠴᠠᠭᠠᠬᠤ︾ ᠱᠠᠭᠠᠷᠳᠠᠯᠭ᠎ᠠ ᠶᠤᠰᠤᠭᠠᠷ᠂ ᠰᠢᠯᠭᠠᠨ ᠪᠠᠶᠢᠴᠠᠭᠠᠬᠤ ᠴᠢᠳᠠᠪᠤᠷᠢ ᠪᠠ ᠬᠢᠷᠢ ᠳᠦᠪᠰᠢᠨ ᠵᠶᠠᠨ ᠪᠦᠬᠦ ᠳᠠᠯ᠎ᠠ ᠪᠠᠷ ᠳᠡᠭᠡᠭᠰᠢᠯᠡᠬᠦᠯᠵᠦ᠂ ᠬᠠᠦᠯᠢ ᠶᠤᠰᠤᠭᠠᠷ ᠰᠡᠷᠭᠡᠶᠢᠯᠡᠨ ᠬᠢᠵᠠᠭᠠᠷᠯᠠᠬᠤ᠂ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ ᠡᠵᠡᠮᠳᠡᠬᠦ᠂ ᠬᠤᠯᠪᠤᠭᠠᠯᠠᠨ ᠰᠡᠷᠭᠡᠶᠢᠯᠡᠨ ᠬᠤᠯᠪᠤᠭᠠᠯᠠᠨ ᠡᠵᠡᠮᠳᠡᠬᠦ ᠡᠯ᠎ᠠ ᠳᠦᠷᠦᠯ ᠤᠨ ᠠᠷᠭ᠎ᠠ ᠠᠪᠴᠠᠯ ᠢ ᠦᠨᠡᠨᠬᠦ ᠪᠤᠳᠠᠳᠠᠢ ᠨᠠᠶᠢᠳᠠᠪᠤᠷᠢᠵᠢᠭᠤᠯᠤᠨ᠂ ᠠᠷᠠᠳ ᠳᠦᠮᠡᠨ ᠤ ᠠᠮᠢ ᠨᠠᠰᠦᠨ ᠤ ᠠᠮᠤᠷ ᠳᠦᠪᠰᠢᠨ ᠪᠠ ᠪᠡᠶ᠎ᠡ ᠮᠠᠬᠠᠪᠤᠳ ᠤᠨ ᠡᠷᠡᠭᠦᠯ ᠴᠢᠬᠢᠷᠠᠭ ᠢ ᠦᠨᠡᠨᠬᠦ ᠪᠠᠳᠤᠯᠠᠬᠤ ᠬᠡᠷᠡᠭᠳᠡᠢ ᠭᠡᠪᠡ᠃       ᠰᠠᠭᠤᠳᠠᠯ ᠤᠨ ᠬᠤᠷᠠᠯ ᠳᠡᠭᠡᠷ᠎ᠠ᠂ ᠵᠠᠩ ᠭᠦᠸᠧ ᠫᠢᠡᠭ ᠴᠢᠬᠤᠯᠠᠴᠢᠯᠠᠭᠰᠠᠨ ᠨᠢ᠂ ︽ᠵᠢᠷᠭᠤᠭ᠎ᠠ ᠵᠢ ᠳᠤᠭᠳᠠᠪᠤᠷᠢᠵᠢᠭᠤᠯᠬᠤ︾ ᠠᠵᠢᠯ ᠢ ᠯᠠᠪᠳᠠᠭᠤᠨ ᠪᠠᠳᠤᠳᠠᠢ ᠰᠠᠶᠢᠳᠦᠷ ᠬᠢᠵᠦ᠂ ︽ᠵᠢᠷᠭᠤᠭ᠎ᠠ ᠵᠢ ᠪᠠᠳᠤᠯᠠᠬᠤ︾ ᠡᠭᠦᠷᠭᠡ ᠵᠢ ᠪᠦᠬᠦ ᠳᠡᠯ᠎ᠠ ᠪᠠᠷ ᠨᠠᠶᠢᠳᠠᠪᠤᠷᠢᠵᠢᠭᠤᠯᠤᠨ᠂ ᠠᠵᠢᠯ ᠤᠨ ᠡᠷᠴᠢᠮ ᠵᠶᠠᠨ ᠳᠠᠰᠤᠷᠠᠯᠳᠠ ᠦᠭᠡᠢ ᠴᠢᠩᠭᠠᠷᠠᠭᠤᠯᠵᠦ᠂ ᠬᠢᠵᠢᠭ ᠡᠴᠠ ᠪᠤᠯᠤᠭᠰᠠᠨ ᠠᠰᠢᠭ ᠦᠭᠡᠢ ᠨᠦᠯᠦᠭᠡ ᠵᠢ ᠴᠢᠷᠮᠡᠶᠢᠨ ᠳᠡᠪᠴᠢᠵᠦ᠂ ᠳᠤᠭᠳᠠᠭᠰᠠᠨ ᠬᠠᠷᠠᠯᠳᠠ ᠡᠭᠦᠷᠭᠡ ᠪᠠᠨ ᠬᠤᠭᠤᠴᠠᠭ᠎ᠠ ᠶᠤᠰᠤᠭᠠᠷ ᠴᠢᠨᠠᠷ ᠰᠠᠶᠢᠳᠠᠢ ᠪᠡᠶᠡᠯᠡᠬᠦᠯᠬᠦ ᠬᠡᠷᠡᠭᠳᠡᠢ᠃ ᠬᠤᠳᠠᠯᠳᠤᠭ᠎ᠠ ᠡᠵᠡᠩᠨᠡᠬᠦ ᠤᠷᠴᠢᠨ ᠨᠦᠭᠦᠴᠡᠯ ᠢ ᠰᠢᠯᠢᠳᠡᠭᠵᠢᠭᠦᠯᠵᠦ᠂ ᠠᠵᠦ ᠠᠬᠤᠢᠢᠯᠠᠯ ᠢ ᠬᠦᠭᠵᠢᠬᠦᠯᠬᠦ ᠡᠷᠴᠢᠮ ᠵᠶᠠᠨ ᠴᠢᠩᠭᠠᠷᠠᠭᠤᠯᠤᠨ᠂ ᠠᠷᠠᠳ ᠡᠴᠠ ᠡᠵᠡᠩᠨᠡᠭᠰᠡᠨ ᠠᠵᠦ ᠠᠬᠤᠢᠢᠯᠠᠯ ᠤᠨ ᠬᠦᠭᠵᠢᠯᠳᠡ ᠵᠢ ᠳᠡᠮᠵᠢᠵᠦ᠂ ᠠᠵᠦ ᠠᠬᠤᠢᠢᠯᠠᠯ ᠢ ᠬᠠᠪᠰᠤᠷᠤᠨ ᠬᠦᠴᠢᠷᠳᠡᠯ ᠢ ᠨᠢ ᠴᠠᠭ ᠳᠤᠬᠠᠢ ᠳᠤ ᠨᠢ ᠰᠢᠢᠳᠪᠤᠷᠢᠯᠡᠵᠦ ᠦᠭᠬᠦ ᠬᠡᠷᠡᠭᠳᠡᠢ᠃ ᠠᠮᠢ ᠠᠬᠤᠢ ᠤᠷᠴᠢᠨ ᠳᠤᠭᠤᠷᠢᠨ ᠤ ᠬᠠᠮᠠᠭᠠᠯᠠᠯᠳᠠ ᠵᠢᠨ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠪᠠᠶᠢᠯᠳᠤᠬᠤ ᠪᠤᠳᠤᠯᠭ᠎ᠠ ᠵᠢᠨ ᠳᠤᠭᠳᠠᠯ ᠬᠦᠴᠦᠨ ᠪᠤᠯᠭᠠᠵᠦ᠂ ᠵᠠᠩᠭᠢᠯᠠᠭ᠎ᠠ ᠵᠢᠨ ᠭᠤᠭᠴᠤᠭ᠎ᠠ ᠵᠢ ᠴᠢᠩᠭ᠎ᠠ ᠠᠳᠬᠤᠨ᠂ ᠤᠷᠳᠦ ᠬᠤᠭᠤᠴᠠᠭᠠᠨ ᠤ ᠪᠦᠳᠦᠮᠵᠢᠳᠡᠢ ᠳᠤᠭᠳᠠᠴᠠ ᠵᠢ ᠪᠠᠶᠢᠭᠤᠯᠤᠨ ᠳᠡᠭᠦᠯᠳᠡᠷᠵᠢᠬᠦᠯᠬᠦ ᠬᠡᠷᠡᠭᠳᠡᠢ ᠭᠡᠵᠡᠢ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠡᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠡᠷ ᠬᠠᠭᠤᠯᠪᠤᠷᠢᠯᠠᠬᠤ ᠵᠢ ᠡᠷᠡᠰ ᠬᠤᠷᠢᠭᠯᠠᠨ᠎ᠠ 蒙ICP备05070829号