| | | ᠮᠤᠩᠭᠤᠯ ᠰᠢᠳᠠᠷ᠎ᠠ ᠪᠤᠯ ᠮᠤᠩᠭᠤᠯᠴᠤᠳ ᠤᠨ ᠳᠤᠮᠳᠠ ᠤᠷᠳᠤ ᠤᠳᠠᠭᠠᠨ ᠬᠤᠭᠤᠴᠠᠭ᠎ᠠ ᠪᠠᠷ ᠤᠯᠠᠮᠵᠢᠯᠠᠬᠳᠠᠨ | ᠢᠷᠡᠭᠰᠡᠨ ᠦᠪᠡᠷᠮᠢᠴᠡ ᠤᠨᠴᠠᠯᠢᠭ ᠲᠠᠢ ᠲᠤᠭᠯᠠᠭᠠᠮ ᠶᠤᠮ᠃ ᠦᠩᠭᠡᠷᠡᠭᠰᠡᠨ ᠳᠤ ᠮᠤᠩᠭᠤᠯ ᠰᠢᠳᠠᠷ᠎ᠠ ᠶᠢᠨ | ᠨᠢᠭᠡᠳᠦᠯᠳᠡᠢ ᠲᠦᠷᠢᠮ ᠪᠠᠶᠢᠭᠰᠠᠨ ᠦᠭᠡᠢ ᠪᠤᠯᠬᠤᠷ ᠡᠯ᠎ᠡ ᠠᠶᠢᠮᠠᠭ᠂ ᠬᠤᠰᠢᠭᠤ ᠬᠤᠭᠤᠷᠤᠨᠳᠤ ᠪᠠᠨ ᠬᠠᠷᠢᠯᠴᠠᠨ | ᠠᠳᠠᠯᠢ ᠦᠭᠡᠢ ᠲᠦᠷᠢᠮ ᠢ ᠬᠡᠷᠡᠭᠵᠢᠭᠦᠯᠳᠡᠭ ᠪᠠᠶᠢᠪᠠ᠃ | | 1982 ᠤᠨ ᠤ ᠪᠦᠬᠦ ᠤᠷᠤᠨ ᠤ ᠲᠡᠪᠤᠳᠤᠭᠠᠷ ᠬᠤᠭᠤᠴᠠᠭᠠᠨ ᠤ ᠪᠡᠶ᠎ᠡ ᠶᠢᠨ ᠲᠠᠮᠢᠷ ᠤᠨ ᠴᠤᠭᠯᠠᠭᠠᠨ ᠲᠡᠭᠡᠷ᠎ᠡ | ᠮᠤᠩᠭᠤᠯ ᠰᠢᠳᠠᠷ᠎ᠠ ᠶᠢᠨ ᠲᠦᠷᠢᠮ ᠢ ᠲᠡᠯᠡᠬᠡᠢ ᠶᠢᠨ ᠰᠢᠳᠠᠷ᠎ᠠ ᠶᠢᠨ ᠲᠦᠷᠢᠮ ᠯᠦᠭᠡ ᠨᠢᠭᠡᠳᠭᠡᠨ ᠶᠠᠪᠤᠭᠳᠠᠭᠤᠯᠤᠭᠰᠠᠨ | ᠪᠠᠶᠢᠨ᠎ᠠ᠃ ᠡᠨᠡ ᠨᠢ ᠬᠤᠵᠢᠮ ᠤᠨ ᠲᠡᠯᠡᠭᠡᠢ ᠶᠢᠨ ᠰᠢᠳᠠᠷ᠎ᠠ ᠶᠢᠨ ᠤᠷᠤᠯᠳᠤᠭᠠᠨ ᠳᠤ ᠤᠷᠤᠯᠴᠠᠬᠤ ᠳᠤ ᠰᠠᠭᠤᠷᠢ | ᠲᠠᠯᠪᠢᠵᠤ ᠦᠭᠭᠦᠭᠰᠡᠨ ᠶᠤᠮ᠃ | ᠡᠷ᠎ᠡ ᠶᠢᠨ ᠭᠤᠷᠪᠠᠨ ᠨᠠᠭᠠᠳᠤᠮ ᠢ ᠶᠠᠪᠤᠭᠳᠠᠭᠤᠯᠬᠤ ᠪᠦᠷᠢ ᠮᠤᠩᠭᠤᠯ ᠰᠢᠳᠠᠷ᠎ᠠ ᠶᠢᠨ ᠤᠷᠤᠯᠳᠤᠭᠠᠨ ᠢ | ᠲᠠᠭᠠᠯᠳᠤᠭᠤᠯᠤᠨ ᠶᠠᠪᠤᠭᠳᠠᠭᠤᠯᠤᠭᠰᠠᠭᠠᠷ ᠢᠷᠡᠵᠡᠢ᠂ ᠮᠤᠩᠭᠤᠯᠴᠤᠳ ᠪᠠᠶᠠᠷ ᠲᠤᠷᠠᠰᠬᠠᠯ ᠤᠨ ᠡᠳᠦᠷ᠂ ᠬᠤᠷᠢᠮ | ᠴᠤᠭᠯᠠᠭᠠᠨ ᠤ ᠨᠠᠶᠢᠷ ᠲᠤ ᠮᠤᠩᠭᠤᠯ ᠰᠢᠳᠠᠷ᠎ᠠ ᠶᠢᠨ ᠤᠷᠤᠯᠳᠤᠭᠠᠨ ᠢ ᠦᠷᠭᠦᠯᠵᠢ ᠶᠠᠪᠤᠭᠤᠯᠳᠠᠭ ᠪᠢᠯᠡ ᠃ | ᠨᠢᠭᠡ᠂ ᠮᠤᠩᠭᠤᠯ ᠰᠢᠳᠠᠷ᠎ᠠ ᠶᠢᠨ ᠡᠭᠦᠰᠦᠯ ᠪᠠ ᠤᠨᠴᠠᠯᠢᠭ | ᠮᠤᠩᠭᠤᠯ ᠰᠢᠳᠠᠷ᠎ᠠ ᠪᠤᠯᠤᠨ ᠲᠡᠯᠡᠭᠡᠢ ᠶᠢᠨ ᠰᠢᠳᠠᠷ᠎ᠠ ᠶᠢᠨ ᠡᠭᠦᠰᠦᠯ ᠨᠢ ᠠᠳᠠᠯᠢ ᠪᠠᠶᠢᠳᠠᠭ᠃ ᠬᠠᠮᠤᠭ | ᠡᠷᠳᠡ ᠳᠤ ᠡᠷᠳᠡᠨ ᠤ ᠡᠨᠡᠳᠬᠡᠭ ᠲᠤ ᠲᠦᠷᠪᠡᠨ ᠬᠦᠮᠦᠨ ᠤ ᠨᠠᠭᠠᠳᠬᠤ ︽ ᠱᠠᠳᠠᠷᠠᠰ ︾ ᠭᠡᠵᠦ ᠪᠠᠶᠢᠵᠠᠢ ᠃ | ᠡᠨᠡ ᠨᠢ ᠨᠢᠭᠡᠨᠳᠡ ᠬᠤᠶᠠᠷ ᠮᠢᠩᠭᠠᠨ ᠤᠨ ᠤ ᠲᠡᠤᠬᠡ ᠲᠠᠢ ᠪᠤᠯᠪᠠ ᠃ ᠲᠦᠷᠪᠡᠳᠦᠭᠡᠷ ᠵᠠᠭᠤᠨ ᠤ ᠦᠶ᠎ᠡ ᠳᠤ | ᠠᠷᠠᠪ ᠲᠤ ᠤᠯᠠᠮᠵᠢᠯᠠᠭᠳᠠᠨ ᠤᠷᠤᠭᠠᠳ ᠲᠡᠭᠦᠨ ᠤ ᠨᠡᠷ᠎ᠡ ᠶᠢ ︽ᠰᠢᠳᠠᠷᠠᠰ︾ ᠭᠡᠵᠦ ᠰᠢᠨ᠎ᠡ ᠪᠠᠷ ᠦᠭᠡᠷᠡᠴᠢᠯᠡᠨ | ᠲᠠᠭᠤᠳᠠᠬᠤ ᠪᠤᠯᠵᠠᠢ᠃ ᠠᠷᠪᠠᠨ ᠲᠠᠪᠤᠳᠤᠭᠠᠷ ᠵᠠᠭᠤᠨ ᠠᠴᠠ ᠠᠷᠪᠠᠨ ᠵᠢᠷᠭᠤᠳᠤᠭᠠᠷ ᠵᠠᠭᠤᠨ ᠤ ᠦᠶ᠎ᠡ | ᠪᠤᠯᠬᠤ ᠳᠤ ᠡᠧᠦ᠋ᠷᠤᠫᠡ ᠲᠢᠪ ᠲᠤ ᠤᠯᠠᠮᠵᠢᠯᠠᠭᠳᠠᠨ ᠬᠦᠷᠪᠡ᠃ ᠢᠩᠭᠢᠵᠦ ᠤᠯᠠᠷᠢᠨ ᠲᠠᠷᠬᠠᠵᠤ ᠤᠯᠠᠨᠳᠠ | ᠦᠭᠡᠷᠡᠴᠢᠯᠡᠭᠳᠡᠭᠰᠡᠭᠡᠷ ᠪᠠᠶᠢᠭᠠᠳ ᠦᠨᠦ ᠶᠢᠨ ᠲᠡᠯᠡᠭᠡᠢ ᠶᠢᠨ ᠰᠢᠳᠠᠷ᠎ᠠ ᠪᠤᠯᠤᠭᠰᠠᠨ ᠪᠠᠶᠢᠨ᠎ᠠ᠃ | ᠲᠡᠯᠡᠬᠡᠢ ᠶᠢᠨ ᠰᠢᠳᠠᠷ᠎ᠠ ᠮᠤᠩᠭᠤᠯ ᠤᠨ ᠲᠠᠯ᠎ᠠ ᠨᠤᠳᠤᠭ ᠲᠤ ᠤᠯᠠᠮᠵᠢᠯᠠᠬᠳᠠᠨ ᠢᠷᠡᠭᠰᠡᠨ ᠨᠢ ᠡᠧᠦ᠋ᠷᠤᠫᠡ ᠲᠢᠪ | ᠠᠴᠠ ᠡᠷᠳᠡ ᠶᠤᠮ᠃ ᠮᠤᠩᠭᠤᠯᠴᠤᠳ ᠠᠷᠪᠠᠨ ᠭᠤᠷᠪᠠᠳᠤᠭᠠᠷ ᠵᠠᠭᠤᠨ ᠤ ᠭᠤᠴᠢᠭᠠᠳ ᠤᠨ ᠤ ᠦᠶ᠎ᠡ ᠳᠤ | ᠦᠨᠦ ᠶᠢᠨ ᠢᠷᠡᠨ᠂ ᠢᠷᠠᠺ ᠤᠯᠤᠰ ᠲᠠᠢ ᠠᠷᠠᠯᠵᠢᠶ᠎ᠠ ᠮᠠᠶᠢᠮᠠᠢ ᠬᠢᠵᠦ ᠪᠠᠶᠢᠭ᠎ᠠ ᠦᠶᠡᠰ ᠲᠡᠯᠡᠬᠡᠢ ᠶᠢᠨ ᠰᠢᠳᠠᠷ᠎ᠠ | ᠮᠤᠩᠭᠤᠯ ᠤᠨ ᠨᠤᠳᠤᠭ ᠲᠤ ᠤᠯᠠᠮᠵᠢᠯᠠᠬᠳᠠᠨ ᠢᠷᠡᠭᠰᠡᠨ ᠪᠠᠶᠢᠨ᠎ᠠ᠃ ᠲᠡᠷᠡ ᠦᠶ᠎ᠡ ᠠᠴᠠ ᠡᠬᠢᠯᠡᠭᠡᠳ | ᠮᠤᠩᠭᠤᠯ ᠤᠨ ᠲᠠᠯ᠎ᠠ ᠨᠤᠳᠤᠭ ᠲᠤ ᠲᠠᠷᠬᠠᠨ ᠲᠡᠯᠭᠡᠷᠡᠪᠡ ᠃ ᠮᠤᠩᠭᠤᠯ ᠰᠢᠳᠠᠷ᠎ᠠ ᠪᠤᠯᠤᠨ ᠲᠡᠯᠡᠬᠡᠢ ᠶᠢᠨ ᠰᠢᠳᠠᠷ᠎ᠠ | ᠶᠢᠨ ᠬᠦᠯᠭᠡ ᠨᠢ ᠨᠢᠭᠡᠨ ᠠᠳᠠᠯᠢ ᠲᠦᠷᠪᠡᠯᠵᠢᠨ ᠬᠡᠯᠪᠡᠷᠢ ᠲᠠᠢ᠂ ᠬᠦᠯᠭᠡ ᠶᠢ ᠬᠠᠷ᠎ᠠ ᠴᠠᠭᠠᠨ ᠦᠩᠭᠡ ᠶᠢᠨ ᠬᠤᠶᠠᠷ | ᠪᠦᠯᠦᠭ ᠬᠤᠪᠢᠶᠠᠨ᠎ᠠ᠃ | ᠰᠢᠳᠠᠷ᠎ᠠ ᠶᠢᠨ ᠪᠤᠳᠠ ᠬᠦᠦ ᠨᠦᠭᠦᠳ ᠨᠢ ᠨᠡᠶᠢᠳᠡ 32 ᠪᠠᠶᠢᠨ᠎ᠠ᠂ ᠴᠠᠭᠠᠨ ᠬᠠᠷ᠎ᠠ ᠦᠩᠭᠡ ᠪᠦᠷᠢ ᠳᠤ ᠨᠢᠭᠡ | ᠨᠤᠶᠠᠨ᠂ ᠬᠤᠶᠠᠷ ᠬᠠᠰᠠᠭ᠂ ᠬᠤᠶᠠᠷ ᠮᠤᠷᠢ᠂ ᠬᠤᠶᠠᠷ ᠲᠡᠮᠡᠭᠡ᠂ ᠨᠢᠭᠡ ᠪᠠᠷᠰ᠂ ᠨᠠᠢᠮᠠᠨ ᠬᠦᠦ ᠲᠠᠢ᠃ | ᠨᠡᠶᠢᠳᠡ 64 ᠰᠠᠭᠤᠳᠠᠯ ᠲᠠᠢ᠂ ᠲᠦᠷᠪᠡᠨ ᠲᠠᠯ᠎ᠠ ᠪᠦᠷᠢ ᠳᠤ ᠨᠠᠢᠮᠨ ᠨᠠᠢᠮᠠᠨ ᠵᠢᠵᠢᠭ ᠲᠦᠷᠪᠡᠯᠵᠢᠨ ᠰᠠᠭᠤᠳᠠᠯ ᠢᠶᠠᠷ | ᠬᠦᠯᠭᠡ ᠪᠠᠨ ᠪᠦᠳᠦᠭᠡᠪᠡ ᠃ | | ᠲᠡᠯᠡᠭᠡᠢ ᠶᠢᠨ ᠰᠢᠳᠠᠷ᠎ᠠ ᠮᠤᠩᠭᠤᠯ ᠤᠷᠤᠨ ᠳᠤ ᠤᠯᠠᠮᠵᠢᠯᠠᠬᠳᠠᠨ ᠢᠷᠡᠭᠰᠡᠨ ᠤ ᠲᠠᠷᠠᠭ᠎ᠠ ᠮᠤᠩᠭᠤᠯᠴᠤᠳ | ᠦᠪᠡᠷ ᠤᠨ ᠨᠡᠭᠦᠳᠡᠯᠯᠡᠨ ᠮᠠᠯᠵᠢᠬᠤ ᠵᠠᠩ ᠳᠠᠳᠬᠠᠯ ᠢᠶᠠᠨ ᠦᠨᠳᠦᠰᠦᠯᠡᠨ ᠬᠦᠯᠭᠡ ᠶᠢᠨ ᠨᠤᠶᠠᠨ ᠢ ᠨᠤᠶᠠᠨ ᠮᠡᠳᠦ | ᠲᠡᠷᠭᠡᠨ᠎ᠡ ᠪᠤᠶᠤ ᠰᠠᠭᠤᠳᠠᠯ ᠳᠤ ᠰᠠᠭᠤᠯᠭᠠᠵᠤ ᠰᠡᠶᠢᠯᠪᠡ ᠃ ᠪᠠᠷᠰ ᠢ ᠨᠤᠶᠠᠨ ᠤ ᠬᠠᠳᠤᠨ ᠪᠤᠯᠭᠠᠨ ᠴᠢᠮᠡᠭᠯᠡᠨ | ᠰᠡᠶᠢᠯᠵᠤ ᠨᠤᠶᠠᠨ ᠢᠶᠠᠨ ᠬᠠᠮᠠᠭᠠᠯᠠᠨ ᠲᠦᠷᠪᠡᠨ ᠵᠦᠭ ᠨᠠᠢᠮᠠᠨ ᠵᠤᠪᠬᠢᠰ ᠲᠤ ᠲᠠᠶᠢᠨ ᠬᠢᠬᠦ ᠬᠠᠮᠤᠭ ᠠᠴᠠ ᠬᠡᠴᠡᠭᠦᠦ | ᠵᠠᠩᠵᠤᠨ ᠪᠤᠯᠭᠠᠪᠠ᠃ ᠦᠨᠡᠨ ᠳᠤ ᠪᠠᠨ ᠵᠢᠨᠤᠩ ᠮᠦᠨ᠃ ᠬᠠᠰᠠᠭ ᠢ ᠮᠤᠩᠭᠤᠯ ᠤᠷᠤᠨ ᠤ ᠬᠠᠰᠠᠭ ᠤᠨ | ᠪᠦᠷᠢᠨ ᠬᠡᠯᠪᠡᠷᠢ ᠲᠠᠢ ᠰᠠᠶᠢᠯᠵᠦ ᠭᠠᠷᠭᠠᠪᠠ᠃ ᠮᠤᠷᠢ ᠶᠢ ᠲᠡᠯᠡᠬᠡᠢ ᠶᠢᠨ ᠰᠢᠳᠠᠷ᠎ᠠ ᠲᠠᠢ ᠠᠳᠠᠯᠢ ᠭᠠᠭᠴᠠ ᠬᠦ | ᠲᠤᠯᠤᠭᠠᠢ ᠶᠢ ᠨᠢ ᠦᠭᠡᠷᠡᠴᠢᠯᠡᠨ ᠮᠤᠩᠭᠤᠯ ᠮᠤᠷᠢ ᠶᠢᠨ ᠬᠡᠯᠪᠡᠷᠢ ᠪᠠᠷ ᠰᠡᠶᠢᠯᠵᠤ ᠭᠠᠷᠭᠠᠪᠠ᠃ ᠬᠦᠦ ᠶᠢ ᠠᠩ | ᠬᠦᠷᠦᠭᠡ ᠳᠤ ᠶᠠᠪᠤᠬᠤ ᠭᠠᠷᠮᠠᠭᠠᠢ ᠨᠤᠬᠠᠢ ᠪᠠᠷ ᠰᠡᠶᠢᠯᠦᠭᠰᠡᠨ ᠪᠠᠶᠢᠨ᠎ᠠ᠃ | ᠡᠭᠦᠨ ᠠᠴᠠ ᠭᠠᠳᠠᠨ᠎ᠠ ︽ᠰᠢᠳᠠᠷᠠᠰ︾ ᠭᠡᠳᠡᠭ ᠢ ᠮᠤᠩᠭᠤᠯ ᠬᠡᠯᠡ ᠪᠠᠷ ᠰᠢᠳᠠᠷ᠎ᠠ ᠭᠡᠮᠡᠨ ᠲᠠᠭᠤᠳᠠᠨ ᠨᠡᠷᠡᠯᠡᠵᠡᠢ᠃ | ᠡᠨᠡ ᠮᠡᠳᠦᠴᠢᠯᠡᠨ ᠬᠡᠯᠪᠡᠷᠢ ᠨᠢ ᠦᠭᠡᠷᠡᠴᠢᠯᠡᠭᠳᠡᠭᠰᠡᠨ ᠪᠤᠯᠪᠠᠴᠤ ᠲᠡᠭᠦᠨ ᠤ ᠨᠡᠭᠦᠳᠡᠯ ᠪᠠ ᠢᠷᠡᠯᠳᠡ ᠨᠢ ᠦᠨᠳᠦᠰᠦᠨ | ᠳᠤ ᠪᠠᠨ ᠠᠳᠠᠯᠢ ᠶᠤᠮ᠃ ᠭᠡᠪᠡᠴᠦ ᠮᠤᠩᠭᠤᠯ ᠰᠢᠳᠠᠷ᠎ᠠ ᠳᠤ ᠢᠰᠯᠠᠮ ᠤᠨ ᠱᠠᠰᠢᠨᠳᠠᠨ ᠢᠷᠡᠨ ᠤᠯᠤᠰ ᠠᠴᠠ ᠤᠷᠤᠵᠤ | ᠢᠷᠡᠭᠰᠡᠨ ᠨᠠᠭᠠᠳᠬᠤ ᠠᠷᠭ᠎ᠠ ᠶᠢ ᠤᠳᠠᠭᠠᠨ ᠵᠢᠯ ᠤᠯᠠᠮᠵᠢᠯᠠᠭᠰᠠᠭᠠᠷ ᠢᠷᠡᠭᠰᠡᠨ ᠲᠤᠯᠠ ᠲᠡᠯᠡᠭᠡᠢ ᠶᠢᠨ ᠰᠢᠳᠠᠷ᠎ᠠ ᠶᠢᠨ | ᠤᠷᠤᠯᠳᠤᠭᠠᠨ ᠤ ᠲᠦᠷᠢᠮ ᠠᠴᠠ ᠨᠡᠯᠢᠶᠡᠳ ᠤᠨ ᠬᠤᠵᠢᠮᠳᠠᠭᠰᠠᠨ ᠨᠢ ᠶᠠᠷᠢᠶᠠᠨ ᠦᠭᠡᠢ ᠶᠤᠮ᠃ | ᠮᠤᠩᠭᠤᠯᠴᠤᠳ ᠪᠤᠯ ᠡᠷᠳᠡᠨ ᠤ ᠪᠤᠯᠪᠠᠰᠤᠨ ᠦᠨᠳᠦᠰᠦᠳᠡᠨ ᠤ ᠨᠢᠭᠡ ᠪᠤᠯᠬᠤ ᠲᠤᠯᠠ ᠡᠪᠦᠭᠡ ᠲᠡᠭᠡᠳᠦᠰ ᠤᠨ | ᠦᠶ᠎ᠡ ᠠᠴᠠ ᠪᠠᠨ ᠲᠠᠮᠢᠷ ᠤᠷᠠᠯᠢᠭ ᠲᠤ ᠠᠪᠢᠶᠠᠰ ᠲᠠᠢ᠃ ᠡᠷ᠎ᠡ ᠶᠢᠨ ᠭᠤᠷᠪᠠᠨ ᠨᠠᠭᠠᠳᠤᠮ ᠠᠴᠠ ᠭᠠᠳᠠᠨ᠎ᠠ ᠪᠦᠵᠢᠭ | ᠪᠦᠵᠢᠭᠯᠡᠬᠦ᠂ ᠬᠤᠯᠠ ᠬᠦᠶᠦᠬᠦ ᠮᠡᠳᠦ ᠶᠢᠨ ᠬᠦᠳᠡᠯᠭᠡᠭᠡᠨ ᠳᠤ ᠪᠦᠷ ᠪᠠᠭ᠋ᠠᠳᠠᠢ ᠶᠤᠮ᠃ ᠲᠡᠷᠡᠴᠢᠯᠡᠨ ᠮᠦᠷᠭᠦᠭᠡ᠂ | ᠵᠢᠷᠭᠢᠭᠡ᠂ ᠱᠠᠭ᠎ᠠ ᠮᠡᠳᠦ ᠶᠢᠨ ᠲᠤᠭᠯᠠᠭᠠᠮ ᠢ ᠴᠦᠮ ᠦᠷᠨᠢᠩᠭᠦᠢ ᠰᠠᠶᠢᠨ ᠨᠠᠭᠠᠳᠴᠤ ᠪᠠᠶᠢᠵᠠᠢ᠃ ᠮᠤᠩᠭᠤᠯ | ᠰᠢᠳᠠᠷ᠎ᠠ ᠪᠤᠯ ᠲᠡᠭᠦᠨ ᠤ ᠲᠤᠳᠤᠷᠠᠬᠢ ᠨᠢᠭᠡ ᠵᠦᠢᠯ ᠪᠤᠯᠬᠤ ᠪᠦᠭᠡᠳ ᠮᠤᠩᠭᠤᠯᠴᠤᠳ ᠤᠨ ᠠᠪᠢᠶᠠᠰ ᠴᠢᠳᠠᠪᠤᠷᠢ ᠪᠠ | ᠬᠡᠪ ᠨᠠᠮᠪᠠ ᠶᠢ ᠬᠠᠷᠠᠭᠤᠯᠤᠭᠰᠠᠨ ᠦᠨᠳᠦᠰᠦᠳᠡᠨ ᠤ ᠬᠡᠯᠪᠡᠷᠢ ᠶᠢᠨ ᠤᠶᠤᠨ ᠤ ᠮᠦᠷᠦ᠋ᠢᠴᠡᠭᠡᠨ ᠪᠤᠯᠤᠨ᠎ᠠ᠃ ᠮᠤᠩᠭᠤᠯ | ᠰᠢᠳᠠᠷ᠎ᠠ ᠪᠤᠯ ᠮᠤᠩᠭᠤᠯ ᠦᠨᠳᠦᠰᠦᠳᠡᠨ ᠤ ᠨᠡᠶᠢᠭᠡᠮ ᠤᠨ ᠪᠤᠳᠠᠰ ᠤᠨ ᠠᠮᠢᠳᠤᠷᠠᠯ ᠪᠠ ᠤᠶᠤᠨ ᠤ ᠪᠤᠯᠪᠠᠰᠤᠨ ᠢ | ᠪᠦᠬᠦ ᠲᠠᠯ᠎ᠠ ᠪᠠᠷ ᠲᠦᠪᠯᠡᠷᠡᠭᠦᠯᠦᠨ ᠲᠤᠰᠬᠠᠭᠰᠠᠨ ᠦᠪᠡᠷᠮᠢᠴᠡ ᠤᠨᠴᠠᠯᠢᠭ ᠲᠠᠢ ᠪᠠᠶᠢᠳᠠᠭ ᠠᠴᠠ ᠮᠤᠩᠭᠤᠯ ᠤᠨ | ᠦᠨᠳᠦᠷᠯᠢᠭ ᠤᠨ ᠨᠡᠶᠢᠭᠡᠮ ᠤᠨ ᠠᠮᠢᠳᠤᠷᠠᠯ ᠢ ᠦᠨᠡᠨ ᠪᠤᠳᠠᠳᠠᠢ ᠪᠠᠷ ᠬᠠᠷᠠᠭᠤᠯᠵᠠᠢ᠃ | | | | ᠨᠤᠶᠠᠨ᠄ ᠮᠤᠩᠭᠤᠯ ᠤᠨ ᠦᠨᠳᠦᠷᠯᠢᠭ ᠲᠤ ︽ᠲᠡᠪᠡᠯ ᠵᠠᠬ᠎ᠠ ᠲᠠᠢ᠂ ᠬᠦᠮᠦᠨ ᠠᠬ᠎ᠠ ᠲᠠᠢ ︾ ᠭᠡᠵᠦ ᠰᠠᠶᠢᠨ᠂ | ᠮᠡᠷᠭᠡᠨ᠂ ᠪᠠᠭᠠᠳᠤᠷ᠂ ᠬᠠᠨ ᠮᠡᠳᠦ ᠪᠠᠷ ᠠᠶᠢᠮᠠᠭ ᠬᠤᠯᠪᠤᠭᠠᠨ ᠤ ᠪᠠᠨ ᠲᠦᠷᠦᠬᠦᠦ ᠪᠤᠶᠤ ᠴᠡᠷᠢᠭ ᠲᠠᠶᠢᠨ ᠤ | ᠤᠳᠤᠷᠢᠳᠤᠭᠴᠢ ᠪᠠᠨ ᠨᠡᠷᠡᠯᠡᠵᠦ᠂ ᠲᠡᠭᠦᠨ ᠤ ᠵᠢᠯᠤᠭᠤᠳᠤᠯᠭ᠎ᠠ ᠪᠠᠷ ᠲᠠᠶᠢᠰᠤᠨ ᠢᠶᠠᠨ ᠲᠠᠷᠤᠵᠤ ᠲᠠᠷᠬᠠᠨ ᠴᠤᠯᠠ ᠪᠠᠨ | ᠮᠠᠨᠳᠤᠭᠤᠯᠳᠠᠭ ᠪᠠᠶᠢᠯ᠎ᠠ᠃ ᠡᠶᠢᠮᠦ ᠠᠴᠠ ᠮᠤᠩᠭᠤᠯ ᠰᠢᠳᠠᠷ᠎ᠠ ᠶᠢᠨ ︽ᠨᠤᠶᠠᠨ︾ ᠢ ᠬᠤᠶᠠᠭ ᠲᠤᠭᠤᠯᠠᠭ᠎ᠠ | ᠬᠡᠳᠦᠷᠦᠭᠰᠡᠨ ᠮᠤᠷᠢᠳᠠᠢ ᠵᠠᠩᠵᠤᠨ ᠪᠤᠶᠤ ᠠᠷᠠᠯᠳᠤ ᠲᠡᠷᠬᠡᠨ ᠳᠤ ᠲᠦᠪᠯᠡᠨ ᠰᠠᠭᠤᠭᠰᠠᠨ ᠵᠢᠯᠠᠭ᠎ᠠ ᠵᠢᠩᠰᠡ ᠲᠠᠢ ᠨᠤᠶᠠᠨ | ᠮᠠᠶ᠋ᠢᠭ ᠢᠶᠠᠷ ᠰᠡᠶᠢᠯᠦᠭᠰᠡᠨ ᠪᠠᠶᠢᠳᠠᠭ᠃ ︽ᠨᠤᠶᠠᠨ︾ ᠨᠢ ᠲᠦᠷᠪᠡᠨ ᠵᠦᠭ ᠨᠠᠢᠮᠠᠨ ᠵᠤᠪᠬᠢᠰ ᠪᠦᠬᠦ ᠤᠯᠤᠰ ᠤᠨ | ᠬᠡᠪᠴᠢᠶᠡᠨ᠎ᠡ 64 ᠰᠠᠭᠤᠳᠠᠯ ᠳᠤ ᠬᠠᠮᠢᠭ᠎ᠠ ᠨᠢ ᠪᠤᠯᠪᠠᠴᠤ ᠬᠦᠷᠴᠤ ᠴᠢᠳᠠᠨ᠎ᠠ᠃ | ᠪᠠᠷᠰ᠄ ᠪᠠᠷᠰ ᠪᠤᠯ ᠨᠤᠶᠠᠨ ᠤ ᠬᠠᠳᠤᠨ ᠪᠤᠯᠬᠤᠷ ᠲᠠᠶᠢᠨ ᠪᠠᠶᠢᠯᠳᠤᠭᠠᠨ ᠳᠤ ᠨᠤᠶᠠᠨ ᠤ ᠡᠮᠦᠨ᠎ᠡ ᠠᠴᠠ ᠠᠮᠢ | ᠴᠦᠯᠡᠨ ᠪᠠᠶᠢᠯᠳᠤᠳᠠᠭ ᠡᠷᠡᠯᠭᠡᠭ ᠪᠠᠭᠠᠳᠤᠷᠯᠢᠭ ᠡᠮᠡᠭᠳᠡᠢ ᠵᠠᠩᠵᠤᠨ ᠮᠦᠨ᠃ ᠠᠷᠤ ᠭᠠᠵᠠᠷ ᠤᠨ ᠮᠤᠩᠭᠤᠯᠴᠤᠳ ᠠᠩ | ᠭᠦᠷᠦᠭᠡ ᠬᠢᠵᠦ ᠠᠷᠢᠶᠠᠳᠠᠨ ᠵᠢᠭᠦᠷᠳᠡᠨ ᠢ ᠬᠠᠷᠪᠤᠵᠤ ᠨᠠᠮᠨᠠᠵᠤ ᠪᠠᠶᠢᠭᠰᠠᠨ ᠪᠤᠯᠬᠤᠷ ᠡᠨᠡ ᠬᠦ ᠡᠮᠡᠭᠳᠡᠢ ᠪᠠᠭᠠᠳᠤᠷ ᠢ | ᠪᠠᠷᠳᠠᠭᠠᠳᠤ ᠠᠭᠤᠯᠠᠨ ᠳᠤ ᠤᠷᠤᠰᠢᠳᠠᠭ ᠬᠦᠴᠦᠷᠭᠡᠭ ᠠᠷᠢᠶᠠᠳᠠᠨ ᠪᠠᠷᠰ ᠪᠤᠯᠭᠠᠨ ᠰᠡᠶᠢᠯᠤᠵᠡᠢ᠃ ᠪᠠᠷᠰ ᠨᠢ ᠮᠤᠷᠢᠨ ᠤ | ᠨᠡᠭᠦᠳᠡᠯ ᠠᠴᠠ ᠪᠤᠰᠤᠳ ᠨᠡᠭᠦᠳᠡᠯ ᠢ ᠪᠦᠷ ᠶᠠᠪᠤᠵᠤ ᠴᠢᠳᠠᠳᠠᠭ᠃ ᠶᠤᠰᠤᠳᠠᠢ ᠡᠷᠳᠡᠮ ᠴᠢᠳᠠᠯ ᠬᠤᠤᠰᠯᠠᠭᠰᠠᠨ | ᠪᠠᠭᠠᠳᠤᠷ ᠪᠠᠶᠢᠵᠤ᠂ ᠬᠦᠨᠳᠡᠯᠡᠨ ᠭᠤᠯᠳᠤ ᠵᠢᠰᠢᠬᠦᠦ ᠪᠠᠷ ᠬᠤᠯᠠ ᠤᠢᠢᠷ᠎ᠠ ᠭᠡᠰᠡᠨ ᠦᠭᠡᠢ ᠰᠢᠪᠳᠤ ᠲᠠᠭᠠᠷᠢᠨ | ᠤᠷᠤᠭᠰᠢᠯᠠᠳᠠᠭ᠃ ᠡᠨᠡ ᠨᠢ ᠮᠡᠬᠡᠳᠦ ᠪᠠᠭᠠᠳᠤᠷ ᠮᠡᠷᠬᠡᠨ ᠪᠤᠳᠤᠯᠭᠠᠳᠠᠢ ᠵᠠᠩᠵᠤᠨ ᠢ ᠵᠦᠢᠷᠯᠡᠭᠰᠡᠨ ᠶᠤᠮ᠃ | ᠮᠤᠷᠢ᠄ ᠮᠤᠷᠢ ᠪᠤᠯ ᠮᠤᠩᠭᠤᠯ ᠦᠨᠳᠦᠰᠦᠳᠡᠨ ᠤ ᠮᠤᠯᠤᠷ ᠡᠷᠳᠡᠨᠢ᠂ ᠠᠷᠤ ᠭᠠᠵᠠᠷ ᠤᠨ ᠠᠵᠢᠨᠠᠢ ᠬᠦᠯᠦᠭ᠂ | ᠮᠠᠯᠴᠢᠨ ᠬᠦᠮᠦᠨ ᠤ ᠬᠡᠶᠢᠮᠤᠷᠢ ᠰᠦᠯᠳᠡ᠂ ᠴᠡᠷᠢᠭ ᠡᠷ᠎ᠡ ᠶᠢᠨ ᠲᠠᠶᠢᠴᠢᠨ ᠬᠠᠨᠢ ᠮᠦᠨ᠃ ᠮᠤᠩᠭᠤᠯ ᠰᠢᠳᠠᠷ᠎ᠠ ᠶᠢᠨ | ᠮᠤᠷᠢ ᠶᠢ ᠬᠤᠷ ᠲᠡᠯ ᠲᠠᠢ ᠬᠠᠩᠭᠠᠯ ᠠᠵᠢᠷᠭ᠎ᠠ ᠪᠤᠶᠤ ᠬᠤᠷᠳᠤᠨ ᠭᠦᠶᠦᠳᠡᠯ ᠲᠠᠢ ᠰᠦᠳᠦ ᠭᠡᠭᠦᠦ ᠤᠨᠠᠭ᠎ᠠ ᠪᠠᠨ | ᠬᠦᠬᠦᠭᠦᠯᠵᠦ ᠪᠠᠶᠢᠬᠤ ᠪᠠᠷ ᠰᠡᠶᠢᠯᠦᠭᠰᠡᠨ ᠪᠠᠶᠢᠳᠠᠭ᠃ ᠡᠨᠡ ᠨᠢ ᠠᠯᠤᠰ ᠬᠤᠯᠠ ᠶᠢᠨ ᠠᠶᠠᠨ ᠲᠠᠶᠢᠨ ᠳᠤ ᠠᠶᠤᠯ | ᠲᠦᠭᠰᠢᠭᠦᠷᠢ ᠶᠢ ᠬᠠᠶᠢᠬᠤᠷᠤᠯ ᠦᠭᠡᠢ ᠲᠠᠪᠬᠢᠳᠠᠭ ᠮᠤᠩᠭᠤᠯ ᠮᠤᠷᠢ ᠶᠢᠨ ︽ᠭᠠᠩ ᠲᠤᠭᠤᠷᠠᠢ︾ ᠶᠢᠨ ᠴᠢᠳᠠᠯ ᠢ | ᠲᠦᠷᠰᠦᠯᠡᠵᠡᠢ᠃ ᠮᠤᠩᠭᠤᠯ ᠰᠢᠳᠠᠷ᠎ᠠ ᠶᠢᠨ ᠮᠤᠷᠢᠨ ᠤ ᠬᠦᠨ᠎ᠡ ᠤᠷᠤᠵᠤ ᠠᠴᠠ ᠰᠠᠯᠠᠭ᠎ᠠ ᠬᠢᠵᠦ᠂ ᠴᠦᠮᠦᠷᠡᠯᠳᠦᠨ | ᠲᠠᠭᠠᠷᠢᠯᠳᠠ ᠬᠢᠬᠦ ᠤᠨᠴᠠᠯᠢᠭ ᠨᠢ ᠮᠤᠩᠭᠤᠯ ᠮᠤᠷᠢᠳᠤ ᠴᠡᠷᠢᠭ ᠤᠨ ᠮᠤᠷᠢᠨ ᠵᠢᠭᠰᠠᠭᠠᠯ ᠤᠨ ᠰᠦᠷ ᠵᠢᠪᠬᠤᠯᠠᠩ ᠲᠠᠢ | ᠪᠠᠷ ᠤᠬᠤᠷᠢᠵᠤ ᠰᠠᠬᠢᠬᠤ᠂ ᠤᠷᠤᠬᠰᠢᠯᠠᠬᠤ᠂ ᠲᠠᠭᠠᠷᠢᠬᠤ ᠬᠦᠳᠡᠯᠭᠡᠭᠡᠨᠳᠤ ᠲᠠᠶᠢᠨ ᠤ ᠪᠤᠳᠤᠯᠭ᠎ᠠ ᠶᠢ ᠲᠦᠪᠯᠡᠷᠡᠭᠦᠯᠦᠨ | ᠲᠤᠰᠬᠠᠵᠠᠢ᠃ | ᠲᠡᠮᠡᠭᠡ᠄ ᠲᠡᠮᠡᠭᠡ ᠪᠤᠯ ᠮᠤᠩᠭᠤᠯ ᠭᠠᠵᠠᠷ ᠤᠨ ᠨᠡᠭᠦᠳᠡᠯ ᠠᠵᠤ ᠠᠬᠤᠢ ᠳᠤ ᠲᠤᠳᠠᠭᠳᠠᠵᠤ ᠪᠤᠯᠤᠰᠢ ᠦᠭᠡᠢ | ᠠᠴᠢᠶ᠎ᠠ ᠵᠦᠭᠡᠭᠡᠪᠦᠷᠢ ᠶᠢᠨ ᠬᠡᠷᠡᠭᠰᠡᠯ ᠮᠦᠨ᠃ ᠮᠤᠩᠭᠤᠯ ᠰᠢᠳᠠᠷ᠎ᠠ ᠶᠢᠨ ᠲᠡᠮᠡᠭᠡ ᠶᠢ ᠰᠢᠯᠢ ᠪᠠᠨ ᠬᠠᠨᠳᠠᠷᠴᠤ ᠰᠡᠭᠦᠯ | ᠢᠶᠠᠨ ᠰᠠᠪᠠᠵᠤ ᠪᠠᠶᠢᠭ᠎ᠠ ᠭᠠᠯᠵᠠᠭᠤ ᠪᠤᠤᠷ᠎ᠠ ᠪᠤᠶᠤ ᠠᠴᠢᠶ᠎ᠠ ᠬᠦᠰᠭᠡ ᠲᠠᠢ ᠠᠯᠤᠰ ᠭᠠᠵᠠᠷ ᠠᠶᠠᠯᠠᠨ ᠶᠠᠪᠤᠳᠠᠭ ᠠᠳᠠᠨ | ᠲᠡᠮᠡᠭᠡ ᠪᠠᠷ ᠰᠡᠶᠢᠯᠦᠭᠰᠡᠨ ᠪᠠᠶᠢᠳᠠᠭ᠃ ᠡᠨᠡ ᠨᠢ ᠴᠠᠰᠤ ᠪᠤᠷᠤᠭᠠᠨ ᠬᠦᠢᠳᠡᠨ ᠬᠠᠭᠰᠠᠷᠠᠭ᠎ᠠ ᠪᠠ ᠦᠯᠦᠰᠴᠤ ᠦᠯᠪᠡᠷᠬᠦ | ᠠᠴᠠ ᠠᠶᠤᠬᠤ ᠦᠭᠡᠢ᠂ ᠨᠡᠯᠢᠶᠡᠳ ᠡᠳᠦᠷ ᠬᠤᠨᠤᠭ ᠢᠶᠠᠷ ᠲᠡᠰᠪᠤᠷᠢᠯᠡᠨ ᠶᠠᠪᠤᠵᠤ ᠴᠢᠳᠠᠳᠠᠭ ᠮᠤᠩᠭᠤᠯ ᠤᠷᠤᠨ ᠤ | ᠤᠷᠳᠤ ᠬᠦᠯ ᠲᠠᠢ ᠤᠳᠠᠭᠠᠨ ᠲᠠᠭᠠᠭᠠᠮᠠᠭᠠᠢ ᠲᠡᠮᠡᠭᠡ ᠶᠢᠨ ᠲᠦᠷᠢ ᠶᠢ ᠦᠵᠡᠭᠦᠯᠵᠡᠢ᠃ | ᠬᠠᠰᠠᠭ᠄ ᠬᠠᠰᠠᠭ ᠲᠡᠷᠭᠡ ᠪᠤᠯ ᠮᠤᠩᠭᠤᠯ ᠤᠨ ᠦᠨᠳᠦᠷᠯᠢᠭ ᠲᠤ ᠠᠯᠢ ᠡᠷᠳᠡᠨ ᠠᠴᠠ ᠬᠡᠷᠡᠭᠯᠡᠭᠰᠡᠭᠡᠷ ᠢᠷᠡᠭᠰᠡᠨ | ᠵᠦᠭᠡᠭᠡᠪᠤᠷᠢ ᠶᠢᠨ ᠭᠤᠤᠯ ᠪᠠᠭᠠᠵᠢ ᠮᠦᠨ᠃ ᠬᠠᠩᠭᠠᠢ ᠲᠡᠷᠭᠡ᠂ ᠬᠠᠰᠠᠭ ᠲᠡᠷᠭᠡ᠂ ᠦᠨᠳᠦᠷ ᠲᠡᠷᠭᠡ᠂ ᠦᠵᠢᠶᠡᠨ | ᠲᠡᠷᠭᠡ᠂ ᠦᠯᠴᠢᠭᠡᠳᠡᠢ ᠲᠡᠷᠭᠡ ᠪᠤᠯ ᠮᠤᠩᠭᠤᠯ ᠤᠨ ᠨᠡᠭᠦᠳᠡᠯ ᠠᠮᠢᠳᠤᠷᠠᠯ ᠤᠨ ᠪᠦᠳᠦᠭᠡᠯ ᠶᠤᠮ᠃ ᠬᠦᠰᠭᠡ ᠲᠡᠷᠭᠡ | ᠪᠠᠨ ᠬᠦᠳᠦᠯᠵᠦ ᠬᠦᠯᠦᠭ ᠮᠤᠷᠢ ᠪᠠᠨ ᠤᠨᠤᠵᠤ ᠶᠠᠪᠤᠳᠠᠭ ᠮᠤᠩᠭᠤᠯᠴᠤᠳ ᠲᠤ ᠲᠡᠷᠭᠡ ᠪᠤᠯ ᠶᠠᠷᠤ ᠠᠴᠠ | ᠲᠤᠳᠠᠭᠳᠠᠵᠤ ᠪᠤᠯᠤᠰᠢ ᠦᠭᠡᠢ ᠦᠢᠯᠡᠳᠪᠦᠷᠢᠯᠡᠯ ᠠᠮᠢᠳᠤᠷᠠᠯ ᠤᠨ ᠬᠡᠷᠡᠭᠰᠡᠯ ᠮᠦᠨ᠃ ᠡᠶᠢᠮᠦ ᠠᠴᠠ ᠮᠤᠩᠭᠤᠯ | ᠰᠢᠳᠠᠷ᠎ᠠ ᠳᠤ ᠬᠠᠰᠠᠭ ᠲᠡᠷᠭᠡ ᠪᠤᠶᠤ ᠬᠠᠮ ᠲᠡᠷᠭᠡ ᠶᠢ ᠰᠡᠶᠢᠯᠦᠭᠰᠡᠨ ᠪᠠᠶᠢᠳᠠᠭ᠃ | ᠬᠦᠦ᠄ ᠮᠤᠩᠭᠤᠯᠴᠤᠳ ᠦᠷ᠎ᠡ ᠬᠡᠤᠬᠡᠳ ᠢᠶᠠᠨ ᠠᠷᠠᠳ ᠤᠨ ᠦᠨᠳᠦᠰᠦ᠂ ᠠᠮᠢᠳᠤ ᠡᠷᠳᠡᠨᠢ ᠪᠤᠯᠭᠠᠨ ᠦᠵᠡᠳᠡᠭ | ᠃ ᠡᠶᠢᠮᠦ ᠠᠴᠠ ᠮᠤᠩᠭᠤᠯ ᠰᠢᠳᠠᠷ᠎ᠠ ᠶᠢᠨ ᠨᠠᠢᠮᠠᠨ ᠰᠠᠭᠤᠳᠠᠯ ᠢ ᠲᠦᠭᠦᠷᠡᠩ ᠡᠵᠡᠯᠡᠭᠦᠯᠦᠨ ᠠᠷᠠᠳ ᠢᠷᠭᠡᠳ ᠠᠴᠢ | ᠦᠷ᠎ᠡ ᠪᠠᠨ ᠲᠦᠯᠦᠭᠡᠯᠡᠭᠦᠯᠪᠡ᠃ ᠮᠤᠩᠭᠤᠯ ᠰᠢᠳᠠᠷ᠎ᠠ ᠶᠢᠨ ᠬᠦᠦ ᠶᠢ ᠤᠷᠤᠯᠳᠤᠭᠠᠨ ᠤ ᠮᠤᠷᠢ ᠤᠨᠤᠭᠰᠠᠨ ᠪᠤᠶᠤ | ᠪᠦᠬᠡ ᠪᠠᠷᠢᠯᠳᠤᠵᠤ ᠪᠠᠶᠢᠭ᠎ᠠ ᠬᠡᠤᠬᠡᠳ ᠤᠨ ᠶᠠᠩᠵᠤ ᠪᠠᠷ ᠤᠷᠠᠯᠠᠨ ᠰᠡᠶᠢᠯᠦᠭᠰᠡᠨ ᠶᠤᠮ᠃ ᠡᠳᠡᠭᠡᠷ ᠬᠡᠤᠬᠡᠳ ᠨᠢ | ᠦᠵᠦᠭᠦᠷ ᠲᠤ ᠬᠦᠷᠪᠡᠯ᠂ ᠵᠢᠰᠢᠭᠦᠦ ᠱᠤᠭᠤᠮ ᠢᠶᠠᠷ ᠨᠢᠳᠤ ᠲᠠᠢ ᠬᠠᠩᠭᠠᠢ ᠪᠤᠶᠤ ᠪᠠᠷᠰ ᠪᠤᠯᠭᠠᠨ ᠬᠤᠪᠢᠷᠠᠭᠤᠯᠳᠠᠭ᠃ | ᠮᠤᠩᠭᠤᠯ ᠰᠢᠳᠠᠷ᠎ᠠ ᠶᠢᠨ ᠤᠯᠠᠷᠢᠨ ᠬᠤᠪᠢᠰᠬᠤ ᠨᠢ ᠲᠤᠩ ᠤᠷᠠᠨ ᠨᠠᠷᠢᠨ ᠪᠦᠭᠡᠳ ᠪᠤᠳᠤᠯᠢᠶᠠᠨ ᠲᠠᠢ ᠪᠠᠶᠢᠳᠠᠭ᠃ | ᠤᠷᠤᠭᠰᠢᠯᠠᠬᠤ᠂ ᠤᠬᠤᠷᠢᠬᠤ᠂ ᠲᠤᠪᠳᠤᠯᠬᠤ᠂ ᠬᠤᠷᠢᠭᠯᠠᠬᠤ᠂ ᠭᠡᠳᠡᠷᠭᠦ ᠲᠠᠭᠠᠷᠢᠬᠤ᠂ ᠭᠡᠨᠡᠳᠳᠡ ᠪᠠᠷ ᠴᠦᠮᠦᠷᠡᠨ | ᠤᠷᠤᠬᠤ᠂ ᠬᠠᠯᠬᠠᠯᠠᠬᠤ᠂ ᠵᠠᠶᠢᠯᠠᠭᠤᠯᠬᠤ᠂ ᠬᠠᠭᠤᠷᠤᠨ ᠮᠡᠭᠡᠯᠡᠵᠦ᠂ ᠪᠤᠴᠠᠵᠤ ᠪᠤᠷᠤᠭᠤᠯᠠᠬᠤ ᠂ ᠪᠠᠬᠢᠯᠠᠵᠦ ᠰᠠᠬᠢᠬᠤ᠂ | ᠬᠠᠷᠰᠢ ᠰᠠᠭᠠᠳ ᠬᠢᠬᠦ᠂ ᠪᠤᠭᠤᠭᠳᠠᠭᠤᠯᠬᠤ᠂ ᠪᠤᠳᠠ ᠬᠠᠶᠠᠵᠤ ᠦᠳᠦᠭᠡᠬᠦ᠂ ᠵᠡᠭᠦᠨ ᠢ ᠵᠢᠭᠠᠵᠤ ᠪᠠᠷᠠᠭᠤᠨ ᠢ | ᠴᠤᠬᠢᠬᠤ᠂ ᠤᠷᠤᠨ ᠰᠤᠯᠠᠯᠠᠵᠤ ᠵᠠᠮ ᠨᠡᠭᠡᠭᠡᠬᠦ ᠵᠡᠷᠭᠡ ᠤᠯᠠᠨ ᠠᠷᠭ᠎ᠠ ᠰᠠᠮᠪᠠᠭ᠎ᠠ ᠶᠢ ᠬᠡᠷᠡᠭᠯᠡᠵᠦ ᠪᠠᠶᠢᠭᠠᠳ ᠨᠦᠬᠦᠭᠡ | ᠡᠳᠡᠭᠡᠳ ᠤᠨ ᠪᠤᠳᠠ ᠬᠦᠦ ᠶᠢ ᠤᠰᠠᠳᠬᠠᠨ᠂ ᠪᠠᠬᠢᠯᠡᠯᠳᠡ ᠶᠢ ᠡᠪᠳᠡᠵᠦ᠂ ᠪᠤᠭᠤᠮᠳᠠ ᠶᠢ ᠡᠵᠡᠯᠡᠨ ᠢᠯᠠᠯᠳᠠ ᠤᠯᠬᠤ | ᠳᠤ ᠬᠦᠷᠭᠡᠳᠡᠭ᠃ ᠲᠡᠭᠦᠨ ᠤ ᠰᠤᠨᠢᠨ ᠨᠢᠭᠤᠴᠠ ᠠᠷᠭ᠎ᠠ ᠪᠤᠳᠤᠯᠭ᠎ᠠ ᠶᠢ ᠰᠦᠪᠡᠭᠴᠢᠯᠡᠨ ᠪᠤᠳᠤᠳᠠᠭ ᠨᠢ ᠬᠦᠮᠦᠰ ᠲᠤ | ᠲᠠᠷᠤᠤ ᠬᠢᠴᠢᠶᠡᠩᠭᠦᠢ ᠪᠠᠷᠳᠠᠮᠨᠠᠬᠤ ᠦᠭᠡᠢ᠂ ᠪᠠᠰᠤᠬᠤ ᠦᠭᠡᠢ᠂ ᠪᠠᠭᠠᠳᠤᠷᠯᠢᠭ ᠪᠦᠭᠡᠳ ᠪᠤᠳᠠᠰᠴᠢ ᠬᠤᠪᠢᠰᠤᠩᠭᠤᠢ | ᠦᠵᠡᠯ ᠢᠶᠠᠷ ᠠᠰᠠᠭᠤᠳᠠᠯ ᠢ ᠦᠵᠡᠬᠦ ᠠᠷᠭ᠎ᠠ ᠶᠢ ᠡᠵᠡᠮᠰᠢᠭᠦᠯᠬᠦ᠂ ᠪᠤᠳᠤᠯᠢᠶᠠᠨ ᠲᠠᠢ ᠪᠠᠶᠢᠳᠠᠯ ᠢ ᠠᠵᠢᠭᠯᠠᠨ ᠰᠢᠨᠵᠢᠬᠦ᠂ | ᠵᠦᠢᠴᠢᠯᠡᠨ ᠮᠠᠭᠠᠳᠯᠠᠬᠤ ᠴᠢᠳᠠᠪᠤᠷᠢ ᠶᠢ ᠨᠢ ᠲᠡᠭᠡᠭᠰᠢᠯᠡᠭᠦᠯᠳᠡᠭ᠃ | ᠮᠤᠩᠭᠤᠯ ᠰᠢᠳᠠᠷ᠎ᠠ ᠶᠢᠨ ᠬᠦᠦ ᠲᠠᠶᠢᠰᠤᠨ ᠤ ᠠᠷᠤ ᠬᠠᠯᠬᠠᠪᠴᠢ ᠳᠤ ᠭᠠᠷᠤᠭᠰᠠᠨ ᠤ ᠰᠡᠭᠦᠯᠡᠷ ᠬᠠᠮᠤᠭ ᠡᠴᠦᠰ | ᠤᠨ ᠬᠦᠨᠳᠡᠯᠡᠨ ᠱᠤᠭᠤᠮ ᠳᠤ ᠬᠦᠷᠪᠡᠯ ᠲᠡᠷᠡ ᠲᠤᠤᠷ᠎ᠠ ᠪᠠᠨ ᠶᠠᠮᠠᠷ ᠨᠢᠭᠡᠨ ᠪᠤᠳᠠ ᠦᠭᠡᠢ ᠭᠠᠵᠠᠷ ᠪᠠᠶᠢᠪᠠᠯ ᠲᠡᠭᠦᠨ ᠢ | ᠨᠦᠬᠦᠪᠦᠷᠢᠯᠡᠨ᠎ᠡ᠃ ᠡᠨᠡ ᠨᠢ ᠰᠤᠯᠠ ᠴᠡᠷᠢᠭ ᠪᠤᠯᠪᠠᠴᠤ ᠭᠠᠪᠢᠶ᠎ᠠ ᠪᠠᠶᠢᠭᠤᠯᠵᠤ ᠲᠠᠶᠢᠰᠤᠨ ᠤ ᠠᠷᠤ ᠪᠠᠬᠢᠯᠡᠯᠳᠡ ᠳᠤ | ᠬᠦᠷᠦᠭᠰᠡᠨ ᠲᠤᠯᠠ ᠲᠠᠶᠢᠨ ᠪᠠᠶᠢᠯᠳᠤᠭᠠᠨ ᠤ ᠲᠤᠮᠳᠠ ᠶᠠᠮᠠᠷ ᠨᠢᠭᠡᠨ ᠦᠬᠦᠭᠰᠡᠨ ᠵᠠᠩᠵᠤᠨ ᠢ ᠤᠷᠤᠯᠠᠵᠤ ᠲᠠᠶᠢᠨ | ᠪᠠᠶᠢᠯᠳᠤᠭᠠᠨ ᠢ ᠤᠳᠤᠷᠢᠳᠤᠨ ᠶᠠᠪᠤᠭᠤᠯᠵᠤ ᠪᠠᠶᠢᠭ᠎ᠠ ᠶᠠᠪᠤᠳᠠᠯ ᠪᠤᠯᠤᠨ᠎ᠠ᠃ | ᠮᠤᠩᠭᠤᠯ ᠰᠢᠳᠠᠷ᠎ᠠ ᠶᠢᠨ ᠢᠯᠠᠭᠰᠠᠨ ᠡᠳᠡᠭᠡᠳ ᠨᠢ ᠶᠠᠮᠠᠷ ᠶᠡᠭᠡ ᠱᠦᠭᠦᠳᠡᠯ ᠢᠶᠠᠷ ᠢᠯᠠᠭᠰᠠᠨ ᠪᠤᠯᠪᠠᠴᠤ ᠨᠦᠭᠦᠬᠡ | ᠡᠳᠡᠭᠡᠳ ᠲᠤ ᠪᠠᠨ ᠵᠠᠪᠠᠯ ᠨᠢᠭᠡ ᠬᠦᠦ ᠦᠯᠡᠳᠡᠭᠡᠨ ᠦᠭᠬᠦ ᠶᠤᠰᠤᠳᠠᠢ᠂ ᠡᠨᠡ ᠨᠢ ᠮᠤᠩᠭᠤᠯᠴᠤᠳ ᠠᠮᠢᠳᠤᠷᠠᠯ ᠪᠠ | ᠲᠠᠶᠢᠨ ᠪᠠᠶᠢᠯᠳᠤᠭᠠᠨ ᠤ ᠲᠤᠮᠳᠠ ᠪᠠᠨ ᠡᠰᠡᠷᠬᠦ ᠲᠠᠶᠢᠰᠤᠨ ᠳᠤ ᠪᠠᠨ ᠵᠠᠪᠠᠯ ᠨᠢᠭᠡ ᠬᠦᠦ ᠦᠯᠡᠳᠡᠭᠡᠨ ᠦᠭᠬᠦ ᠶᠤᠰᠤ ᠶᠢ | ᠵᠢᠷᠤᠮᠯᠠᠨ ᠬᠦᠮᠦᠨ ᠢ ᠦᠷ᠎ᠡ ᠠᠴᠢ ᠨᠠᠷ ᠦᠭᠡᠢ ᠪᠤᠯᠳᠠᠯ᠎ᠠ ᠦᠨᠳᠦᠰᠦ ᠶᠢ ᠨᠢ ᠲᠠᠰᠤᠯᠬᠤ ᠶᠢ ᠤᠨᠴᠠ ᠴᠡᠭᠡᠷᠯᠡᠳᠡᠭ | ᠵᠠᠩᠰᠢᠯ ᠠᠴᠠ ᠢᠷᠡᠭᠰᠡᠨ ᠲᠦᠷᠢᠮ ᠪᠤᠯᠤᠨ᠎ᠠ ᠃ | ᠮᠤᠷᠢ ᠪᠠᠷ ᠱᠦᠭᠦᠳᠡᠯ ᠤᠨ ᠨᠢᠭᠡᠨ ᠪᠠᠭᠠᠵᠢ ᠪᠤᠯᠭᠠᠨ ᠱᠠᠯᠠᠵᠤ ᠦᠩᠭᠡᠷᠡᠭᠦᠯᠬᠦ ᠠᠴᠠ ᠪᠢᠰᠢ ᠬᠠᠮᠤᠭ ᠲᠡᠭᠦᠰᠭᠡᠯ | ᠤᠨ ᠱᠠᠯᠠᠭ᠎ᠠ ᠬᠢᠬᠦ ᠶᠢ ᠴᠡᠭᠡᠷᠯᠡᠨ᠎ᠡ᠃ ᠡᠨᠡ ᠨᠢ ᠮᠤᠩᠭᠤᠯ ᠤᠨ ᠠᠮᠢᠳᠤᠷᠠᠯ ᠤᠨ ᠲᠤᠮᠳᠠ᠂ ᠬᠦᠮᠦᠨ ᠢ ᠮᠤᠷᠢᠨ | ᠴᠢᠳᠤᠷ ᠢᠶᠠᠷ ᠴᠢᠳᠦᠷᠯᠡᠬᠦ ᠦᠭᠡᠢ ᠵᠠᠩᠰᠢᠯ ᠠᠴᠠ ᠢᠷᠡᠯ ᠲᠠᠢ ᠪᠠᠶᠢᠵᠤ ᠮᠡᠳᠡᠨ᠎ᠡ ᠃ | ᠮᠤᠩᠭᠤᠯ ᠰᠢᠳᠠᠷ᠎ᠠ ᠶᠢᠨ ᠬᠠᠮᠤᠭ ᠶᠡᠭᠡ ᠱᠦᠭᠦᠳᠡᠯ ᠳ᠋ᠠᠮᠳᠠᠭᠠᠷ ᠪᠤᠯ ᠨᠡᠶᠢᠳᠡ ᠲᠠᠪᠤᠨ ᠱᠠᠯᠠᠭ᠎ᠠ ᠪᠠᠷ ᠱᠠᠯᠠᠵᠤ | ᠲᠡᠭᠦᠰᠬᠡᠨ᠎ᠡ᠃ ᠱᠠᠯᠠᠭ᠎ᠠ ᠪᠦᠷᠢ ᠶᠢᠨ ᠲᠤᠭᠳᠠᠭᠰᠠᠨ ᠦᠭᠡᠰ ᠨᠢ ᠄ | ᠲᠡᠭᠷᠢ ᠶᠢᠨ ᠬᠦᠦ ᠳ᠋ᠠᠮᠳᠠᠭᠠᠷ ᠲᠡᠷᠢᠭᠦᠨ | ᠲᠡᠭᠡᠷ᠎ᠡ ᠴᠢᠨᠢ ᠨᠢᠷᠭᠢᠨᠡ ᠱᠠ ᠂ | ᠬᠠᠰᠠᠭ ᠲᠡᠷᠭᠡ ᠪᠠᠷ ᠲᠠᠭᠠᠷᠢᠭᠤᠯᠤᠨᠠ ᠱᠠ᠂ | ᠬᠠᠷ᠎ᠠ ᠪᠤᠤᠷ᠎ᠠ ᠪᠠᠷ ᠲᠡᠪᠰᠡᠭᠦᠯᠦᠨᠡ ᠱᠠ ᠂ | ᠦᠷᠦᠭᠡᠯᠳᠦ ᠮᠤᠷᠢ ᠪᠠᠷ ᠢᠰᠭᠦᠯᠦᠭᠦᠯᠦᠨᠡ ᠱᠠ ᠂ | ᠦᠨᠦᠴᠢᠨ ᠬᠦᠦ ᠪᠠᠷ ᠦᠬᠦᠬᠦᠯᠦᠨᠡ ᠱᠠ ᠭᠡᠮᠡᠨ ᠲᠡᠭᠦᠰᠭᠡᠨ᠎ᠡ ᠃ | ︽ᠱᠠ︾ ᠭᠡᠭᠴᠢ ᠨᠢ ᠱᠠᠯᠠᠭ᠎ᠠ ᠶᠢ ᠲᠦᠭᠦᠮᠴᠢᠯᠡᠭᠰᠡᠨ ᠮᠤᠩᠭᠤᠯ ᠰᠢᠳᠠᠷ᠎ᠠ ᠶᠢᠨ ᠲᠤᠰᠬᠠᠢ ᠨᠡᠷᠡᠰ᠃ | ᠬᠤᠶᠠᠷ᠂ ᠮᠤᠩᠭᠤᠯ ᠰᠢᠳᠠᠷ᠎ᠠ ᠪᠤᠯᠤᠨ ᠲᠡᠯᠡᠭᠡᠢ ᠶᠢᠨ ᠰᠢᠳᠠᠷ᠎ᠠ ᠶᠢᠨ ᠵᠦᠷᠢᠶ᠎ᠡ | ᠮᠤᠩᠭᠤᠯ ᠰᠢᠳᠠᠷ᠎ᠠ 800 ᠤᠨ ᠤ ᠲᠡᠤᠬᠡ ᠲᠠᠢ᠂ ᠲᠡᠯᠡᠭᠡᠢ ᠶᠢᠨ ᠰᠢᠳᠠᠷ᠎ᠠ 13 ᠳ᠋ᠤᠭᠠᠷ ᠵᠠᠭᠤᠨ ᠤ ᠦᠶ᠎ᠡ | ᠠᠴᠠ ᠡᠭᠦᠰᠦᠭᠰᠡᠨ ᠲᠡᠤᠬᠡ ᠲᠠᠢ᠂ ᠮᠤᠩᠭᠤᠯ ᠰᠢᠳᠠᠷ᠎ᠠ ᠪᠤᠯᠤᠨ ᠲᠡᠯᠡᠭᠡᠢ ᠶᠢᠨ ᠰᠢᠳᠠᠷ᠎ᠠ ᠶᠢᠨ ᠬᠦᠯᠬᠡ᠂ ᠰᠠᠭᠤᠳᠠᠯ᠂ | ᠬᠦᠦ ᠪᠤᠳᠠ ᠶᠢᠨ ᠲᠤᠭ᠎ᠠ ᠨᠢᠭᠡᠨ ᠠᠳᠠᠯᠢ ᠵᠦᠪᠬᠡᠨ ᠨᠡᠭᠦᠳᠡᠯᠯᠡᠬᠦ ᠠᠷᠭ᠎ᠠ ᠨᠢ ᠵᠦᠷᠢᠶ᠎ᠡ ᠲᠠᠢ᠃ | ᠲᠡᠯᠡᠬᠡᠢ ᠶᠢᠨ ᠰᠢᠳᠠᠷ᠎ᠠ ᠪᠤᠯ ᠨᠤᠶᠠᠨ ᠪᠠ ᠲᠡᠷᠭᠡ ᠬᠦᠳᠡᠯᠦᠭᠰᠡᠨ ᠦᠭᠡᠢ ᠪᠤᠯ ᠬᠤᠶᠠᠭᠤᠯᠠ ᠰᠠᠭᠤᠳᠠᠯ ᠢᠶᠠᠨ ᠰᠤᠯᠢᠵᠤ | ᠪᠤᠯᠤᠨ᠎ᠠ᠃ | ᠮᠤᠩᠭᠤᠯ ᠰᠢᠳᠠᠷ᠎ᠠ ᠬᠦᠳᠡᠯᠭᠦ ᠡᠰᠡᠬᠦ ᠶᠢ ᠬᠠᠮᠢᠶᠠᠷᠬᠤ ᠦᠭᠡᠢ᠂ ᠨᠤᠶᠠᠨ᠂ ᠲᠡᠷᠭᠡ ᠶᠢᠨ ᠰᠠᠭᠤᠳᠠᠯ ᠢ ᠶᠠᠷᠦ | ᠰᠤᠯᠢᠵᠤ ᠪᠤᠯᠬᠤ ᠦᠭᠡᠢ᠃ | ᠲᠡᠯᠡᠬᠡᠢ ᠶᠢᠨ ᠰᠢᠳᠠᠷ᠎ᠠ ᠡᠬᠢᠯᠡᠨ ᠨᠡᠭᠦᠭᠦ ᠦᠶ᠎ᠡ ᠳᠤ ᠪᠤᠳᠠ ᠪᠤᠶᠤ ᠬᠦᠦ ᠶᠢᠨ ᠠᠯᠢ ᠨᠢ ᠴᠤ ᠪᠦᠷ ᠤᠷᠢᠳᠴᠢᠯᠡᠨ | ᠨᠡᠭᠦᠵᠦ ᠪᠤᠯᠤᠨ᠎ᠠ᠃ ᠮᠤᠩᠭᠤᠯ ᠰᠢᠳᠠᠷ᠎ᠠ ᠶᠢᠨ ᠡᠬᠢᠯᠡᠯ ᠤᠨ ᠨᠡᠭᠦᠳᠡᠯ ᠡᠷᠬᠡᠪᠰᠢ ᠪᠠᠷᠰ ᠤᠨ ᠡᠮᠦᠨᠡᠬᠢ ᠬᠦᠦ ᠤᠷᠤᠭᠰᠢ | ᠨᠡᠬᠦᠬᠦ ᠪᠤᠶᠤ ᠬᠤᠶᠠᠷ ᠡᠳᠡᠭᠡᠳ ᠬᠠᠷᠢᠯᠴᠠᠨ ᠲᠤᠭᠳᠠᠭᠰᠠᠨ ᠪᠠᠶᠢᠪᠠᠯ ᠨᠤᠶᠠᠨ ᠤ ᠡᠮᠦᠨᠡᠬᠢ ᠬᠦᠦ ᠠᠴᠠ ᠡᠬᠢᠯᠡᠨ | ᠨᠡᠬᠦᠬᠦ ᠵᠠᠩᠰᠢᠯ ᠲᠠᠢ᠃ ᠭᠡᠪᠡᠴᠦ ᠪᠤᠰᠤᠳ ᠪᠤᠳᠠ ᠪᠠ ᠬᠦᠦ ᠠᠴᠠ ᠡᠬᠢᠯᠡᠨ ᠨᠡᠭᠦᠵᠦ ᠪᠤᠯᠬᠤ ᠦᠭᠡᠢ᠃ | ᠲᠡᠯᠡᠭᠡᠢ ᠶᠢᠨ ᠰᠢᠳᠠᠷ᠎ᠠ ᠶᠢᠨ ᠬᠦᠦ ᠡᠬᠢᠯᠡᠨ ᠤᠷᠤᠭᠰᠢ ᠨᠡᠭᠦᠭᠦ ᠳᠤ ᠪᠠᠨ ᠨᠢᠭᠡ ᠪᠤᠶᠤ ᠬᠤᠶᠠᠷ ᠰᠠᠭᠤᠳᠠᠯ ᠢᠶᠠᠷ | ᠪᠦᠷ ᠤᠷᠤᠭᠰᠢ ᠨᠡᠭᠦᠵᠦ ᠪᠤᠯᠤᠨ᠎ᠠ᠃ ᠮᠤᠩᠭᠤᠯ ᠰᠢᠳᠠᠷ᠎ᠠ ᠶᠢᠨ ᠨᠤᠶᠠᠨ ᠪᠤᠶᠤ ᠪᠠᠷᠰ ᠤᠨ ᠡᠮᠦᠨᠡᠬᠢ ᠬᠦᠦ ᠡᠬᠢᠯᠡᠨ | ᠨᠡᠭᠦᠭᠦ ᠳᠤ ᠪᠠᠨ ᠨᠢᠭᠡ ᠪᠤᠶᠤ ᠬᠤᠶᠠᠷ ᠰᠠᠭᠤᠳᠠᠯ ᠨᠡᠭᠦᠵᠤ ᠪᠤᠯᠬᠤ ᠠᠴᠠ ᠭᠠᠳᠠᠨ᠎ᠠ᠂ ᠪᠤᠰᠤᠳ ᠬᠦᠦ ᠨᠢ ᠪᠦᠷ ᠨᠢᠭᠡ | ᠨᠢᠭᠡ ᠰᠠᠭᠤᠳᠠᠯ ᠢᠶᠠᠷ ᠨᠡᠬᠦᠬᠦ ᠶᠤᠰᠤ ᠲᠠᠢ᠃ | ᠲᠡᠯᠡᠬᠡᠢ ᠶᠢᠨ ᠰᠢᠳᠠᠷ᠎ᠠ ᠳᠤ ᠮᠤᠷᠢ ᠪᠤᠶᠤ ᠲᠡᠮᠡᠭᠡ ᠲᠤᠬᠢᠶᠠᠯ ᠲᠠᠢ ᠪᠤᠯ ᠰᠢᠭᠤᠳ ᠨᠤᠶᠠᠨ ᠢ ᠱᠠᠯᠠᠵᠤ ᠲᠡᠭᠦᠰᠬᠡᠨ᠎ᠡ | ᠃ ᠮᠤᠩᠭᠤᠯ ᠰᠢᠳᠠᠷ᠎ᠠ ᠶᠢᠨ ᠮᠤᠷᠢ ᠲᠡᠮᠡᠭᠡ ᠵᠦᠪᠬᠡᠨ ᠱᠠᠯᠠᠵᠤ ᠦᠩᠭᠡᠷᠡᠬᠦᠯᠬᠦ ᠠᠴᠠ ᠪᠢᠰᠢ ᠰᠢᠭᠤᠳ ᠱᠠᠯᠠᠵᠤ | ᠦᠬᠦᠬᠦᠯᠵᠦ ᠪᠤᠯᠬᠤ ᠦᠭᠡᠢ᠃ ᠡᠨᠡ ᠨᠢ ᠠᠮᠢᠳᠠᠨ ᠬᠦᠮᠦᠨ ᠢ ᠠᠯᠠᠵᠤ ᠪᠤᠯᠬᠤ ᠦᠭᠡᠢ ᠭᠡᠰᠡᠨ ᠵᠠᠩᠰᠢᠯ ᠠᠴᠠ | ᠢᠷᠡᠭᠰᠡᠨ ᠪᠠᠶᠢᠨ᠎ᠠ᠃ | ᠲᠡᠯᠡᠬᠡᠢ ᠶᠢᠨ ᠰᠢᠳᠠᠷ᠎ᠠ ᠳᠤ ᠵᠠᠪᠰᠢᠶᠠᠨ ᠲᠠᠢ ᠪᠤᠯ ᠪᠤᠳᠠ ᠪᠠ ᠬᠦᠦ ᠶᠢ ᠪᠦᠷ ᠢᠳᠡᠬᠦ ᠶᠢ ᠬᠢᠵᠠᠭᠠᠷᠯᠠᠬᠤ | ᠦᠭᠡᠢ᠂ ᠮᠤᠩᠭᠤᠯ ᠰᠢᠳᠠᠷ᠎ᠠ ᠳᠤ ᠪᠤᠯ ᠨᠢᠭᠡ ᠪᠤᠳᠠ ᠪᠤᠶᠤ ᠨᠢᠭᠡ ᠬᠦᠦ ᠦᠯᠡᠳᠡᠭᠡᠬᠦ ᠶᠤᠰᠤ ᠲᠠᠢ᠃ ᠨᠢᠭᠡ ᠪᠤᠳᠠ | ᠦᠯᠡᠳᠡᠭᠡᠬᠦ ᠨᠢ ᠬᠦᠮᠦᠨ ᠤ ᠠᠮᠢᠳᠤᠷᠠᠯ ᠢ ᠬᠤᠭᠤᠰᠤᠷᠠᠳᠠᠯ᠎ᠠ ᠦᠭᠡᠢ ᠪᠤᠯᠭᠠᠬᠤ ᠶᠢ ᠴᠡᠭᠡᠷᠯᠡᠭᠰᠡᠨ ᠮᠤᠩᠭᠤᠯ ᠵᠠᠩᠰᠢᠯ | ᠠᠴᠠ ᠢᠷᠡᠭᠰᠡᠨ ᠪᠠᠶᠢᠨ᠎ᠠ᠃ | | ᠲᠡᠮᠤᠷᠵᠢᠷᠦᠬᠡ ᠠᠷᠣᠣᠬᠠᠨ | | | | | | | | | | | | | | | | | | | | |