ᠪᠤᠳᠠᠰ ᠤᠨ ᠪᠤᠰᠤ ᠰᠤᠶᠤᠯ ᠤᠨ ᠦᠪ ᠊᠊᠊᠊᠊᠊ ᠬᠤᠷᠢᠨ ᠳᠦᠷᠪᠠᠨ ᠴᠠᠭ ᠤᠯᠠᠷᠢᠯ
ᠨᠡᠶᠢᠲᠡᠯᠡᠭᠰᠡᠨ ᠴᠠᠭ᠄
2022/12/5
   ᠬᠤᠷᠢᠨ ᠲᠦᠷᠪᠠᠨ ᠴᠠᠭ ᠤᠯᠠᠷᠢᠯ ᠪᠤᠯ ᠲᠤᠮᠳᠠᠳᠤ ᠶᠢᠨ ᠦᠨᠳᠤᠰᠤᠳᠠᠨ ᠤ ᠦᠨᠢ ᠤᠳᠠᠭᠠᠨ ᠲᠡᠤᠭᠡ ᠰᠤᠶᠤᠯ  ᠤᠨ ᠴᠢᠬᠤᠯᠠ ᠪᠦᠷᠢᠯᠳᠤᠭᠦᠨ ᠬᠡᠰᠡᠭ᠂ ᠮᠠᠨ  ᠤ ᠤᠯᠤᠰ ᠤᠨ ᠡᠷᠳᠡᠨ ᠤ ᠦᠷᠭᠡᠨ ᠤᠯᠠᠨ ᠬᠦᠳᠡᠯᠮᠤᠷᠢᠴᠢᠨ ᠠᠷᠠᠳ ᠲᠦᠮᠠᠨ  ᠨᠠᠷᠠᠨ ᠤ ᠵᠢᠯ ᠤᠨ ᠬᠦᠳᠡᠯᠭᠡᠭᠡᠨ ᠪᠤᠯᠤᠨ ᠬᠠᠷᠠᠭᠠᠯᠵᠠᠬᠰᠠᠨ ᠲᠠᠷᠢᠶᠠᠯᠠᠩ ᠦᠢᠯᠡᠳᠪᠤᠷᠢᠯᠠᠯ᠂ ᠭᠠᠵᠠᠷ ᠵᠦᠢ᠂ ᠠᠭᠤᠷ ᠠᠮᠢᠰᠬᠤᠯ᠂ ᠠᠮᠢᠳᠤ ᠪᠤᠳᠠᠰ ᠵᠡᠷᠭᠡ ᠶᠢᠨ ᠠᠵᠢᠯᠯᠠᠭᠠᠨ ᠤ ᠵᠢᠮ᠎ᠡ ᠶᠣᠰᠣ  ᠶᠢ ᠠᠵᠢᠬᠯᠠᠬᠤ ᠪᠠᠷ ᠲᠡᠮᠵᠢᠨ ᠳ᠋ᠦᠩᠨᠡᠨ ᠪᠦᠷᠢᠯᠳᠦᠭᠦᠯᠦᠭᠰᠡᠨ ᠴᠠᠭ ᠤᠨ ᠰᠢᠰᠲ᠋ᠧᠮ ᠪᠤᠯᠤᠨ᠎ᠠ᠂ ᠳᠤᠮᠳᠠᠳᠤ ᠤᠯᠤᠰ  ᠤᠨ ᠠᠷᠠᠳ ᠲᠦᠮᠡᠨ ᠤ ᠤᠶᠤᠨ ᠤᠬᠠᠭᠠᠨ ᠤ ᠤᠬᠢ ᠲᠠᠯᠠᠰ ᠮᠥᠨ᠃   ᠬᠤᠷᠢᠨ ᠲᠦᠷᠪᠡᠨ ᠴᠠᠭ ᠤᠯᠠᠷᠢᠯ ᠨᠢ ᠮᠠᠨ ᠤ ᠤᠯᠤᠰ ᠤᠨ ᠲᠠᠷᠢᠶᠠᠯᠠᠬᠤ ᠰᠣᠶᠣᠯ ᠲᠠᠢ ᠨᠢᠭᠲᠠ ᠲᠦᠰᠢᠭᠯᠡᠯᠴᠡᠵᠦ ᠂ ᠤᠯᠠᠮᠵᠢᠯᠠᠯᠳᠤ ᠲᠠᠷᠢᠶᠠᠯᠠᠩ ᠦᠢᠯᠡᠳᠪᠤᠷᠢᠯᠠᠯ ᠪᠠ ᠡᠳᠤᠷ ᠲᠤᠳᠤᠮ ᠤᠨ ᠠᠮᠢᠳᠤᠷᠠᠯ ᠢ ᠵᠢᠯᠤᠭᠤᠳᠴᠤ᠂ ᠲᠤᠮᠳᠠᠳᠤ ᠤᠯᠤᠰ ᠤᠨ ᠤᠯᠠᠮᠵᠢᠯᠠᠯᠳᠤ ᠴᠠᠭ ᠤᠯᠠᠷᠢᠯ ᠤᠨ ᠬᠠᠤᠯᠢ ᠶᠢᠨ ᠰᠢᠰᠲ᠋ᠧᠮ ᠵᠢᠴᠢ ᠲᠡᠭᠦᠨ ᠲᠠᠢ ᠬᠤᠯᠪᠤᠬᠳᠠᠬᠰᠠᠨ ᠦᠢᠯᠡᠳᠤᠯᠭᠡ ᠶᠢᠨ ᠠᠵᠢᠯᠯᠠᠭᠠᠨ ᠤ ᠴᠢᠬᠤᠯᠠ ᠪᠦᠷᠢᠯᠳᠤᠭᠦᠨ ᠬᠡᠰᠡᠭ ᠮᠦᠨ᠃ ᠤᠯᠠᠨ ᠤᠯᠤᠰ ᠤᠨ ᠴᠠᠭ ᠠᠭᠤᠷ ᠤᠨ  ᠬᠢᠨ᠂ ᠬᠤᠷᠢᠨ ᠲᠦᠷᠪᠠᠨ ᠴᠠᠭ ᠤᠯᠠᠷᠢᠯ ᠢ ︽ᠲᠤᠮᠳᠠᠳᠤ ᠤᠯᠤᠰ ᠤᠨ ᠲᠠᠪᠤᠳᠤᠭᠠᠷ ᠶᠡᠭᠡ ᠡᠭᠦᠳᠤᠯᠳᠠ︾ ᠬᠡᠪᠠ︔ 2016 ᠣᠨ ᠳᠤ᠂ ︽ᠬᠤᠷᠢᠨ ᠳᠥᠷᠪᠡᠨ ᠴᠠᠭ ᠤᠯᠠᠷᠢᠯ︾ ᠨᠢ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ  ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠰᠣᠶᠣᠯ ᠤᠨ ᠵᠣᠬᠢᠶᠠᠨ ᠪᠠᠶᠢᠭᠤᠯᠤᠯᠲᠠ ᠶᠢᠨ ᠬᠥᠮᠦᠨ ᠲᠥᠷᠥᠯᠬᠢᠲᠡᠨ  ᠤ ᠪᠣᠳᠠᠰ ᠤᠨ ᠪᠤᠰᠤ ᠰᠣᠶᠣᠯ ᠤᠨ ᠦᠪ ᠤᠨ ᠨᠡᠷᠡᠰ ᠤᠨ ᠵᠢᠭᠰᠠᠭᠠᠯᠲᠠ ᠳᠤ ᠵᠢᠩᠬᠢᠨᠢ ᠪᠠᠷ ᠵᠢᠭᠰᠠᠭᠠᠭᠳᠠᠵᠤ᠂ ᠮᠠᠨ  ᠤ ᠤᠯᠤᠰ  ᠤᠨ ᠬᠤᠷᠢᠨ ᠳᠥᠷᠪᠡᠨ ᠴᠠᠭ ᠤᠯᠠᠷᠢᠯ ᠤᠨ ᠲᠡᠦᠬᠡᠨ ᠪᠠᠶᠢᠷᠢ ᠰᠠᠭᠤᠷᠢ ᠶᠢ ᠭᠦᠶᠴᠡᠳ ᠭᠡᠷᠡᠴᠢᠯᠡᠭᠰᠡᠨ ᠪᠠᠶᠢᠨ᠎ᠠ᠃   ᠬᠤᠷᠢᠨ ᠲᠦᠷᠪᠠᠨ ᠴᠠᠭ ᠤᠯᠠᠷᠢᠯ ᠤᠨ ᠢᠷᠡᠯᠳᠠ   ᠬᠤᠷᠢᠨ ᠲᠦᠷᠪᠠᠨ ᠴᠠᠭ ᠤᠯᠠᠷᠢᠯ ᠨᠢ ᠬᠠᠳᠤᠨ ᠭᠤᠤᠯ ᠤᠨ ᠰᠠᠪᠠ ᠭᠠᠵᠠᠷ ᠠᠴᠠ ᠡᠭᠦᠰᠤᠯ ᠲᠠᠢ᠃ ᠠᠯᠤᠰ ᠡᠷᠳᠡ ᠶᠢᠨ ᠴᠦᠨ ᠴᠢᠤ ᠶᠢᠨ ᠦᠶ᠎ᠠ ᠳᠤ᠂ ᠲᠤᠮᠳᠠᠳᠤ ᠤᠯᠤᠰ ᠤᠨ ᠡᠷᠳᠡᠨ ᠤ ᠮᠡᠷᠭᠡᠳ ᠲᠠᠷᠤᠢ ᠬᠠᠪᠤᠷ ᠤᠨ ᠬᠤᠭᠤᠰ᠂ ᠵᠤᠨ ᠤ ᠬᠤᠭᠤᠰ᠂ ᠨᠠᠮᠤᠷ ᠤᠨ ᠬᠤᠭᠤᠰ ᠪᠠ ᠡᠪᠤᠯ ᠤᠨ ᠬᠤᠭᠤᠰ ᠵᠡᠷᠭᠡ ᠲᠦᠷᠪᠠᠨ ᠴᠠᠭ ᠤᠯᠠᠷᠢᠯ ᠢ ᠲᠤᠬᠳᠠᠭᠠᠵᠤ᠂ ᠬᠤᠵᠢᠮ ᠨᠢ ᠲᠠᠰᠤᠷᠠᠯᠳᠠ ᠦᠭᠡᠢ ᠦᠭᠡᠷᠡᠴᠢᠯᠠᠨ ᠰᠠᠶᠢᠵᠢᠷᠠᠭᠤᠯᠵᠤ᠂ ᠪᠠᠷᠠᠭᠤᠨ ᠬᠠᠨ ᠤ ᠡᠬᠢᠨ ᠤ ᠦᠶ᠎ᠠ ᠶᠢᠨ ᠰᠤᠷᠪᠤᠯᠵᠢ ᠪᠢᠴᠢᠭ ︽ᠬᠤᠸᠠᠢ ᠨᠠᠨ ᠽᠢ︾   ᠳᠤ ᠤᠳᠤ ᠶᠢᠨ ᠬᠢ ᠲᠠᠢ ᠪᠦᠷᠢᠮᠤᠰᠤᠨ ᠠᠳᠠᠯᠢ ᠨᠠᠷᠡᠶᠢᠳᠤᠯ ᠲᠠᠢ ᠬᠤᠷᠢᠨ ᠲᠦᠷᠪᠠᠨ ᠴᠠᠭ ᠤᠯᠠᠷᠢᠯ ᠤᠨ ᠲᠡᠮᠳᠡᠭᠯᠡᠯ ᠪᠤᠢ᠃ ᠨᠠᠶᠢᠳᠠ ᠶᠢᠨ ᠤᠨ ᠲᠤᠭᠠᠯᠠᠯ ᠠᠴᠠ ᠡᠮᠤᠨ᠎ᠠ 104 ᠤᠨ ᠳᠤ ᠲᠤᠬᠳᠠᠭᠠᠬᠰᠠᠨ ︽ ᠲᠠᠢ ᠴᠤ ᠶᠢᠨ ᠵᠢᠷᠤᠬᠠᠢ︾   ᠳᠤ ᠬᠤᠷᠢᠨ ᠲᠦᠷᠪᠠᠨ ᠴᠠᠭ ᠤᠯᠠᠷᠢᠯ ᠢ ᠵᠢᠩᠬᠢᠨᠢ ᠪᠠᠷ ᠪᠢᠴᠢᠨ ᠤᠷᠤᠭᠤᠯᠵᠤ᠂ ᠬᠤᠷᠢᠨ ᠲᠦᠷᠪᠠᠨ ᠴᠠᠭ ᠤᠯᠠᠷᠢᠯ ᠤᠨ ᠤᠳᠤᠨ ᠤᠷᠤᠨ ᠤ ᠪᠠᠶᠢᠷᠢ ᠶᠢ ᠲᠤᠳᠤᠷᠬᠠᠢᠢᠯᠠᠬᠰᠠᠨ ᠪᠠᠶᠢᠨ᠎ᠠ᠃ ᠲᠠᠷᠠ ᠨᠢ ᠴᠠᠭ ᠠᠭᠤᠷ ᠤᠨ ᠬᠤᠪᠢᠷᠠᠯᠳᠠ ᠪᠠ ᠲᠠᠷᠢᠶᠠᠯᠠᠩ ᠤᠨ ᠴᠠᠭ ᠦᠶ᠎ᠠ ᠶᠢ ᠲᠤᠰᠬᠠᠵᠤ᠂ ᠪᠦᠬᠦ ᠤᠯᠤᠰ ᠲᠤ ᠤᠨᠴᠠᠭᠠᠢᠢᠯᠠᠨ ᠬᠦᠳᠡᠭᠡ ᠲᠤᠰᠬᠤᠨ ᠳᠤ ᠡᠷᠦᠭᠡ ᠪᠤᠯᠭᠠᠨ ᠮᠡᠳᠡᠳᠡᠭ ᠃   ᠨᠠᠷᠠ ᠰᠢᠷ᠎ᠠ ᠤᠷᠲᠤᠷᠢᠭ ᠤᠨ ᠲᠡᠭ  ᠭᠷᠠᠳᠦ᠋ᠰ ᠠᠴᠠ ᠡᠬᠢᠯᠡᠵᠦ᠂ ᠰᠢᠷ᠎ᠠ ᠤᠷᠲᠤᠷᠢᠭ ᠤᠨ ᠳᠠᠭᠠᠤ 15 ᠭᠷᠠᠳᠦ᠋ᠰ ᠲᠤᠭᠤᠷᠢᠨ ᠡᠷᠬᠢᠭᠦ ᠪᠦᠷᠢ ᠳᠤ ᠦᠩᠭᠡᠷᠡᠭᠦᠯᠦᠭᠰᠡᠨ ᠴᠠᠭ ᠢ ︽ᠨᠢᠭᠡ ᠴᠠᠭ ᠤᠯᠠᠷᠢᠯ︾ ᠬᠡᠳᠡᠭ᠃ ᠵᠢᠯ ᠪᠦᠷᠢ 360 ᠭᠷᠠᠳᠦ᠋ᠰ ᠠᠶᠠᠯᠠᠵᠤ᠂ ᠨᠠᠶᠢᠳᠠ 24 ᠴᠠᠭ ᠤᠯᠠᠷᠢᠯ‌ᠢ ᠦᠩᠭᠡᠷᠡᠭᠦᠯᠵᠤ᠂ ᠰᠠᠷ᠎ᠠ ᠪᠦᠷᠢ ᠬᠤᠶᠠᠷ ᠴᠠᠭ ᠤᠯᠠᠷᠢᠯ ᠲᠠᠢ᠃ ᠡᠭᠦᠨ ᠳᠤ ᠰᠠᠷ᠎ᠠ ᠪᠦᠷᠢ ᠶᠢᠨ ᠲᠦᠷᠦᠭᠦᠦ ᠴᠠᠭ ᠤᠯᠠᠷᠢᠯ ᠢ ︽ᠴᠠᠭ ᠤᠯᠠᠷᠢᠯ︾ ᠬᠡᠵᠤ᠂ ᠲᠠᠷᠤᠢ᠄ ᠬᠠᠪᠤᠷ ᠤᠨ ᠠᠭᠤᠷ᠂ ᠢᠴᠡᠭᠰᠡᠳ ᠬᠦᠳᠡᠯᠭᠦ᠂ ᠬᠠᠩᠰᠢ᠂ ᠵᠤᠨ ᠤ ᠠᠭᠤᠷ᠂ ᠪᠠᠭ᠎ᠠ ᠬᠠᠯᠠᠭᠤᠨ᠂ ᠨᠠᠮᠤᠷ ᠤᠨ ᠠᠭᠤᠷ᠂ ᠴᠠᠭᠠᠨ ᠰᠢᠭᠦᠳᠡᠷᠢ᠂ ᠬᠦᠢᠲᠡᠨ ᠰᠢᠭᠦᠳᠡᠷᠢ᠂ ᠡᠪᠦᠯ ᠤᠨ ᠠᠭᠤᠷ᠂ ᠶᠡᠭᠡ ᠴᠠᠰᠤ ᠪᠠ ᠪᠠᠭ᠎ᠠ ᠬᠦᠢᠲᠡᠨ ᠢ ᠬᠡᠯᠡᠨ᠎ᠠ︔ ᠰᠠᠷ᠎ᠠ ᠪᠦᠷᠢ ᠶᠢᠨ ᠬᠤᠶᠠᠳᠠᠬᠢ ᠴᠠᠭ ᠤᠯᠠᠷᠢᠯ ᠢ ︽ᠲᠤᠮᠳᠠ ᠠᠭᠤᠷ ︾ ᠬᠡᠵᠤ᠂ ᠲᠠᠷᠤᠢ ᠬᠤᠷ᠎ᠠ ᠤᠰᠤ᠂ ᠬᠠᠪᠤᠷ ᠤᠨ ᠬᠤᠭᠤᠰ᠂ ᠲᠠᠷᠢᠶᠠᠯᠠᠩ ᠤᠨ ᠬᠤᠷ᠎ᠠ᠂ ᠦᠴᠦᠭᠡᠨ ᠲᠦᠭᠦᠷᠡᠩ᠂ ᠵᠣᠨ ᠤ ᠲᠦᠢᠯ᠂ ᠶᠡᠭᠡ ᠬᠠᠯᠠᠭᠤᠨ᠂ ᠬᠠᠯᠠᠭᠤᠨ ᠡᠭᠡᠭᠦ᠂ ᠨᠠᠮᠤᠷ ᠤᠨ ᠬᠤᠭᠤᠰ᠂ ᠬᠢᠷᠠᠭᠤ ᠤᠨᠠᠬᠤ᠂ ᠪᠠᠭ᠎ᠠ ᠴᠠᠰᠤ᠂ ᠡᠪᠦᠯ ᠤᠨ ᠲᠦᠢᠯ ᠪᠠ ᠶᠡᠭᠡ ᠬᠦᠢᠲᠡᠨ ᠢ ᠬᠡᠯᠡᠨ᠎ᠠ᠃ ︽ᠴᠠᠭ ᠤᠯᠠᠷᠢᠯ︾ ᠪᠠ ︽ᠳᠤᠮᠳᠠ ᠠᠭᠤᠷ︾ ᠡᠭᠡᠯᠵᠢᠯᠡᠨ ᠢᠯᠡᠷᠡᠵᠦ᠂ ᠲᠤᠰᠪᠦᠷᠢ 15 ᠡᠳᠦᠷ ᠪᠠᠶᠢᠳᠠᠭ᠂ ᠣᠳᠣ  ᠨᠢᠭᠡᠨᠲᠡ ᠶᠡᠷᠦᠩᠬᠡᠶ ᠳᠤ ᠨᠢ ︽ᠴᠠᠭ ᠤᠯᠠᠷᠢᠯ︾ ᠭᠡᠵᠦ ᠨᠡᠷᠡᠯᠡᠵᠦ ᠪᠠᠶᠢᠨ᠎ᠠ ᠃   ᠬᠤᠷᠢᠨ ᠲᠦᠷᠪᠠᠨ ᠴᠠᠭ ᠤᠯᠠᠷᠢᠯ ᠤᠨ ᠠᠭᠤᠯᠬᠤᠨ   ᠬᠠᠪᠤᠷ ᠤᠨ ᠠᠭᠤᠷ᠄ ᠠᠮᠢᠵᠢᠷᠠᠯ ᠤᠨ ᠬᠦᠴᠤᠨ ᠪᠢᠯᠬᠠᠬᠰᠠᠨ ᠬᠠᠪᠤᠷ ᠤᠨ ᠤᠯᠠᠷᠢᠯ ᠬᠦᠷᠴᠤ ᠢᠷᠡᠭᠰᠡᠨ ᠢ ᠢᠯᠡᠷᠬᠡᠶᠢᠯᠡᠨ᠎ᠡ᠂ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 2 ᠰᠠᠷ᠎ᠠ ᠶᠢᠨ 3  ᠤ ᠡᠳᠤᠷ ᠠᠴᠠ 5   ᠤ ᠡᠳᠦᠷ ᠤᠨ ᠬᠤᠭᠤᠷᠤᠨᠳᠤ ᠲᠤᠬᠢᠶᠠᠯᠳᠤᠳᠠᠭ᠂ ᠲᠤᠮᠳᠠᠳᠤᠴᠤᠳ ᠡᠷᠳᠡ ᠲᠡᠭᠡᠳᠤᠰ ᠠᠴᠠ ᠬᠠᠪᠤᠷ ᠤᠨ ᠠᠭᠤᠷ ᠤᠷᠤᠬᠤ ᠶᠢ ᠰᠢᠨ᠎ᠠ ᠡᠬᠢᠯᠠᠯᠳᠠ᠂ ᠲᠦᠮᠡᠨ ᠪᠤᠳᠠᠰ ᠰᠡᠷᠭᠦᠳᠡᠭ ᠬᠡᠵᠤ ᠮᠠᠰᠢ ᠬᠦᠨᠳᠤᠳᠭᠡᠨ ᠴᠢᠬᠤᠯᠠᠴᠢᠯᠠᠳᠠᠭ ᠃ ᠡᠨᠡ ᠦᠶ᠎ᠡ ᠳᠤ᠂ ᠬᠥᠮᠦᠰ ᠡᠳᠦᠷ ᠣᠷᠳᠣ ᠪᠣᠯᠤᠭᠰᠠᠨ ᠢ ᠢᠯᠡᠷᠬᠡᠶ ᠰᠡᠷᠡᠨ ᠮᠡᠳᠡᠵᠤ᠂ ᠠᠭᠠᠷ ᠤᠨ ᠳᠤᠯᠠᠭᠠᠨ᠂ ᠨᠡᠷᠡᠨ ᠤ ᠲᠤᠰᠤᠯᠲᠠ᠂ ᠪᠣᠷᠣᠭᠠᠨ ᠡᠬᠢᠯᠡᠨ ᠳᠡᠭᠡᠭᠰᠢᠯᠡᠬᠦ ᠪᠤᠶᠤ ᠨᠡᠮᠡᠭᠳᠡᠬᠦ ᠪᠣᠯᠤᠨ᠎ᠠ᠃    ᠬᠤᠷ᠎ᠠ ᠤᠰᠤ᠄ ᠠᠭᠤᠷ ᠠᠮᠢᠰᠬᠤᠯ ᠲᠤᠯᠠᠭᠠᠷᠠᠨ ᠮᠦᠰᠤ ᠴᠠᠰᠤ ᠬᠠᠶᠢᠯᠵᠤ᠂ ᠬᠤᠷ᠎ᠠ ᠲᠤᠨᠳᠠᠰᠤ ᠨᠡᠮᠡᠭᠳᠡᠭᠦ ᠪᠤᠯᠬᠤᠷ ᠬᠤᠷ᠎ᠠ ᠤᠰᠤ ᠬᠡᠵᠤ ᠨᠡᠷᠡᠯᠡᠵᠠᠢ᠃ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 2 ᠰᠠᠷ᠎ᠠ  ᠶᠢᠨ 18  ᠤ ᠡᠳᠤᠷ ᠠᠴᠠ 20  ᠤ ᠡᠳᠦᠷ ᠤᠨ ᠬᠤᠭᠤᠷᠤᠨᠳᠤ ᠲᠤᠬᠢᠶᠠᠯᠳᠤᠳᠠᠭ᠂ ᠡᠨᠡ ᠦᠶ᠎ᠡ ᠳᠤ ᠂ ᠠᠭᠠᠷ  ᠤᠨ ᠳᠤᠯᠠᠭᠠᠨ ᠤ ᠳᠡᠭᠡᠭᠰᠢᠯᠡᠬᠦ ᠨᠢ ᠨᠡᠯᠢᠶᠡᠳ ᠲᠦᠷᠭᠡᠨ ᠪᠠᠶᠢᠵᠤ᠂ ᠬᠤᠷ᠎ᠠ ᠪᠣᠷᠣᠭᠠᠨ ᠠᠭᠠᠵᠢᠮ  ᠢᠶᠠᠷ ᠨᠡᠮᠡᠭᠳᠡᠳᠡᠭ᠃    ᠢᠴᠡᠭᠰᠡᠳ ᠬᠦᠳᠡᠯᠭᠦ᠄ ᠠᠭᠤᠷ ᠠᠮᠢᠰᠬᠤᠯ ᠳᠤᠯᠠᠭᠠᠷᠠᠵᠤ᠂ ᠬᠠᠪᠤᠷ ᠤᠨ ᠠᠶᠤᠩᠭ᠎ᠠ ᠡᠬᠢᠯᠡᠨ ᠳᠤᠤᠭᠠᠷᠴᠤ᠂ ᠭᠠᠵᠠᠷ ᠳᠣᠤᠷ᠎ᠠ ᠢᠴᠡᠭᠡᠯᠡᠭᠰᠡᠨ ᠰᠢᠪᠠᠵᠢ ᠶᠢ ᠰᠣᠴᠢᠭᠠᠨ ᠰᠡᠷᠡᠭᠡᠪᠠ ᠭᠡᠰᠡᠨ ᠤᠳᠬ᠎ᠠ ᠲᠠᠢ᠃ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 3 ᠰᠠᠷ᠎ᠠ ᠶᠢᠨ 5  ᠤ ᠡᠳᠦᠷ ᠪᠤᠶᠤ 6  ᠤ ᠡᠳᠤᠷ ᠲᠤᠬᠢᠶᠠᠯᠳᠤᠳᠠᠭ᠂ ᠡᠨᠡ ᠦᠶ᠎ᠡ ᠳᠤ᠂ ᠮᠠᠨ ᠤ ᠤᠯᠤᠰ ᠤᠨ ᠶᠡᠬᠡᠩᠬᠢ ᠬᠡᠰᠡᠭ ᠭᠠᠵᠠᠷ ᠣᠷᠣᠨ ᠤ ᠳᠤᠮᠳᠠᠴᠢ ᠠᠭᠠᠷ ᠤᠨ ᠳᠤᠯᠠᠭᠠᠨ ᠨᠢ ᠳᠡᠭᠡᠭᠰᠢᠯᠡᠭᠡᠳ 0   ᠠᠴᠠ ᠳᠡᠭᠡᠭᠰᠢ ᠪᠣᠯᠳᠠᠭ ᠃   ᠬᠠᠪᠤᠷ ᠤᠨ ᠬᠤᠭᠤᠰ᠄ ᠡᠳᠦᠷ ᠰᠥᠨᠢ ᠶᠢᠨ ᠣᠷᠳᠣ ᠲᠡᠩᠴᠡᠵᠤ᠂ ᠲᠤᠰᠪᠤᠷᠢ 12 ᠴᠠᠭ ᠪᠤᠯᠤᠨ᠎ᠠ ᠂ ᠶᠡᠷᠦ  ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 3 ᠰᠠᠷ᠎ᠠ ᠶᠢᠨ 19  ᠤ ᠡᠳᠤᠷ ᠠᠴᠠ 22  ᠤᠨ ᠡᠳᠦᠷ  ᠤᠨ ᠬᠤᠭᠤᠷᠤᠨᠳᠤ ᠲᠤᠬᠢᠶᠠᠯᠳᠤᠳᠠᠭ᠂ ᠮᠠᠨ ᠤ ᠤᠯᠤᠰ ᠤᠨ ᠶᠡᠬᠡᠩᠬᠢ ᠬᠡᠰᠡᠭ ᠭᠠᠵᠠᠷ ᠣᠷᠣᠨ ᠤ ᠡᠪᠦᠯᠵᠢᠬᠦ ᠲᠠᠷᠢᠮᠠᠯ ᠬᠠᠪᠤᠷ ᠤᠨ ᠤᠯᠠᠷᠢᠯ ᠤᠨ ᠤᠷᠭᠤᠯᠲᠠ ᠶᠢᠨ ᠱᠠᠲᠤᠨ ᠳᠤ ᠣᠷᠣᠳᠠᠭ ᠃   ᠨᠡᠭᠡᠭᠡᠭᠰᠡᠨ ᠬᠠᠩᠰᠢ᠄ ᠬᠠᠩᠰᠢ ᠶᠢᠨ ᠡᠳᠤᠷ ᠪᠤᠯ ᠡᠷᠳᠡᠨ ᠤ ᠦᠶ᠎ᠠ ᠶᠢᠨ ᠡᠪᠦᠭᠡ ᠲᠡᠭᠡᠳᠤᠰ  ᠤᠨ ᠰᠢᠳᠦᠯᠭᠡ ᠪᠢᠰᠢᠷᠠᠯ ᠪᠠ ᠬᠠᠪᠤᠷ ᠤᠨ ᠲᠠᠬᠢᠯᠭ᠎ᠠ ᠶᠢᠨ ᠶᠤᠰᠤᠯᠠᠯ ᠠᠴᠠ ᠢᠷᠡᠯᠳᠠ ᠲᠠᠢ᠂ ᠪᠠᠶᠢᠭᠠᠯᠢ ᠪᠤᠯᠤᠨ ᠬᠦᠮᠤᠨ ᠰᠤᠶᠤᠯ  ᠤᠨ ᠬᠤᠶᠠᠷ ᠶᠡᠭᠡ ᠠᠭᠤᠯᠤᠬᠳᠠᠬᠤᠨ ᠲᠠᠢ᠂ ᠪᠠᠶᠢᠭᠠᠯᠢ ᠶᠢᠨ ᠴᠠᠭ ᠤᠯᠠᠷᠢᠯ ᠤᠨ ᠴᠡᠭ ᠮᠦᠷᠳᠡᠭᠡᠨ ᠤᠯᠠᠮᠵᠢᠯᠠᠯᠳᠤ ᠪᠠᠶᠠᠷ ᠤᠨ ᠡᠳᠤᠷ ᠪᠤᠯᠤᠨ᠎ᠠ᠃ ᠶᠡᠷᠦ ᠳᠤ ᠪᠠᠨ ᠠᠷᠭ᠎ᠠ ᠶᠢᠨ ᠤᠯᠠᠷᠢᠯ ᠤᠨ 4 ᠰᠠᠷ᠎ᠠ ᠶᠢᠨ 5  ᠤ ᠡᠳᠦᠷ ᠤᠨ ᠡᠮᠤᠨ᠎ᠠ ᠬᠤᠶᠢᠨ᠎ᠠ ᠲᠤᠬᠢᠶᠠᠯᠳᠤᠳᠠᠭ᠃   ᠲᠠᠷᠢᠶᠠᠯᠠᠩ ᠤᠨ ᠬᠤᠷ᠎ᠠ᠄ ︽ᠬᠠᠮᠤᠭ ᠲᠠᠷᠢᠶ᠎ᠠ ᠬᠤᠷ᠎ᠠ ᠪᠤᠷᠤᠭᠠᠨ ᠤ ᠰᠢᠮ᠎ᠠ ᠪᠠᠷ ︾ ᠬᠡᠳᠡᠭ ᠢᠶᠠᠷ ᠲᠠᠷᠢᠶᠠᠯᠠᠩ  ᠤᠨ ᠬᠤᠷ᠎ᠠ ᠪᠤᠯᠬᠤ ᠪᠠᠷ ᠡᠳᠤᠷ ᠤᠯᠠᠮ ᠲᠤᠯᠠᠭᠠᠷᠠᠵᠤ᠂ ᠬᠤᠷ᠎ᠠ ᠤᠰᠤ ᠡᠯᠪᠡᠭᠵᠢᠨ ᠬᠦᠮᠤᠰ ᠡᠬᠢᠯᠠᠨ ᠭᠤᠸᠠ ᠪᠤᠷᠴᠠᠭ ᠲᠠᠷᠢᠳᠠᠭ᠃ ᠨᠠᠩ ᠬᠠᠳᠤᠨ ᠭᠤᠤᠯ ᠤᠨ ᠲᠤᠮᠳᠠ ᠲᠤᠤᠷᠠᠳᠤ ᠰᠠᠪᠠ ᠭᠠᠵᠠᠷ ᠤᠨ ᠲᠠᠷᠢᠶᠠᠯᠠᠬᠤ ᠤᠷᠤᠨ ᠳᠤ ᠮᠠᠰᠢ ᠶᠡᠭᠡ ᠨᠦᠯᠦᠭᠡ ᠲᠠᠢ᠂ ︽ᠬᠠᠪᠤᠷ ᠤᠨ ᠬᠤᠷ᠎ᠠ ᠲᠤᠰᠤᠨ ᠮᠡᠳᠤ ᠦᠨᠡᠳᠡᠢ︾ ᠬᠡᠳᠡᠭ ᠶᠠᠭ ᠡᠨᠡ ᠴᠠᠭ ᠢ ᠤᠨᠤᠭᠠᠬᠰᠠᠨ ᠦᠭᠡ ᠪᠢᠯᠠ᠃ ᠲᠠᠷᠢᠶᠠᠯᠠᠩ ᠤᠨ ᠬᠤᠷ᠎ᠠ ᠶᠡᠷᠦ ᠳᠤ ᠪᠠᠨ ᠵᠢᠯ ᠪᠦᠷᠢ  ᠶᠢᠨ ᠠᠷᠭ᠎ᠠ ᠶᠢᠨ ᠤᠯᠠᠷᠢᠯ  ᠤᠨ 4 ᠰᠠᠷ᠎ᠠ ᠶᠢᠨ 19   ᠤ ᠡᠳᠤᠷ ᠠᠴᠠ 21  ᠤ ᠡᠳᠤᠷ  ᠤᠨ ᠬᠤᠭᠤᠷᠤᠨᠳᠤ ᠲᠤᠬᠢᠶᠠᠯᠳᠤᠳᠠᠭ᠃   ᠵᠤᠨ ᠤ ᠠᠭᠤᠷ᠄ ᠵᠤᠨ  ᠤ ᠡᠬᠢᠯᠡᠯᠲᠡ᠂ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 5 ᠰᠠᠷ᠎ᠠ  ᠶᠢᠨ 5  ᠤ ᠡᠳᠤᠷ ᠠᠴᠠ 7    ᠤ ᠡᠳᠦᠷ ᠤᠨ ᠬᠤᠭᠤᠷᠤᠨᠳᠤ ᠲᠤᠬᠢᠶᠠᠯᠳᠤᠳᠠᠭ᠃ ᠠᠭᠤᠷ ᠠᠮᠢᠰᠬᠤᠯ ᠤᠨ ᠬᠤᠪᠢ ᠳᠤ ᠡᠳᠤᠷ ᠤᠨ ᠲᠤᠯᠠᠭᠠᠨ 22 ᠭᠷᠡᠳᠦ᠋ᠰ ᠠᠴᠠ ᠲᠡᠭᠡᠭᠰᠢ ᠲᠤᠬᠳᠠᠪᠤᠷᠢᠵᠢᠬᠤ ᠦᠶ᠎ᠠ ᠳᠤ ᠵᠤᠨ ᠪᠤᠯᠳᠠᠭ  ᠠᠴᠠ ᠮᠠᠨ ᠤ ᠤᠯᠤᠰ ᠲᠤ ᠹᠦᠵᠧᠤ ᠊᠊᠊᠊᠊ ᠨᠠᠨᠯᠢᠩ ᠢᠶᠠᠷ ᠵᠠᠭᠠᠬᠯᠠᠵᠤ ᠡᠮᠤᠨᠡᠰᠢᠬᠢ ᠭᠠᠵᠠᠷ ᠤᠷᠤᠨ ᠳᠤ ᠵᠢᠩᠬᠢᠨᠢ ᠵᠤᠨ ᠤᠷᠤᠵᠤ᠂ ᠵᠡᠭᠦᠨ ᠬᠤᠶᠢᠳᠤ ᠤᠷᠤᠨ ᠪᠠ ᠪᠠᠷᠠᠭᠤᠨ ᠬᠤᠶᠢᠳᠤ ᠤᠷᠤᠨ ᠳᠤ ᠮᠦᠨ ᠬᠠᠪᠤᠷ  ᠤᠨ ᠡᠬᠢᠨ ᠤ ᠴᠠᠭ ᠠᠭᠤᠷ ᠢᠶᠠᠷ ᠢᠶᠠᠨ ᠪᠠᠶᠢᠳᠠᠭ ᠃   ᠦᠴᠦᠭᠡᠨ ᠲᠦᠭᠦᠷᠡᠩ᠄ ᠡᠨᠡ ᠴᠠᠭ ᠤᠯᠠᠷᠢᠯ ᠳᠤ ᠵᠤᠨ ᠪᠤᠯᠪᠠᠰᠤᠷᠠᠬᠤ ᠲᠠᠷᠢᠮᠠᠯ ᠨᠢ ᠪᠤᠯᠪᠠᠰᠤᠷᠠᠵᠤ ᠪᠠᠶᠢᠭ᠎ᠠ ᠴᠤ ᠠᠷᠠᠢ ᠬᠦᠢᠴᠡᠳ ᠲᠦᠭᠦᠷᠡᠩ ᠪᠤᠯᠤᠭᠠᠳᠤᠢ᠂ ᠦᠴᠦᠭᠡᠨ ᠲᠦᠭᠦᠷᠡᠩ ᠪᠤᠯᠵᠤ ᠪᠠᠶᠢᠭ᠎ᠠ ᠠᠴᠠ ᠤᠴᠢᠷᠯᠡᠵᠤ ᠨᠡᠷᠡᠯᠡᠭᠰᠡᠨ ᠬᠡᠳᠡᠭ᠃ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 5 ᠰᠠᠷ᠎ᠠ ᠶᠢᠨ 20  ᠤ ᠡᠳᠤᠷ ᠠᠴᠠ 22  ᠤᠨ ᠡᠳᠦᠷ ᠤᠨ ᠬᠤᠭᠤᠷᠤᠨᠳᠤ ᠲᠤᠬᠢᠶᠠᠯᠳᠤᠳᠠᠭ᠃ ᠦᠴᠦᠭᠡᠨ ᠲᠦᠭᠦᠷᠡᠩ ᠤᠨ ᠴᠠᠭ ᠤᠯᠠᠷᠢᠯ  ᠢ ᠲᠤᠬᠢᠶᠠᠯᠳᠤᠭᠤᠯᠤᠨ ᠬᠦᠮᠦᠰ ᠭᠠᠰᠢᠭᠤᠨ ᠨᠤᠭᠤᠭ᠎ᠠ ᠢᠳᠡᠳᠡᠭ ᠵᠠᠩᠰᠢᠯ ᠲᠠᠢ᠃     ᠪᠤᠭᠤᠳᠠᠢ ᠪᠤᠯᠪᠠᠰᠤᠷᠠᠬᠤ᠄ ᠡᠨᠡ ᠴᠠᠭ ᠦᠶ᠎ᠠ ᠳᠤ ᠠᠷᠪᠠᠢ᠂ ᠪᠤᠭᠤᠳᠠᠢ ᠮᠠᠳᠤ ᠶᠢᠨ ᠰᠤᠷᠳᠤ ᠲᠠᠷᠢᠶ᠎ᠠ ᠪᠤᠯᠪᠠᠰᠤᠷᠠᠬᠰᠠᠨ ᠪᠠᠶᠢᠬᠤ ᠳᠤ᠂ ᠤᠷᠤᠢ ᠶᠢᠨ ᠨᠠᠷᠢᠮᠤ᠂ ᠲᠤᠳᠤᠷᠭ᠎ᠠ ᠮᠠᠳᠤ ᠶᠢᠨ ᠵᠤᠨ ᠤ ᠲᠠᠷᠢᠶ᠎ᠠ ᠰᠠᠶ᠋ᠢ ᠡᠬᠢᠯᠠᠨ ᠲᠠᠷᠢᠵᠤ᠂ ᠬᠠᠪᠤᠷ ᠤᠨ ᠲᠠᠷᠢᠶ᠎ᠠ ᠴᠤ ᠨᠠᠷᠢᠯᠢᠭ ᠲᠤᠳᠤᠮᠳᠠᠬᠤ ᠴᠠᠭ ᠲᠤ ᠪᠠᠨ ᠤᠷᠤᠬᠰᠠᠨ ᠪᠤᠯᠬᠤᠷ ᠲᠡᠷᠢᠶᠠᠴᠢᠳ ᠲᠤ ᠬᠤᠷᠢᠶᠠᠯᠳᠠ ᠶᠢᠨ ᠶᠠᠭᠠᠷᠠᠤ ᠴᠠᠭ ᠦᠶ᠎ᠠ ᠮᠦᠷᠳᠡᠭᠡᠨ ᠲᠠᠷᠢᠵᠤ ᠠᠷᠠᠴᠢᠯᠠᠬᠤ ᠶᠠᠭᠠᠷᠠᠯᠳᠠᠢ ᠴᠠᠭ ᠪᠤᠯᠤᠨ᠎ᠠ᠃ ᠶᠡᠷᠦ ᠳᠤ  ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 6 ᠰᠠᠷ᠎ᠠ ᠶᠢᠨ 5  ᠤ ᠡᠳᠦᠷ ᠠᠴᠠ 7  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃     ᠵᠣᠨ ᠤ ᠲᠦᠢᠯ᠄ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 6 ᠰᠠᠷ᠎ᠠ ᠶᠢᠨ 21  ᠤ ᠡᠳᠦᠷ ᠪᠤᠶᠤ 22  ᠤᠨ ᠡᠳᠤᠷ ᠲᠤᠬᠢᠶᠠᠯᠳᠤᠳᠠᠭ᠂ ᠲᠡᠯᠭᠡᠷ ᠵᠤᠨ ᠰᠠᠭᠠᠳᠠᠵᠤ ᠬᠤᠷ᠎ᠠ ᠲᠤᠨᠳᠠᠰᠤ ᠤᠯᠠᠰᠢᠷᠠᠨ᠎ᠠ᠂ ᠡᠨᠡ ᠡᠳᠤᠷ ᠨᠠᠷᠠᠨ ᠤ ᠬᠡᠷᠡᠯ ᠤᠮᠠᠷᠠᠳᠤ ᠪᠤᠴᠠᠯᠳᠠ ᠶᠢᠨ ᠱᠤᠭᠤᠮ ᠳᠤ ᠡᠭᠴᠠ ᠲᠤᠰᠴᠤ᠂ ᠤᠮᠠᠷᠠᠳᠤ ᠬᠠᠭᠠᠰ ᠪᠦᠮᠪᠤᠷᠴᠡᠭ ᠤᠨ ᠬᠠᠮᠤᠭ ᠤᠨ ᠤᠷᠳᠤ ᠡᠳᠤᠷ ᠪᠤᠯᠤᠨ᠎ᠠ᠃ ᠵᠤᠨ  ᠤ ᠲᠦᠢᠯ ᠢ ᠦᠩᠭᠡᠷᠡᠪᠠᠯ ᠂ ᠤᠮᠠᠷᠠᠳᠤ ᠬᠠᠭᠠᠰ ᠪᠦᠮᠪᠤᠷᠴᠡᠭ ᠤᠨ ᠶᠡᠭᠡᠩᠬᠢ ᠬᠡᠰᠡᠭ ᠭᠠᠵᠠᠷ ᠤᠷᠤᠨ ᠡᠬᠢᠯᠠᠨ ᠡᠳᠤᠷ ᠪᠤᠭᠤᠨᠢᠰᠴᠤ ᠰᠦᠨᠢ ᠤᠷᠳᠤ ᠪᠤᠯᠳᠠᠭ᠃   ᠪᠠᠭ᠎ᠠ ᠬᠠᠯᠠᠭᠤᠨ᠄ ᠠᠭᠤᠷ ᠠᠮᠢᠰᠬᠤᠯ ᠡᠬᠢᠯᠡᠭᠡᠳ ᠬᠠᠯᠠᠭᠤᠨ ᠪᠤᠯᠬᠤ ᠪᠣᠯᠪᠠᠴᠤ ᠬᠠᠮᠤᠭ ᠤᠨ ᠬᠠᠯᠠᠭᠤᠨ ᠬᠡᠮᠵᠢᠶᠡᠨ ᠳᠤ ᠬᠦᠷᠦᠭᠡ ᠦᠭᠡᠢ᠃ ᠶᠡᠷᠦ ᠳᠤ ᠪᠠᠨ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 7 ᠰᠠᠷ᠎ᠠ ᠶᠢᠨ 6  ᠤ ᠡᠳᠦᠷ  ᠠᠴᠠ 8  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃ ᠮᠠᠨ ᠤ ᠤᠯᠤᠰ  ᠤᠨ ᠤᠯᠠᠩᠬᠢ ᠭᠠᠵᠠᠷ ᠪᠠᠭ᠎ᠠ ᠬᠠᠯᠠᠭᠤᠨ ᠠᠴᠠ ᠡᠬᠢᠯᠡᠵᠤ ᠠᠶᠤᠩᠭᠠᠳᠤ ᠪᠤᠷᠤᠭ᠎ᠠ ᠬᠠᠮᠤᠭ ᠤᠯᠠᠨ ᠤᠷᠤᠬᠤ ᠴᠠᠭ ᠦᠶ᠎ᠠ ᠳᠤ ᠤᠷᠤᠬᠤ ᠪᠤᠯᠤᠨ᠎ᠠ᠃ ᠪᠠᠭ᠎ᠠ ᠬᠠᠯᠠᠭᠤᠨ ᠤ ᠡᠮᠤᠨ᠎ᠠ ᠬᠤᠶᠢᠨ᠎ᠠ ᠵᠡᠭᠦᠨ ᠬᠤᠶᠢᠳᠤ ᠪᠤᠯᠤᠨ ᠪᠠᠷᠠᠭᠤᠨ ᠬᠤᠶᠢᠳᠤ ᠤᠷᠤᠨ  ᠢᠶᠠᠷ ᠡᠪᠤᠯ᠂ ᠬᠠᠪᠤᠷ ᠤᠨ ᠪᠤᠭᠤᠳᠠᠢ ᠬᠤᠷᠢᠶᠠᠬᠤ ᠠᠴᠠ ᠭᠠᠳᠠᠨ᠎ᠠ ᠪᠤᠰᠤᠳ ᠭᠠᠵᠠᠷ ᠤᠷᠤᠨ  ᠳᠤ ᠲᠠᠷᠢᠶᠠᠨ ᠤ ᠤᠰᠤᠯᠠᠯᠳᠠ᠂ ᠪᠤᠷᠳᠤᠭᠤᠷ ᠤᠷᠤᠭᠤᠯᠬᠤ᠂ ᠬᠤᠤᠷᠳᠤ ᠰᠢᠪᠡᠵᠢ ᠶᠢ ᠰᠡᠷᠭᠡᠶᠢᠯᠡᠭᠦ ᠴᠢᠬᠤᠯᠠ ᠦᠶ᠎ᠠ ᠪᠤᠯᠳᠠᠭ ᠃   ᠶᠡᠭᠡ ᠬᠠᠯᠠᠭᠤᠨ᠄ ᠵᠤᠨ ᠤ ᠤᠯᠠᠷᠢᠯ ᠤᠨ ᠬᠠᠮᠤᠭ ᠰᠡᠭᠦᠯᠴᠢ ᠶᠢᠨ ᠨᠢᠭᠡ ᠴᠠᠭ ᠤᠯᠠᠷᠢᠯ ᠪᠤᠯᠤᠨ᠎ᠠ᠂ ᠶᠡᠭᠡ ᠬᠠᠯᠠᠭᠤᠨ ᠨᠢ ᠶᠠᠭ ᠲᠤᠮᠳᠠ ᠹᠦ᠋ ᠶᠢᠨ ᠡᠮᠤᠨ᠎ᠠ ᠬᠤᠶᠢᠨ᠎ᠠ ᠲᠤᠬᠢᠶᠠᠯᠳᠤᠵᠤ᠂ ᠲᠤᠮᠳᠠᠳᠤ ᠤᠯᠤᠰ  ᠤᠨ ᠶᠡᠭᠡᠩᠬᠢ ᠬᠡᠰᠡᠭ ᠭᠠᠵᠠᠷ ᠤᠷᠤᠨ ᠤ ᠨᠢᠭᠡ ᠵᠢᠯ ᠤᠨ ᠳᠣᠲᠣᠷᠠᠬᠢ ᠬᠠᠮᠤᠭ ᠤᠨ ᠬᠠᠯᠠᠭᠤᠨ ᠴᠠᠭ ᠬᠤᠭᠤᠴᠠᠭ᠎ᠠ ᠪᠤᠯᠤᠨ᠎ᠠ᠂ ᠮᠥᠨ ᠴᠦ ᠬᠠᠯᠠᠭᠤᠨ ᠳᠤ ᠡᠭᠡᠯᠢᠳᠡᠢ ᠲᠠᠷᠢᠮᠠᠯ ᠤᠨ ᠤᠷᠭᠤᠯᠲᠠ ᠶᠢᠨ ᠬᠤᠷᠳᠤᠴᠠ ᠬᠠᠮᠤᠭ ᠬᠤᠷᠳᠤᠨ ᠴᠠᠭ ᠬᠤᠭᠤᠴᠠᠭ᠎ᠠ ᠪᠣᠯᠤᠨ᠎ᠠ᠂ ᠶᠡᠷᠦ ᠳᠤ ᠪᠠᠨ ᠠᠷᠭ᠎ᠠ ᠶᠢᠨ ᠤᠯᠠᠷᠢᠯ ᠤᠨ 7 ᠰᠠᠷ᠎ᠠ ᠶᠢᠨ 22  ᠤᠨ ᠡᠳᠦᠷ ᠠᠴᠠ 24  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃    ᠨᠠᠮᠤᠷ ᠤᠨ ᠠᠭᠤᠷ᠄ ᠨᠠᠮᠤᠷ ᠤᠨ ᠤᠯᠠᠷᠢᠯ ᠤᠨ ᠠᠩᠬᠠᠨ ᠤ ᠴᠠᠭ ᠤᠯᠠᠷᠢᠯ ᠪᠤᠯᠤᠨ᠎ᠠ᠂ ᠶᠡᠷᠦ ᠳᠤ ᠪᠠᠨ ᠠᠷᠭ᠎ᠠ  ᠶᠢᠨ ᠤᠯᠠᠷᠢᠯ ᠤᠨ 8 ᠰᠠᠷ᠎ᠠ ᠶᠢᠨ 7  ᠤ ᠡᠳᠦᠷ ᠠᠴᠠ 9  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃ ᠨᠠᠮᠤᠷ ᠤᠨ ᠠᠭᠤᠷ ᠤᠷᠤᠪᠠᠯ ᠬᠠᠯᠠᠭᠤᠨ ᠤ ᠡᠷᠴᠢ ᠡᠬᠢᠯᠠᠨ ᠪᠠᠭᠤᠷᠠᠵᠤ᠂ ᠰᠡᠷᠢᠭᠦᠨ ᠰᠠᠯᠬᠢ ᠰᠠᠯᠬᠢᠯᠠᠨ᠎ᠠ᠃ ᠬᠦᠬᠦᠭᠡ  ᠶᠢᠨ ᠲᠠᠭᠤᠨ ᠲᠠᠰᠤᠷᠠᠵᠤ᠂ ᠮᠤᠳᠤᠨ ᠤ ᠵᠢᠮᠢᠰ ᠲᠡᠭᠦᠰ ᠪᠤᠯᠪᠠᠰᠤᠷᠠᠨ᠎ᠠ ᠃   ᠬᠠᠯᠠᠭᠤᠨ ᠡᠭᠡᠭᠦ᠄ ᠬᠠᠯᠠᠭᠤᠨ ᠡᠭᠡᠭᠦ ᠭᠡᠳᠡᠭ ᠨᠢ ᠪᠦᠭᠴᠢᠮ ᠬᠠᠯᠠᠭᠤᠨ ᠡᠳᠤᠷ ᠲᠠᠭᠤᠰᠬᠤ ᠰᠢᠬᠠᠬᠰᠠᠨ ᠢ ᠬᠠᠷᠠᠭᠤᠯᠵᠤ ᠪᠠᠶᠢᠨ᠎ᠠ᠂ ᠡᠨᠡ ᠬᠤᠭᠤᠷᠤᠨᠳᠤ ᠠᠭᠤᠷ ᠠᠮᠢᠰᠬᠤᠯ ᠬᠠᠯᠠᠭᠤᠨ ᠪᠠᠶᠢᠬᠰᠠᠨ ᠴᠤ ᠲᠤᠷᠤᠬᠰᠢᠯᠠᠬᠤ ᠬᠠᠨᠳᠤᠰᠢ ᠲᠠᠢ ᠪᠤᠯᠵᠠᠢ᠃ ᠶᠡᠷᠦ ᠳᠤ ᠪᠠᠨ ᠠᠷᠭ᠎ᠠ ᠶᠢᠨ ᠤᠯᠠᠷᠢᠯ ᠤᠨ 8 ᠰᠠᠷ᠎ᠠ ᠶᠢᠨ22  ᠤᠨ ᠡᠳᠤᠷ ᠠᠴᠠ 24  ᠤ ᠡᠳᠤᠷ ᠤᠨ ᠬᠤᠭᠤᠷᠤᠨᠳᠤ ᠲᠤᠬᠢᠶᠠᠯᠳᠤᠳᠠᠭ ᠃   ᠴᠠᠭᠠᠨ ᠰᠢᠭᠦᠳᠡᠷᠢ᠄ ᠴᠠᠭᠠᠨ ᠰᠢᠭᠦᠳᠡᠷᠢ ᠪᠤᠯ ᠪᠠᠶᠢᠭᠠᠯᠢ ᠶᠢᠨ ᠬᠦᠢᠳᠡᠨ ᠠᠭᠠᠷ ᠨᠡᠮᠡᠭᠳᠡᠭᠰᠡᠨ ᠢ ᠬᠠᠷᠠᠭᠤᠯᠬᠤ ᠴᠢᠬᠤᠯᠠ ᠴᠠᠭ ᠤᠯᠠᠷᠢᠯ ᠪᠤᠯᠤᠨ᠎ᠠ᠃ ᠶᠡᠷᠦ ᠳᠤ ᠪᠠᠨ ᠠᠷᠭ᠎ᠠ ᠶᠢᠨ ᠤᠯᠠᠷᠢᠯ ᠤᠨ 9 ᠰᠠᠷ᠎ᠠ ᠶᠢᠨ 7  ᠤ ᠡᠳᠦᠷ  ᠠᠴᠠ 9   ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃ ᠴᠠᠭᠠᠨ ᠰᠢᠭᠦᠳᠡᠷᠢ ᠶᠢᠨ ᠴᠠᠭ ᠤᠯᠠᠷᠢᠯ ᠤᠨ ᠬᠠᠮᠤᠭ  ᠤᠨ ᠢᠯᠠ ᠲᠤᠳᠤ ᠰᠡᠷᠡᠭᠳᠡᠯ ᠪᠤᠯ ᠡᠳᠤᠷ ᠰᠦᠨᠢ ᠶᠢᠨ ᠲᠤᠯᠠᠭᠠᠨ ᠤ ᠵᠦᠷᠢᠶ᠎ᠠ ᠨᠡᠯᠢᠶᠡᠳ ᠶᠡᠭᠡ ᠪᠤᠯᠵᠤ᠂ ᠦᠷᠯᠦᠭᠡ ᠡᠷᠳᠡ ᠡᠪᠡᠰᠤ ᠮᠤᠳᠤᠨ ᠲᠡᠭᠡᠷ᠎ᠠ ᠰᠢᠭᠦᠳᠡᠷᠢ ᠲᠠᠢ ᠪᠤᠯᠵᠤ᠂ ᠵᠤᠨ ᠤ ᠪᠦᠭᠴᠢᠮ ᠬᠠᠯᠠᠭᠤᠨ ᠦᠨᠳᠦᠰᠦᠨ ᠳᠤ ᠪᠠᠨ ᠡᠴᠦᠰᠯᠡᠳᠡᠭ᠃   ᠨᠠᠮᠤᠷ ᠤᠨ ᠬᠤᠭᠤᠰ᠄ ᠡᠨᠡ ᠡᠳᠦᠷ ᠨᠢ ᠬᠠᠪᠤᠷ ᠤᠨ ᠬᠤᠭᠤᠰ ᠲᠠᠢ ᠠᠳᠠᠯᠢ᠂ ᠨᠡᠷᠡᠨ  ᠤ ᠭᠡᠷᠡᠯ ᠪᠠᠷᠤᠭ ᠳᠡᠯᠡᠬᠡᠶ ᠶᠢᠨ ᠪᠦᠰᠡᠯᠡᠭᠦᠷ ᠲᠤ ᠰᠢᠭᠤᠳ ᠲᠤᠰᠴᠤ᠂ ᠡᠳᠦᠷ ᠰᠥᠨᠢ ᠪᠠᠷᠤᠭ ᠲᠡᠩᠴᠡᠭᠦᠦ ᠪᠠᠶᠢᠳᠠᠭ᠂ ᠶᠡᠷᠦ‌‍ᠳᠤ ᠪᠠᠨ ᠠᠷᠭ᠎ᠠ ᠶᠢᠨ ᠤᠯᠠᠷᠢᠯ ᠤᠨ 9 ᠰᠠᠷ᠎ᠠ ᠶᠢᠨ 22   ᠤᠨ ᠡᠳᠤᠷ ᠠᠴᠠ 24    ᠤ ᠡᠳᠦᠷ ᠤᠨ ᠬᠤᠭᠤᠷᠤᠨᠳᠤ ᠲᠤᠬᠢᠶᠠᠯᠳᠤᠳᠠᠭ᠃ ᠡᠨᠡ ᠡᠳᠦᠷ ᠠᠴᠠ ᠡᠬᠢᠯᠡᠨ᠂ ᠨᠡᠷᠡᠨ ᠤ ᠭᠡᠷᠡᠯ ᠤᠨ ᠡᠭᠴᠡ ᠲᠣᠰᠣᠯᠳᠠ ᠶᠢᠨ ᠪᠠᠶᠢᠷᠢ ᠨᠢ ᠦᠷᠭᠦᠯᠵᠢᠯᠡᠨ ᠳᠡᠯᠡᠬᠡᠶ ᠶᠢᠨ ᠪᠦᠰᠡᠯᠡᠭᠦᠷ ᠠᠴᠠ ᠡᠮᠦᠨᠡᠲᠦ ᠬᠠᠭᠠᠰ ᠪᠥᠮᠪᠥᠷᠴᠡᠭ ᠲᠡᠶᠢᠰᠢ ᠰᠢᠯᠵᠢᠵᠦ᠂ ᠤᠮᠠᠷᠠᠲᠤ ᠬᠠᠭᠠᠰ ᠪᠥᠮᠪᠥᠷᠴᠡᠭ ᠡᠬᠢᠯᠡᠭᠡᠳ ᠡᠳᠦᠷ ᠣᠬᠤᠷ ᠰᠥᠨᠢ ᠣᠷᠳᠣ ᠪᠤᠯᠳᠠᠭ᠃ ᠨᠠᠮᠤᠷ ᠤᠨ ᠬᠤᠭᠤᠰ ᠤᠨ ᠴᠠᠭ ᠤᠯᠠᠷᠢᠯ ᠳᠤ᠂ ᠮᠠᠨ ᠤ ᠤᠯᠤᠰ ᠤᠨ ᠶᠡᠬᠡᠩᠬᠢ ᠬᠡᠰᠡᠭ ᠭᠠᠵᠠᠷ ᠣᠷᠣᠨ ᠨᠢᠭᠡᠨᠲᠡ ᠰᠡᠷᠢᠭᠦᠨ ᠨᠠᠮᠤᠷ ᠤᠨ ᠤᠯᠠᠷᠢᠯ ᠳᠤ ᠤᠷᠤᠭᠰᠠᠨ ᠪᠠᠶᠢᠨ᠎ᠠ ᠃   ᠬᠦᠢᠲᠡᠨ ᠰᠢᠭᠦᠳᠡᠷᠢ᠄ ᠶᠡᠷᠦ ᠳᠤ ᠪᠠᠨ ᠵᠢᠯ ᠪᠦᠷᠢ ᠶᠢᠨ 10 ᠰᠠᠷ᠎ᠠ ᠶᠢᠨ 7  ᠤ ᠡᠳᠤᠷ ᠠᠴᠠ 9   ᠤ ᠡᠳᠤᠷ  ᠤᠨ ᠬᠤᠭᠤᠷᠤᠨᠳᠤ ᠲᠤᠬᠢᠶᠠᠯᠳᠤᠳᠠᠭ᠃ ᠠᠭᠤᠷ ᠠᠮᠢᠰᠬᠤᠯ ᠤᠨ ᠣᠨᠴᠠᠯᠢᠭ ᠠᠴᠠ ᠨᠢ ᠠᠪᠴᠤ ᠦᠵᠡᠪᠡᠯ᠂ ᠬᠦᠢᠲᠡᠨ ᠰᠢᠭᠦᠳᠡᠷᠢ ᠶᠢᠨ ᠦᠶ᠎ᠠ ᠳᠤ᠂ ᠡᠮᠦᠨᠡᠲᠦ ᠣᠷᠣᠨ ᠳᠤ ᠨᠠᠮᠤᠷ ᠤᠨ ᠠᠭᠤᠷ ᠠᠭᠠᠵᠢᠮ ᠢᠶᠠᠷ ᠥᠳᠬᠡᠷᠡᠵᠦ᠂ ᠰᠡᠷᠢᠭᠦᠨ ᠲᠠᠭᠠᠳᠠᠢ᠂ ᠪᠣᠷᠣᠭᠠᠨ ᠪᠠᠭ᠎ᠠ ᠭᠠᠩ ᠬᠠᠭᠤᠷᠠᠶ ᠪᠠᠶᠢᠳᠠᠭ︔ ᠤᠮᠠᠷᠠᠲᠤ ᠣᠷᠣᠨ ᠤ ᠥᠷᠭᠡᠨ ᠠᠭᠤᠳᠠᠮ ᠭᠠᠵᠠᠷ ᠣᠷᠣᠨ ᠨᠢᠭᠡᠨᠲᠡ ᠬᠦᠨ ᠨᠠᠮᠤᠷ ᠠᠴᠠ ᠡᠪᠦᠯ ᠤᠨ ᠤᠯᠠᠷᠢᠯ ᠳᠤ ᠤᠷᠤᠭᠰᠠᠨ ᠪᠤᠶᠤ ᠤᠳᠠᠯ ᠦᠭᠡᠶ ᠣᠷᠣᠬᠤ ᠭᠡᠵᠦ ᠪᠠᠶᠢᠨ᠎ᠠ᠃ ᠡᠨᠡ ᠦᠶ᠎ᠠ ᠳᠤ ᠬᠦᠮᠤᠰ ᠪᠠᠳᠤᠴᠠᠭᠠᠨ ᠰᠤᠨᠢᠷᠬᠠᠬᠤ᠂ ᠮᠠᠭᠠᠵᠢ ᠢᠳᠡᠭᠦ᠂ ᠨᠠᠢᠮᠠᠯᠵᠢ ᠢᠳᠡᠳᠡᠭ ᠵᠠᠩᠰᠢᠯ ᠲᠠᠢ᠃    ᠬᠢᠷᠠᠭᠤ ᠤᠨᠠᠬᠤ᠄ ᠠᠭᠤᠷ ᠠᠮᠢᠰᠬᠤᠯ ᠠᠭᠠᠵᠢᠮ ᠢᠶᠠᠷ ᠬᠦᠢᠲᠡᠷᠡᠵᠦ᠂ ᠬᠢᠷᠠᠭᠤ ᠤᠨᠠᠵᠤ ᠡᠬᠢᠯᠡᠪᠠ᠃ ᠶᠡᠷᠦ ᠳᠤ  ᠪᠠᠨ ᠵᠢᠯ ᠪᠦᠷᠢ ᠶᠢᠨ 10 ᠰᠠᠷ᠎ᠠ ᠶᠢᠨ 22  ᠤᠨ ᠡᠳᠦᠷ ᠠᠴᠠ 24  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃ ᠨᠠᠮᠤᠷ ᠠᠴᠠ ᠡᠪᠦᠯ ᠤᠨ ᠤᠯᠠᠷᠢᠯ ᠬᠦᠷᠲᠡᠯᠡᠬᠢ ᠰᠢᠯᠵᠢᠯᠲᠡ ᠮᠥᠨ᠃ ᠬᠢᠷᠠᠭᠤ ᠤᠨᠠᠬᠤ ᠴᠠᠭ ᠤᠯᠠᠷᠢᠯ ᠤᠨ ᠣᠨᠴᠠᠯᠢᠭ ᠪᠣᠯ ᠥᠷᠯᠥᠭᠡ ᠦᠳᠡᠰᠢ  ᠶᠢᠨ ᠠᠭᠤᠷ ᠠᠮᠢᠰᠬᠤᠯ ᠨᠡᠯᠢᠶᠡᠳ ᠬᠦᠢᠲᠡᠨ᠂ ᠦᠳᠡ ᠳᠤ ᠬᠠᠷᠢᠨ ᠨᠡᠯᠢᠶᠡᠳ ᠲᠤᠯᠠᠭᠠᠨ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠨᠠᠮᠤᠷ ᠤᠨ ᠬᠠᠭᠤᠷᠠᠶ ᠨᠢ ᠢᠯᠡᠷᠬᠡᠶ ᠪᠠᠶᠢᠳᠠᠭ ᠃   ᠡᠪᠦᠯ ᠤᠨ ᠠᠭᠤᠷ᠄ ᠡᠪᠤᠯ ᠤᠨ ᠠᠭᠤᠷ ᠪᠤᠯ ᠡᠪᠤᠯ ᠤᠨ ᠤᠯᠠᠷᠢᠯ ᠤᠨ ᠲᠦᠷᠦᠭᠦᠦ ᠨᠢᠭᠡ ᠴᠠᠭ ᠤᠯᠠᠷᠢᠯ ᠪᠤᠯᠤᠨ᠎ᠠ ᠂ ᠡᠭᠦᠨ ᠠᠴᠠ ᠡᠬᠢᠯᠡᠨ ᠡᠪᠦᠯ ᠤᠨ ᠤᠯᠠᠷᠢᠯ ᠳᠤ ᠤᠷᠤᠬᠰᠠᠨ ᠢ ᠢᠯᠡᠷᠬᠡᠶᠢᠯᠡᠨ᠎ᠡ᠃ ᠡᠪᠤᠯ ᠤᠨ ᠠᠭᠤᠷ ᠪᠤᠯ ᠮᠠᠨ ᠤ ᠤᠯᠤᠰ ᠤᠨ ᠠᠷᠠᠳ ᠤᠨ ᠲᠤᠮᠳᠠ ᠬᠠᠮᠤᠭ ᠠᠴᠠ ᠴᠢᠬᠤᠯᠠᠴᠢᠯᠠᠨ ᠦᠵᠡᠳᠡᠭ ᠴᠠᠭ ᠤᠯᠠᠷᠢᠯ ᠤᠨ ᠴᠡᠭ ᠤᠨ ᠨᠢᠭᠡ ᠪᠤᠯᠤᠨ᠎ᠠ᠂ ᠡᠯᠪᠡᠭ ᠬᠤᠷᠢᠶᠠᠯᠳᠠ ᠪᠠᠨ ᠡᠳ᠋ᠯᠡᠨ᠂ ᠠᠮᠤᠷᠵᠢᠨ ᠲᠡᠭᠵᠢᠷᠡᠭᠦ ᠴᠠᠭ ᠦᠶ᠎ᠠ ᠪᠤᠯᠤᠨ᠎ᠠ᠃ ᠶᠡᠷᠦ ᠳᠤ ᠪᠠᠨ ᠵᠢᠯ ᠪᠦᠷᠢ ᠶᠢᠨ 11 ᠰᠠᠷ᠎ᠠ ᠶᠢᠨ 6  ᠤ ᠡᠳᠦᠷ  ᠠᠴᠠ 8  ᠤ ᠡᠳᠤᠷ  ᠤᠨ ᠬᠤᠭᠤᠷᠤᠨᠳᠤ ᠲᠤᠬᠢᠶᠠᠯᠳᠤᠳᠠᠭ ᠃     ᠪᠠᠭ᠎ᠠ ᠴᠠᠰᠤ᠄ ᠪᠠᠭ᠎ᠠ ᠴᠠᠰᠤ ᠪᠤᠯ ᠬᠤᠷ᠎ᠠ ᠲᠤᠨᠳᠠᠰᠤ ᠪᠤᠯᠤᠨ ᠲᠤᠯᠠᠭᠠᠨ ᠤ ᠬᠡᠮᠵᠢᠶ᠎ᠠ ᠶᠢ ᠲᠤᠰᠬᠠᠵᠤ ᠪᠠᠶᠢᠭ᠎ᠠ ᠴᠠᠭ ᠤᠯᠠᠷᠢᠯ ᠪᠤᠯᠤᠨ᠎ᠠ᠃ ᠡᠨᠡ ᠴᠠᠭ ᠤᠯᠠᠷᠢᠯ ᠢ ᠪᠠᠭ᠎ᠠ ᠴᠠᠰᠤ ᠬᠡᠵᠤ ᠨᠡᠷᠡᠶᠢᠳᠦᠭᠰᠡᠨ ᠤ ᠰᠢᠯᠳᠠᠭᠠᠨ ᠨᠢ ︽ᠴᠠᠰᠤ︾ ᠪᠤᠯ ᠬᠦᠢᠳᠠᠨ ᠴᠠᠭ ᠠᠭᠤᠷ ᠤᠨ ᠪᠦᠳᠦᠭᠡᠭᠳᠡᠭᠦᠨ ᠶᠤᠮ᠂ ᠡᠨᠡ ᠭᠦ ᠴᠠᠭ ᠤᠯᠠᠷᠢᠯ  ᠤᠨ ᠬᠤᠭᠤᠴᠠᠭᠠᠨ ᠤ ᠠᠭᠤᠷ ᠠᠮᠢᠰᠬᠤᠯ ᠬᠦᠢᠳᠡᠨ ᠤ ᠡᠷᠴᠢ ᠬᠦᠢᠴᠡᠳ ᠪᠢᠰᠢ ᠮᠦᠷᠳᠡᠭᠡᠨ ᠬᠤᠷ᠎ᠠ ᠲᠤᠨᠳᠠᠰᠤ ᠶᠡᠭᠡ ᠪᠢᠰᠢ ᠪᠤᠯᠬᠤᠷ ︽ᠪᠠᠭ᠎ᠠ ᠴᠠᠰᠤ︾ ᠪᠠᠷ ᠡᠨᠡ ᠭᠦ ᠬᠤᠭᠤᠴᠠᠭᠠᠨ ᠤ ᠠᠭᠤᠷ ᠠᠮᠢᠰᠬᠤᠯ ᠤᠨ ᠤᠨᠴᠠᠯᠢᠭ ᠢ ᠵᠦᠢᠷᠯᠡᠪᠠ᠃ ᠶᠡᠷᠦ ᠳᠤ ᠪᠠᠨ ᠵᠢᠯ ᠪᠦᠷᠢ ᠶᠢᠨ 11 ᠰᠠᠷ᠎ᠠ‌‍ᠶᠢᠨ 22   ᠤᠨ ᠡᠳᠤᠷ ᠪᠤᠶᠤ  23   ᠤ ᠡᠳᠤᠷ ᠲᠤᠬᠢᠶᠠᠯᠳᠤᠳᠠᠭ ᠃     ᠶᠡᠭᠡ ᠴᠠᠰᠤ᠄ ᠴᠠᠭ ᠤᠯᠠᠷᠢᠯ ᠤᠨ ᠶᠡᠭᠡ ᠴᠠᠰᠤ ᠨᠢ ᠴᠠᠭ ᠠᠭᠤᠷ ᠤᠨ ᠶᠡᠭᠡ ᠴᠠᠰᠤ ᠲᠠᠢ ᠠᠳᠠᠯᠢ ᠦᠭᠡᠢ᠃ ᠶᠡᠭᠡ ᠴᠠᠰᠤ ᠪᠤᠯ ᠠᠭᠤᠷ ᠠᠮᠢᠰᠬᠤᠯ  ᠤᠨ ᠤᠨᠴᠠᠯᠢᠭ ᠢ ᠲᠤᠰᠬᠠᠬᠰᠠᠨ ᠴᠠᠭ ᠤᠯᠠᠷᠢᠯ ᠪᠤᠯᠤᠨ᠎ᠠ᠂ ᠤᠨᠴᠠᠯᠢᠭ ᠨᠢ ᠠᠭᠤᠷ ᠠᠮᠢᠰᠬᠤᠯ ᠮᠡᠳᠡᠭᠳᠡᠮ᠎ᠠ ᠬᠦᠢᠳᠡᠷᠡᠵᠤ᠂ ᠬᠤᠷ᠎ᠠ ᠲᠤᠨᠳᠠᠰᠤᠨ ᠤ ᠬᠡᠮᠵᠢᠶ᠎ᠠ ᠨᠡᠮᠡᠭᠳᠡᠨ᠎ᠠ᠃ ᠶᠡᠷᠦ ᠳᠤ ᠪᠠᠨ ᠵᠢᠯ ᠪᠦᠷᠢ ᠶᠢᠨ 12 ᠰᠠᠷ᠎ᠠ ᠶᠢᠨ 6  ᠤ ᠡᠳᠦᠷ ᠠᠴᠠ8  ᠤ ᠡᠳᠦᠷ ᠤᠨ ᠬᠤᠭᠤᠷᠤᠨᠳᠤ ᠲᠤᠬᠢᠶᠠᠯᠳᠤᠳᠠᠭ᠃     ᠡᠪᠦᠯ ᠤᠨ ᠲᠦᠢᠯ᠄ ᠤᠮᠠᠷᠠᠲᠤ ᠬᠠᠭᠠᠰ ᠪᠥᠮᠪᠥᠷᠴᠡᠭ ᠤᠨ ᠨᠡᠷᠡᠨ ᠤ ᠥᠨᠳᠥᠷ ᠤᠨ ᠬᠡᠮᠵᠢᠶ᠎ᠡ ᠨᠢ ᠬᠠᠮᠤᠭ ᠪᠠᠭ᠎ᠠ᠂ ᠡᠳᠦᠷ ᠤᠨ ᠴᠠᠭ ᠨᠢ ᠬᠠᠮᠤᠭ ᠣᠬᠤᠷ᠂ ᠭᠡᠪᠡᠴᠦ ᠡᠪᠦᠯ ᠤᠨ ᠲᠦᠢᠯ ᠤᠨ ᠡᠳᠦᠷ ᠤᠨ ᠳᠤᠯᠠᠭᠠᠨ ᠤ ᠬᠡᠮᠵᠢᠶ᠎ᠡ ᠨᠢ ᠬᠠᠮᠤᠭ ᠳᠣᠣᠷ᠎ᠠ ᠪᠢᠰᠢ᠂ ᠶᠡᠷᠦ ᠳᠤ ᠪᠠᠨ ᠵᠢᠯ ᠪᠦᠷᠢ ᠶᠢᠨ 12 ᠰᠠᠷ᠎ᠠ ᠶᠢᠨ 21  ᠤ ᠡᠳᠦᠷ ᠠᠴᠠ 23  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃ ᠡᠪᠤᠯ ᠤᠨ ᠲᠦᠢᠯ ᠪᠤᠯᠵᠤ ᠬᠦᠢᠳᠠᠨ ᠴᠠᠭ ᠦᠶ᠎ᠠ ᠳᠤ ᠤᠷᠤᠬᠰᠠᠨ ᠢ ᠬᠠᠷᠠᠭᠤᠯᠵᠤ ᠪᠠᠶᠢᠨ᠎ᠠ᠂ ᠠᠷᠠᠳ ᠤᠨ ᠲᠤᠮᠳᠠ ᠡᠭᠦᠨ ᠠᠴᠠ ᠡᠬᠢᠯᠠᠨ ᠶᠢᠰᠤᠨ ᠤ ᠬᠦᠢᠳᠡᠨ ᠢ ᠲᠤᠭᠠᠯᠠᠳᠠᠭ ᠃     ᠪᠠᠭ᠎ᠠ ᠬᠦᠢᠳᠡᠨ᠄ ᠬᠠᠬᠢᠷ ᠡᠪᠦᠯ ᠡᠬᠢᠯᠡᠭᠰᠡᠨ ᠢ ᠬᠠᠷᠠᠭᠤᠯᠵᠤ ᠪᠠᠶᠢᠨ᠎ᠠ᠂ ᠶᠡᠷᠦ ᠳᠤ ᠪᠠᠨ ᠵᠢᠯ ᠪᠦᠷᠢ ᠶᠢᠨ 1 ᠰᠠᠷ᠎ᠠ ᠶᠢᠨ 5  ᠤ ᠡᠳᠤᠷ ᠠᠴᠠ 7  ᠤ ᠡᠳᠤᠷ ᠤᠨ ᠬᠤᠭᠤᠷᠤᠨᠳᠤ ᠲᠤᠬᠢᠶᠠᠯᠳᠤᠳᠠᠭ᠃ ᠪᠠᠭ᠎ᠠ ᠬᠦᠶᠲᠡᠨ ᠭᠡᠳᠡᠭ  ᠨᠢ ᠠᠭᠤᠷ ᠠᠮᠢᠰᠬᠤᠯ ᠬᠦᠶᠲᠡᠨ ᠪᠣᠯᠪᠠᠴᠤ ᠲᠦᠢᠯ ᠳᠤ ᠪᠠᠨ ᠲᠤᠯᠤᠭ᠎ᠠ ᠥᠬᠡᠶ ᠭᠡᠰᠡᠨ ᠤᠳᠬ᠎ᠠ ᠲᠠᠢ ᠶᠤᠮ᠃ ᠮᠠᠨ  ᠤ ᠤᠯᠤᠰ ᠤᠨ ᠤᠷᠳᠤ ᠬᠤᠭᠤᠴᠠᠭᠠᠨ ᠤ ᠲᠤᠷᠰᠢᠬᠢ ᠴᠠᠭ ᠠᠭᠤᠷ ᠤᠨ ᠲᠡᠮᠳᠡᠭᠯᠡᠯ ᠢ ᠦᠨᠳᠤᠰᠤᠯᠠᠪᠠᠯ᠂ ᠤᠮᠠᠷᠠᠳᠤ ᠤᠷᠤᠨ ᠤ ᠪᠠᠭ᠎ᠠ ᠬᠦᠢᠳᠠᠨ ᠤ ᠠᠭᠤᠷ ᠠᠮᠢᠰᠬᠤᠯ ᠨᠢ ᠶᠡᠭᠡ ᠬᠦᠢᠳᠡᠨ ᠤ ᠠᠭᠤᠷ ᠠᠮᠢᠰᠬᠤᠯ ᠠᠴᠠ ᠨᠠᠩ ᠢᠯᠡᠭᠦᠦ ᠬᠦᠢᠳᠠᠨ ᠪᠠᠶᠢᠳᠠᠭ᠃ ᠤᠮᠠᠷᠠᠳᠤ ᠤᠷᠤᠨ ᠳᠤ᠂ ︽ᠪᠠᠭ᠎ᠠ ᠬᠦᠶᠲᠡᠨ ᠨᠢ ᠶᠡᠭᠡ ᠬᠦᠢᠲᠡᠨ ᠠᠴᠠ ᠢᠯᠡᠭᠦᠦ︾ ᠭᠡᠳᠡᠭ ᠬᠡᠯᠡᠯᠭᠡ ᠪᠠᠶᠢᠳᠠᠭ᠂ ᠬᠡᠪᠡᠴᠤ ᠡᠮᠤᠨᠡᠳᠤ ᠤᠷᠤᠨ  ᠤ ᠬᠡᠰᠡᠭ ᠭᠠᠵᠠᠷ ᠤᠷᠤᠨ ᠤ ᠪᠦᠬᠦ ᠵᠢᠯ ᠤᠨ ᠬᠠᠮᠤᠭ  ᠲᠤᠤᠷ᠎ᠠ ᠠᠭᠠᠷ ᠤᠨ ᠲᠤᠯᠠᠭᠠᠨ ᠮᠦᠨ ᠯᠡ ᠶᠡᠭᠡ ᠬᠦᠢᠳᠡᠨ  ᠤ ᠬᠤᠭᠤᠴᠠᠭᠠᠨ ᠳᠤ ᠢᠯᠡᠷᠡᠨ᠎ᠠ ᠃   ᠶᠡᠭᠡ ᠬᠦᠢᠲᠡᠨ᠄ ᠴᠠᠭ ᠠᠭᠤᠷ ᠤᠨ ᠬᠦᠢᠲᠡᠨ ᠤ ᠬᠡᠮᠵᠢᠶ᠎ᠡ ᠶᠢ ᠢᠯᠡᠳᠬᠡᠨ᠎ᠡ᠂ ᠶᠡᠷᠦ ᠳᠤ ᠪᠠᠨ ᠵᠢᠯ ᠪᠦᠷᠢ ᠶᠢᠨ 1 ᠰᠠᠷ᠎ᠠ ᠶᠢᠨ 20  ᠤ ᠡᠳᠦᠷ ᠪᠤᠶᠤ  21  ᠤ ᠡᠳᠤᠷ ᠲᠤᠬᠢᠶᠠᠯᠳᠤᠳᠠᠭ᠃ ᠶᠡᠭᠡ ᠬᠦᠢᠳᠡᠨ ᠦᠩᠭᠡᠷᠡᠪᠠᠯ ᠪᠠᠰᠠ ᠰᠢᠨ᠎ᠠ ᠨᠢᠭᠡᠨ ᠡᠭᠡᠯᠵᠢ ᠪᠠᠨ ᠡᠬᠢᠯᠡᠭᠦ ᠪᠤᠯᠤᠨ᠎ᠠ᠃ ᠡ᠊ᠨᠳᠡ ᠬᠦᠷᠦᠭᠡᠳ ᠳᠡᠯᠡᠬᠡᠶ ᠶᠢᠨ ᠪᠥᠮᠪᠥᠷᠴᠡᠭ ᠨᠠᠷᠠ ᠶᠢ ᠨᠢᠭᠡ ᠲᠣᠭᠤᠷᠢᠨ ᠡᠷᠭᠢᠵᠦ᠂ ᠨᠢᠭᠡ ᠤᠷᠴᠢᠯ ᠢᠶᠠᠨ ᠪᠡᠶᠡᠯᠡᠭᠦᠯᠦᠭᠰᠡᠨ ᠪᠠᠶᠢᠨ᠎ᠠ᠃   ᠬᠤᠷᠢᠨ ᠲᠦᠷᠪᠠᠨ ᠴᠠᠭ ᠤᠯᠠᠷᠢᠯ ᠤᠨ ᠵᠠᠩ ᠦᠢᠯᠠ   ᠬᠤᠷᠢᠨ ᠳᠥᠷᠪᠡᠨ ᠴᠠᠭ ᠤᠯᠠᠷᠢᠯ ᠪᠣᠯ ᠮᠠᠨ ᠤ ᠡᠪᠦᠭᠡ ᠳᠡᠭᠡᠳᠦᠰ ᠤᠨ ᠲᠩᠷᠢ ᠭᠠᠵᠠᠷ ᠪᠠᠶᠢᠭᠠᠯᠢ ᠶᠢᠨ ᠴᠠᠭ ᠤᠯᠠᠷᠢᠯ ᠢ ᠲᠠᠨᠢᠬᠤ ᠴᠠᠭ ᠤᠨ ᠪᠤᠷᠤ ᠲᠥᠯᠥᠪ ᠮᠥᠨ᠂ ᠲᠡᠷᠡ ᠪᠣᠯ ᠡᠷᠲᠡᠨ ᠤ ᠬᠥᠮᠦᠰ ᠤᠨ ᠦᠢᠯᠡᠳᠪᠦᠷᠢᠯᠡᠯ ᠠᠮᠢᠳᠤᠷᠠᠯ ᠤᠨ ᠴᠠᠭ ᠤᠨ ᠵᠦᠭᠯᠡᠭᠦᠷ ᠮᠥᠨ᠃ ᠡᠲᠡᠭᠡᠷ ᠴᠠᠭ ᠤᠯᠠᠷᠢᠯ ᠤᠨ ᠲᠣᠭᠤᠷᠢᠨ ᠳᠤ ᠠᠯᠢ ᠣᠯᠠᠨ ᠪᠠᠶᠠᠷ ᠤᠨ ᠡᠳᠦᠷ ᠤᠨ ᠵᠠᠩ ᠦᠶᠯᠡ᠂ ᠠᠮᠢᠳᠤᠷᠠᠯ ᠤᠨ ᠵᠠᠩ ᠦᠶᠯᠡ ᠪᠠ ᠢᠳᠡᠭᠡᠨ ᠤᠮᠳᠠᠭᠠᠨ ᠤ ᠵᠠᠩ ᠦᠶᠯᠡ ᠪᠣᠶ ᠪᠣᠯᠤᠭᠰᠠᠨ ᠶᠤᠮ᠃ ᠬᠥᠮᠦᠰ ᠵᠠᠩ ᠦᠢᠯᠡ ᠶᠢᠨ ᠠᠵᠢᠯᠯᠠᠭ᠎ᠠ ᠪᠠᠷ ᠳᠠᠮᠵᠢᠨ᠂ ᠲᠩᠷᠢ ᠭᠠᠵᠠᠷ᠂ ᠡᠪᠦᠭᠡ ᠳᠡᠭᠡᠳᠦᠰ ᠲᠠᠢ ᠪᠠᠨ ᠣᠢᠢᠯᠠᠭᠠᠯᠴᠠᠵᠤ᠂ ᠲᠩᠷᠢ ᠭᠠᠵᠠᠷ᠂ ᠪᠠᠶᠢᠭᠠᠯᠢ ᠬᠢᠭᠡᠳ ᠡᠪᠦᠭᠡ ᠳᠡᠭᠡᠳᠦᠰ ᠲᠤ ᠪᠠᠨ ᠲᠠᠯᠠᠷᠬᠠᠬᠤ ᠰᠡᠳᠬᠢᠯᠭᠡ ᠪᠠᠨ ᠢᠯᠡᠳᠬᠡᠵᠦ᠂ ᠡᠭᠦᠨ ᠤ ᠤᠯᠠᠮ ᠠᠴᠠ ᠨᠡᠶᠢᠭᠡᠮ ᠤᠨ ᠠᠵᠤ ᠠᠮᠢᠳᠤᠷᠠᠯ ᠬᠢᠭᠡᠳ ᠪᠠᠶᠢᠭᠠᠯᠢ ᠯᠤᠭ᠎ᠠ ᠶᠢᠨ ᠵᠣᠬᠢᠴᠠᠯᠳᠤᠯ  ᠢ ᠪᠡᠶᠡᠯᠡᠭᠦᠯᠵᠦ᠂ ᠬᠥᠮᠦᠨ ᠤ ᠶᠢᠷᠲᠢᠨᠴᠦ ᠶᠢᠨ ᠥᠯᠵᠡᠢ ᠪᠡᠯᠭᠡ ᠪᠠ ᠵᠣᠯ ᠵᠢᠷᠭᠠᠯ‌ᠵᠢᠡᠨ ᠲᠠᠭᠠᠳᠬᠠᠳᠠᠭ᠃   ᠤᠯᠠᠮᠵᠢᠯᠠᠯᠲᠤ ᠲᠠᠷᠢᠶᠠᠯᠠᠩ ᠤᠨ ᠨᠡᠶᠢᠭᠡᠮ ᠪᠣᠯᠤᠭᠰᠠᠨ ᠤ ᠬᠤᠪᠢ ᠳᠤ᠂ ᠡᠷᠲᠡᠨ  ᠤ ᠬᠥᠮᠦᠰ ᠬᠠᠪᠤᠷ ᠤᠨ ᠠᠭᠤᠷ ᠤᠷᠤᠬᠤ᠂ ᠵᠢᠯ ᠤᠨ ᠡᠬᠢ ᠶᠢ ᠮᠠᠰᠢ ᠴᠢᠬᠤᠯᠠᠴᠢᠯᠠᠵᠤ᠂ ᠡᠨᠡ ᠬᠤᠭᠤᠴᠠᠭᠠᠨ ᠳᠤ ᠤᠯᠠᠨ ᠵᠦᠢᠯ ᠤᠨ ᠠᠷᠠᠳ  ᠤᠨ ᠵᠠᠩ ᠦᠢᠯᠡ ᠶᠢᠨ ᠠᠵᠢᠯᠯᠠᠭ᠎ᠠ ᠶᠢ ᠥᠷᠨᠢᠭᠦᠯᠳᠡᠭ᠃ ᠡᠷᠲᠡᠨ ᠤ ᠦᠶ᠎ᠡ ᠶᠢᠨ ᠵᠠᠩ ᠵᠠᠩᠰᠢᠯ ᠳᠤ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠢ ᠡᠷᠬᠢᠮᠯᠡᠵᠦ ᠪᠠᠶᠢᠭᠰᠠᠨ ᠪᠢᠰᠢ᠂ ᠬᠠᠷᠢᠨ ᠬᠠᠪᠤᠷ ᠤᠨ ᠠᠭᠤᠷ ᠤᠷᠤᠬᠤ ᠡᠳᠤᠷ ᠢ ᠡᠷᠬᠢᠮᠯᠡᠵᠦ ᠪᠠᠶᠢᠪᠠ ᠃ ᠳᠡᠭᠡᠳᠦᠰ ᠢᠶᠠᠨ ᠳᠠᠬᠢᠬᠤ᠂ ᠭᠠᠶ ᠪᠠᠷᠴᠢᠳ ᠢ ᠠᠷᠢᠯᠭᠠᠬᠤ᠂ ᠬᠡᠰᠢᠭ ᠬᠤᠷᠢᠶᠠᠬᠤ᠂ ᠬᠠᠪᠤᠷ  ᠢ ᠤᠭᠲᠤᠬᠤ ᠪᠠ ᠲᠠᠷᠢᠶᠠᠯᠠᠬᠤ ᠶᠣᠰᠣᠯᠠᠯ ᠵᠡᠷᠭᠡ ᠶᠢ ᠴᠥᠮ ᠬᠠᠪᠤᠷ ᠤᠨ ᠠᠭᠤᠷ ᠣᠷᠣᠬᠤ ᠪᠠ ᠡᠮᠦᠨ᠎ᠡ ᠬᠤᠶᠢᠨ᠎ᠠ ᠬᠡᠳᠦᠨ ᠡᠳᠦᠷ ᠲᠤ ᠶᠠᠪᠤᠭᠳᠠᠭᠤᠯᠵᠤ ᠪᠠᠶᠢᠵᠠᠢ᠃ ᠡᠲᠡᠭᠡᠷ ᠪᠠᠶᠠᠷ ᠳᠤᠷᠠᠰᠬᠠᠯ ᠤᠨ ᠠᠵᠢᠯᠯᠠᠭ᠎ᠠ  ᠨᠢ ᠬᠤᠵᠢᠮ ᠤᠨ ᠴᠠᠭᠠᠨ ᠰᠠᠷ᠎ᠠ ᠶᠢᠨ ᠪᠠᠶᠠᠷ ᠳᠤᠷᠠᠰᠬᠠᠯ ᠤᠨ ᠪᠣᠷᠣ ᠲᠥᠯᠥᠪ ᠢ ᠪᠦᠷᠢᠯᠳᠦᠭᠦᠯᠦᠭᠰᠡᠨ ᠢᠶᠠᠷ ᠪᠠᠷᠠᠬᠤ ᠥᠬᠡᠶ᠂ ᠠᠷᠠᠳ ᠤᠨ ᠵᠠᠩ ᠦᠶᠯᠡ ᠶᠢᠨ ᠴᠢᠳᠠᠮᠵᠢ ᠨᠢ ᠴᠦ ᠣᠲᠣ ᠪᠣᠯᠲᠠᠯ᠎ᠠ ᠤᠯᠠᠮᠵᠢᠯᠠᠭᠳᠠᠭᠰᠠᠭᠠᠷ ᠢᠷᠡᠵᠡᠶ᠃ ᠴᠠᠭ ᠤᠯᠠᠷᠢᠯ ᠤᠨ ᠵᠢᠮ᠎ᠡ ᠶᠣᠰᠣ ᠠᠴᠠ ᠠᠪᠴᠤ ᠬᠡᠯᠡᠪᠡᠯ᠂ ᠬᠠᠪᠤᠷ ᠤᠨ ᠠᠭᠤᠷ ᠪᠣᠯ ︽ᠠᠷᠭ᠎ᠠ ᠪᠢᠯᠢᠭ︾   ᠤᠨ ᠠᠭᠤᠷ ᠠᠮᠢᠰᠬᠤᠯ ᠤᠨ ᠳᠣᠲᠣᠷ᠎ᠠ ᠪᠢᠯᠢᠭ ᠤᠨ ᠠᠭᠤᠷ ᠲᠡᠭᠡᠭᠰᠢᠯᠡᠭᠦ ᠶᠢᠨ ᠡᠬᠢᠯᠡᠯᠲᠡ ᠮᠥᠨ᠂ ᠬᠠᠪᠤᠷ ᠤᠨ ᠠᠭᠤᠷ  ᠠᠴᠠ ᠡᠬᠢᠯᠡᠨ ᠠᠷᠭ᠎ᠠ ᠪᠢᠯᠢᠭ ᠰᠤᠯᠪᠢᠴᠠᠵᠤ᠂ ᠪᠢᠯᠢᠭ ᠤᠨ ᠠᠭᠤᠷ ᠳᠡᠭᠡᠭᠰᠢᠯᠡᠨ᠂ ᠬᠠᠪᠤᠷ ᠤᠨ ᠠᠭᠤᠷ ᠨᠢ ᠲᠦᠮᠡᠨ ᠪᠣᠳᠠᠰ ᠢ ᠠᠮᠢᠯᠠᠭᠤᠯᠵᠤ᠂ ᠰᠢᠨ᠎ᠡ ᠣᠷᠴᠢᠯ ᠢ ᠡᠬᠢᠯᠡᠭᠦᠯᠬᠦ ᠶᠢ ᠬᠠᠷᠠᠭᠤᠯᠤᠨ᠎ᠠ︔ ᠡᠪᠦᠯ ᠤᠨ ᠲᠦᠢᠯ ᠪᠣᠯ ᠬᠠᠷᠢᠨ ᠨᠡᠷᠡᠨ ᠤ ᠪᠤᠴᠠᠯᠲᠠ ᠶᠢᠨ ᠡᠬᠢᠯᠡᠯᠲᠡ ᠶᠢᠨ ᠴᠡᠭ ᠪᠠᠶᠢᠵᠤ᠂ ᠡᠪᠦᠯ ᠤᠨ ᠲᠦᠢᠯ ᠠᠴᠠ ᠡᠬᠢᠯᠡᠨ ᠨᠡᠷᠡᠨ ᠤ ᠥᠨᠳᠥᠷᠴᠠ ᠳᠡᠭᠡᠭᠰᠢᠯᠡᠵᠦ᠂ ᠡᠳᠦᠷ ᠠᠭᠠᠵᠢᠮ ᠢᠶᠠᠷ ᠤᠷᠳᠤ ᠪᠤᠯᠵᠤ᠂ ᠡᠪᠦᠯ ᠤᠨ ᠲᠦᠢᠯ ᠨᠢ ᠨᠡᠷᠡᠨ ᠤ ᠰᠢᠨ᠎ᠡ ᠠᠮᠢᠯᠠᠯ ᠢ ᠬᠠᠷᠠᠭᠤᠯᠵᠤ᠂ ᠨᠡᠷᠡᠨ ᠤ ᠨᠠᠭᠠᠰᠢ ᠴᠠᠭᠠᠰᠢ ᠶᠠᠪᠤᠬᠤ ᠬᠥᠳᠡᠯᠭᠡᠭᠡᠨ ᠰᠢᠨ᠎ᠡ ᠡᠷᠭᠢᠯᠲᠡ ᠳᠤ ᠣᠷᠣᠳᠠᠭ᠃ ᠡᠪᠦᠯ ᠤᠨ ᠲᠦᠢᠯ ᠢ ᠡᠷᠬᠢᠮᠯᠡᠭᠦ ᠬᠡᠮᠵᠢᠶ᠎ᠡ ᠨᠢ ᠬᠠᠪᠤᠷ ᠤᠨ ᠠᠭᠤᠷ ᠤᠨ ᠪᠠᠶᠠᠷ ᠠᠴᠠ ᠳᠣᠤᠷ᠎ᠠ ᠥᠬᠡᠶ ᠪᠠᠶᠢᠳᠠᠭ᠃ ᠤᠷᠲᠤ ᠤᠳᠠᠭᠠᠨ ᠲᠠᠷᠢᠶᠠᠯᠠᠬᠤ ᠨᠡᠶᠢᠭᠡᠮ ᠳᠤ᠂ ᠬᠤᠷᠢᠨ ᠳᠥᠷᠪᠡᠨ ᠴᠠᠭ ᠤᠯᠠᠷᠢᠯ ᠨᠢ ᠴᠢᠬᠤᠯᠠ ᠦᠢᠯᠡᠳᠦᠯ ᠦᠵᠡᠭᠦᠯᠵᠦ᠂ ᠡᠯᠪᠡᠭ ᠪᠠᠶᠠᠯᠢᠭ ᠰᠣᠶᠣᠯ ᠤᠨ ᠠᠭᠤᠯᠬᠤᠨ   ᠲᠠᠢ ᠪᠤᠯᠪᠠ᠃ ᠬᠠᠪᠤᠷ ᠤᠨ ᠠᠭᠤᠷ᠂ ᠡᠪᠦᠯ ᠤᠨ ᠲᠦᠢᠯ᠂ ᠬᠠᠩᠰᠢ ᠵᠡᠷᠭᠡ ᠵᠠᠷᠢᠮ ᠴᠠᠭ ᠤᠯᠠᠷᠢᠯ ᠨᠢ ᠪᠠᠶᠢᠭᠠᠯᠢ ᠶᠢᠨ ᠴᠠᠭ ᠤᠯᠠᠷᠢᠯ ᠪᠣᠯᠬᠤ ᠮᠥᠷᠲᠡᠭᠡᠨ ᠪᠠᠰᠠ ᠠᠷᠠᠳ ᠤᠨ ᠳᠤᠮᠳᠠᠬᠢ ᠴᠢᠬᠤᠯᠠ ᠪᠠᠶᠠᠷ ᠤᠨ ᠡᠳᠦᠷ ᠪᠤᠯᠪᠠ᠃ ᠪᠤᠰᠤᠳ ᠴᠠᠭ ᠤᠯᠠᠷᠢᠯ ᠳᠤ ᠴᠤ ᠡᠭᠦᠨ ᠲᠠᠢ ᠬᠤᠯᠪᠣᠭ᠎ᠠ ᠲᠠᠢ ᠶᠡᠭᠡ ᠬᠡᠮᠵᠢᠶᠡᠨ ᠤ ᠠᠷᠠᠳ ᠤᠨ ᠵᠠᠩ ᠦᠢᠯᠡ ᠶᠢᠨ ᠰᠣᠶᠣᠯ ᠪᠤᠢ ᠪᠣᠯᠪᠠ᠃   ᠬᠠᠪᠤᠷ ᠤᠨ ᠠᠭᠤᠷ ᠣᠷᠣᠬᠤ ᠦᠶ᠎ᠡ ᠶᠢᠨ ︽ᠰᠢᠪᠡᠷ ᠦᠬᠡᠷ ᠲᠠᠰᠢᠭᠤᠷᠳᠠᠬᠤ︾᠂ ᠶᠡᠭᠡ ᠬᠦᠢᠳᠡᠨ ᠦᠶ᠎ᠡ ᠶᠢᠨ ︽ᠭᠠᠵᠠᠷ ᠤᠨ ᠰᠠᠬᠢᠭᠤᠰᠤ ᠶᠢᠨ ᠲᠠᠬᠢᠯᠭ᠎ᠠ︾ ᠵᠡᠷᠭᠡ ᠨᠢᠭᠡ ᠪᠦᠯᠦᠭ ᠪᠠᠶᠠᠷ ᠤᠨ ᠡᠳᠦᠷ ᠤᠨ ᠵᠠᠩ ᠥᠢᠯᠨ  ᠶᠢᠨ ᠵᠠᠷᠢᠮ ᠨᠢ ᠡᠳᠦᠭᠡ ᠬᠦᠷᠲᠡᠯ᠎ᠡ ᠤᠯᠠᠮᠵᠢᠯᠠᠭᠳᠠᠵᠤ᠂ ᠣᠷᠤᠨ ᠨᠤᠲᠤᠭ ᠤᠨ ᠥᠪᠡᠷᠮᠢᠴᠡ ᠣᠨᠴᠠᠯᠢᠭᠳᠤ ᠵᠠᠩ ᠥᠢᠯᠨ  ᠶᠢᠨ ᠰᠣᠶᠣᠯ ᠪᠣᠯᠤᠭᠰᠠᠨ ᠪᠠᠶᠢᠨ᠎ᠠ᠃ ︽ᠰᠢᠪᠠᠷ ᠦᠬᠡᠷ ᠢ ᠲᠠᠰᠢᠭᠤᠷᠳᠠᠬᠤ︾  ᠄ ᠡᠷᠲᠡᠨ‌‍ᠦ ᠦᠶ᠎ᠡ ᠶᠢᠨ ᠳ᠋ᠦᠩ ᠢ ᠦᠨᠳᠦᠰᠦᠲᠡᠨ ᠤ ᠲᠦᠷᠦᠭᠦᠦ ᠶᠢᠨ ᠬᠥᠪᠡᠭᠦᠨ ᠭᠧᠤ ᠮᠠᠩ ᠬᠥᠮᠦᠰ ᠢ ᠳᠠᠭᠠᠭᠤᠯᠤᠨ ᠨᠡᠭᠦᠳᠡᠯᠯᠡᠨ ᠮᠠᠯᠵᠢᠵᠤ ᠪᠠᠶᠢᠭᠰᠠᠨ ᠠᠴᠠ ᠪᠠᠨ ᠲᠠᠷᠢᠶᠠᠯᠠᠩ ᠦᠢᠯᠡᠳᠪᠤᠷᠢᠯᠠᠯ ᠢ ᠡᠬᠢᠯᠠᠨ ᠡᠷᠬᠢᠯᠠᠪᠠ᠂ ᠬᠠᠪᠤᠷ  ᠤᠨ ᠠᠭᠤᠷ ᠪᠤᠯᠵᠤ᠂ ᠬᠥᠮᠦᠰ ᠰᠢᠷᠣᠶ ᠤᠷᠪᠠᠭᠤᠯᠤᠨ ᠲᠠᠷᠢᠶ᠎ᠠ ᠬᠠᠭᠠᠯᠪᠤᠷᠢᠯᠠᠬᠤ ᠪᠠᠷ ᠪᠡᠯᠡᠳᠬᠡᠵᠦ ᠪᠠᠶᠢᠭᠰᠠᠨ ᠪᠣᠯᠪᠠᠴᠤ ᠦᠬᠡᠷ ᠨᠢ ᠮᠥᠨ ᠯᠡ ︽ᠡᠪᠦᠯ ᠢᠴᠡᠭᠡᠯᠡᠬᠦ︾ ᠲᠠᠪᠠᠲᠠᠶ ᠨᠦᠢᠷ ᠲᠤ ᠪᠠᠨ ᠪᠠᠶᠢᠪᠠ᠂ ᠡᠭᠦᠨ ᠳᠤ ᠭᠧᠤ ᠮᠠᠩ ᠤᠯᠠᠨ ᠢᠶᠠᠷ ᠰᠢᠪᠠᠷ ᠦᠭᠡᠷ ᠴᠢᠮᠬᠢᠵᠤ ᠵᠤᠬᠢᠶᠠᠯᠭᠠᠨ᠂ ᠲᠡᠰᠢᠭᠤᠷ ᠬᠤᠷᠦ᠋ᠢᠯᠠᠨ ᠡᠭᠦᠨ ᠢ ᠪᠠᠨ ᠲᠠᠰᠢᠭᠤᠷᠳᠠᠪᠠ᠂ ᠲᠠᠰᠢᠭᠤᠷ ᠤᠨ ᠲᠠᠭᠤᠨ  ᠨᠢ ᠬᠠᠱᠠᠩ ᠦᠬᠡᠷ ᠢ ᠰᠣᠴᠢᠭᠠᠨ ᠰᠡᠷᠡᠭᠡᠵᠦ᠂ ᠠᠶᠤᠬᠤ ᠳᠤ ᠪᠠᠨ ᠪᠣᠰᠴᠤ ᠵᠣᠭᠰᠣᠨ ᠠᠵᠢᠯ ᠢᠶᠠᠨ ᠬᠢᠪᠠ ᠭᠡᠨ᠎ᠠ᠃ ᠴᠠᠭ ᠲᠤ ᠪᠠᠨ ᠲᠠᠷᠢᠶᠠᠯᠠᠭᠰᠠᠨ ᠠᠴᠠ ᠪᠣᠯᠵᠤ᠂ ᠲᠤᠬᠠᠶ ᠶᠢᠨ ᠵᠢᠯ ᠳᠤ ᠪᠠᠨ ᠡᠯᠪᠡᠭ ᠬᠤᠷᠢᠶᠠᠯᠲᠠ ᠣᠯᠵᠤ᠂ ᠤᠤᠯ  ᠳᠤ ᠪᠠᠨ ᠮᠠᠯ ᠠᠵᠤ ᠠᠬᠤᠶ ᠪᠠᠷ ᠠᠮᠢᠳᠤᠷᠠᠵᠤ ᠪᠠᠶᠢᠭᠰᠠᠨ ᠬᠥᠮᠦᠰ ᠪᠦᠷ ᠲᠠᠷᠢᠶᠠᠯᠠᠩ ᠤᠨ ᠠᠵᠢᠯ ᠬᠢᠬᠦ ᠳᠤᠷᠠᠲᠠᠶ ᠪᠣᠯᠤᠭᠰᠠᠨ ᠬᠡᠨ᠎ᠠ᠃ ᠮᠠᠨ ᠤ ᠤᠯᠤᠰ ᠤᠨ ᠵᠠᠷᠢᠮ  ᠭᠠᠵᠠᠷ  ᠤᠷᠤᠨ   ᠳᠤ ︽ᠰᠢᠪᠠᠷ  ᠦᠬᠡᠷ ᠲᠠᠰᠢᠭᠤᠷᠳᠠᠬᠤ︾  ᠠᠵᠢᠯᠯᠠᠭ᠎ᠠ ᠨᠢ ᠡᠳᠤᠭᠡ ᠪᠤᠯᠳᠠᠯ᠎ᠠ ᠤᠯᠠᠮᠵᠢᠯᠠᠬᠳᠠᠬᠰᠠᠭᠠᠷ ᠪᠠᠶᠢᠨ᠎ᠠ᠃   ᠬᠠᠩᠰᠢ ᠶᠢᠨ ᠡᠳᠤᠷ ᠪᠣᠯ ᠮᠠᠨ ᠤ ᠤᠯᠤᠰ ᠤᠨ ᠴᠢᠬᠤᠯᠠ ᠤᠯᠠᠮᠵᠢᠯᠠᠯᠳᠤ ᠵᠠᠩ ᠦᠢᠯᠡ ᠶᠢᠨ ᠪᠠᠶᠠᠷ ᠤᠨ ᠡᠳᠤᠷ  ᠤᠨ ᠨᠢᠭᠡ ᠪᠤᠯᠤᠨ᠎ᠠ᠃ 2006 ᠤᠨ ᠳᠤ ᠲᠦᠷᠦᠭᠦᠦ ᠪᠦᠯᠦᠭ ᠤᠯᠤᠰ ᠤᠨ ᠲᠠᠰ ᠤᠨ ᠪᠤᠳᠠᠰ ᠤᠨ ᠪᠤᠰᠤ ᠰᠤᠶᠤᠯ  ᠤᠨ ᠦᠪ ᠤᠨ ᠨᠡᠷᠡᠰ ᠲᠤ ᠲᠡᠮᠳᠡᠭᠯᠡᠭᠳᠡᠪᠠ᠃ ᠬᠠᠩᠰᠢ ᠶᠢᠨ ᠡᠳᠤᠷ ᠲᠡᠤᠭᠡᠨ ᠬᠦᠭᠵᠢᠯᠳᠠ ᠶᠢᠨ ᠲᠤᠮᠳᠠ ᠡᠯᠪᠡᠭ ᠪᠠᠶᠠᠯᠢᠭ ᠰᠤᠶᠤᠯ ᠤᠨ ᠠᠭᠤᠯᠬᠤᠨ ᠲᠠᠢ ᠪᠤᠯᠵᠤ᠂ ᠪᠦᠬᠦ ᠤᠯᠤᠰ ᠤᠨ ᠡᠯ᠎ᠠ ᠭᠠᠵᠠᠷ ᠲᠤ ᠭᠠᠵᠡᠷ ᠤᠷᠤᠨ ᠤ ᠠᠳᠠᠯᠢ ᠪᠤᠰᠤ ᠠᠴᠠ ᠪᠤᠯᠵᠤ ᠪᠠᠰᠠ ᠵᠠᠩ ᠦᠢᠯᠡ ᠶᠢᠨ ᠠᠭᠤᠯᠭ᠎ᠠ ᠪᠤᠶᠤ ᠨᠠᠷᠢᠨ ᠵᠦᠢᠯᠡᠰ  ᠤᠨ ᠲᠠᠯ᠎ᠠ ᠪᠠᠷ ᠬᠢ ᠵᠦᠷᠢᠶ᠎ᠠ ᠤᠷᠤᠰᠢᠵᠤ ᠪᠠᠶᠢᠳᠠᠭ᠂ ᠡᠯ᠎ᠠ ᠭᠠᠵᠠᠷ ᠤᠨ ᠪᠠᠶᠠᠷ ᠤᠨ ᠡᠳᠤᠷ ᠤᠨ ᠠᠵᠢᠯᠯᠠᠭ᠎ᠠ ᠨᠢ ᠬᠡᠳᠦ᠋ᠢᠪᠠᠷ ᠠᠳᠠᠯᠢ ᠪᠤᠰᠤ ᠪᠤᠯᠪᠠᠴᠤ ᠤᠩᠭᠤᠨ ᠳᠤ ᠰᠢᠷᠤᠢ ᠨᠡᠮᠡᠭᠦ᠂ ᠲᠠᠬᠡᠳᠤᠰ ᠢᠶᠠᠨ ᠲᠠᠬᠢᠬᠤ᠂ ᠬᠠᠪᠤᠷ ᠤᠨ ᠵᠤᠭᠠᠴᠠᠯ ᠬᠢᠬᠦ ᠨᠢ ᠬᠠᠮᠳᠤ ᠶᠢᠨ ᠶᠤᠰᠤ ᠵᠠᠩᠰᠢᠯ ᠤᠨ ᠭᠤᠤᠯ ᠰᠡᠳᠤᠪ ᠪᠤᠯᠪᠠ᠃ ᠬᠠᠩᠰᠢ ᠶᠢᠨ ᠡᠳᠤᠷ ᠬᠦᠮᠤᠰ ᠨᠦᠭᠴᠢᠭᠰᠡᠳ ᠢᠶᠠᠨ ᠲᠤᠷᠠᠳᠬᠠᠨ᠂ ᠭᠡᠷ ᠤᠬᠰᠠᠭ᠎ᠠ ᠶᠢᠨ ᠢᠶᠠᠨ ᠤᠩᠭᠤᠨ ᠳᠤ ᠰᠢᠷᠤᠢ ᠨᠡᠮᠡᠨ᠂ ᠲᠠᠬᠢᠯᠭ᠎ᠠ ᠲᠡᠯᠪᠢᠵᠤ ᠡᠷᠭᠦᠯᠳᠠ ᠡᠷᠭᠦᠳᠡᠭ᠃ ᠬᠠᠩᠰᠢ  ᠶᠢᠨ ᠡᠳᠤᠷ ᠪᠤᠯᠬᠤ ᠪᠦᠷᠢ ᠬᠦᠮᠤᠰ ᠬᠠᠮᠢᠭ᠎ᠠ ᠪᠠᠶᠢᠬᠰᠠᠨ ᠴᠤ ᠨᠤᠳᠤᠭ ᠲᠤ ᠪᠠᠨ ᠪᠤᠴᠠᠵᠤ ᠡᠪᠦᠭᠡ ᠲᠡᠭᠡᠳᠤᠰ ᠢᠶᠠᠨ ᠲᠠᠬᠢᠬᠤ ᠠᠵᠢᠯᠯᠠᠭᠠᠨ ᠳᠤ ᠤᠷᠤᠯᠴᠠᠳᠠᠭ᠃ ᠬᠠᠩᠰᠢ ᠶᠢᠨ ᠶᠤᠰᠤᠯᠠᠯ ᠤᠨ ᠰᠤᠶᠤᠯ ᠨᠢ ᠲᠤᠮᠳᠠᠳᠤ ᠶᠢᠨ ᠦᠨᠳᠤᠰᠤᠳᠠᠨ ᠤ ᠡᠪᠦᠭᠡ ᠲᠡᠭᠡᠳᠤᠰ ᠢᠶᠠᠨ ᠬᠦᠨᠳᠤᠳᠭᠡᠨ᠂ ᠦᠩᠭᠡᠷᠡᠭᠰᠡᠨ ᠢ ᠮᠦᠷᠦᠭᠡᠳᠭᠦ ᠰᠤᠶᠤᠯ ᠢᠷᠭᠡᠨᠰᠢᠯ ᠤᠨ ᠵᠤᠷᠢᠭ ᠰᠠᠨᠠᠭ᠎ᠠ ᠶᠢ ᠬᠦᠢᠴᠡᠳ ᠬᠠᠷᠠᠭᠤᠯᠤᠬᠰᠠᠨ ᠪᠠᠶᠢᠨ᠎ᠠ᠃   ᠬᠠᠩᠰᠢ ᠪᠤᠯᠬᠤ ᠪᠠᠷ ᠠᠭᠠᠷ ᠲᠡᠭᠷᠢ ᠴᠡᠯᠮᠡᠭᠰᠢᠨ᠂ ᠲᠦᠮᠠᠨ ᠪᠤᠳᠠᠰ ᠠᠮᠢᠯᠠᠵᠤ᠂ ᠡᠭᠡ ᠭᠠᠵᠠᠷ ᠲᠤ ᠬᠠᠪᠤᠷ ᠤᠨ ᠦᠵᠠᠮᠵᠢ ᠪᠠᠶᠢᠳᠠᠯ ᠢᠯᠡᠷᠡᠵᠤ᠂ ᠬᠠᠪᠤᠷ ᠤᠨ ᠵᠤᠭᠠᠴᠠᠯ ᠤᠨ ᠰᠠᠶᠢᠬᠠᠨ ᠴᠠᠭ ᠦᠶ᠎ᠠ ᠪᠤᠯᠤᠨ᠎ᠠ᠃ ᠬᠠᠩᠰᠢ ᠶᠢ ᠡᠷᠳᠡ  ᠳᠤ ᠪᠠᠰᠠ ᠬᠠᠪᠤᠷ ᠤᠨ ᠵᠤᠭᠠᠴᠠᠯ ᠤᠨ ᠪᠠᠶᠠᠷ ᠬᠡᠳᠡᠭ᠃ ᠡᠶᠢᠮᠤᠷᠭᠦᠦ ᠪᠠᠶᠠᠷ ᠲᠤᠷᠠᠰᠬᠠᠯ ᠤᠨ ᠴᠢᠨᠠᠷᠳᠠᠢ ᠠᠷᠠᠳ ᠤᠨ ᠵᠠᠩ ᠦᠢᠯᠡ ᠶᠢᠨ ᠠᠵᠢᠯᠯᠠᠭ᠎ᠠ ᠨᠢ ᠮᠠᠨ ᠤ ᠤᠯᠤᠰ ᠲᠤ ᠦᠨᠢ ᠤᠳᠠᠭᠠᠨ ᠲᠡᠤᠭᠡ ᠲᠠᠢ᠂ ᠲᠡᠭᠦᠨ ᠤ ᠡᠬᠢ ᠡᠭᠦᠰᠤᠯ  ᠨᠢ ᠦᠨᠢ ᠡᠷᠳᠡᠨ ᠤ ᠲᠠᠷᠢᠶᠠᠯᠠᠩ ᠤᠨ ᠲᠠᠬᠢᠯᠭ᠎ᠠ ᠶᠢᠨ ᠰᠢᠨ᠎ᠠ ᠵᠢᠯ ᠢ ᠤᠬᠳᠤᠬᠤ ᠵᠠᠩᠰᠢᠯ ᠲᠠᠢ ᠬᠤᠯᠪᠤᠭ᠎ᠠ ᠲᠠᠢ᠃ ᠬᠠᠩᠰᠢ ᠶᠢᠨ ᠦᠶ᠎ᠠ ᠳᠤ᠂ ᠬᠦᠮᠤᠰ ᠪᠠᠰᠠ ᠴᠠᠭᠠᠰᠤᠨ ᠰᠢᠪᠠᠭᠤ ᠨᠢᠰᠭᠡᠵᠤ᠂ ᠲᠡᠭᠦᠵᠢᠩ ᠨᠠᠭᠠᠳᠳᠠᠭ᠃ ᠵᠠᠷᠢᠮ ᠬᠦᠮᠤᠰ ᠴᠠᠭᠠᠰᠤᠨ ᠰᠢᠪᠠᠭᠤ ᠪᠠᠨ ᠲᠠᠯᠪᠢᠬᠰᠠᠨ ᠤ ᠲᠠᠷᠠᠭ᠎ᠠ ᠤᠳᠠᠰᠤ ᠶᠢ ᠨᠢ ᠲᠠᠰᠤᠯᠵᠤ ᠰᠠᠯᠬᠢᠨ ᠤ ᠠᠶ᠎ᠠ ᠪᠠᠷ ᠬᠡᠶᠢᠰᠭᠡᠳᠡᠭ᠂ ᠡᠨᠡ ᠨᠢ ᠭᠠᠢ ᠪᠠᠷᠴᠢᠳ ᠢ ᠠᠷᠢᠯᠭᠠᠵᠤ᠂ ᠦᠪᠡᠷ ᠤᠨ ᠪᠠᠶ᠎ᠠ ᠳᠤ ᠨᠢ ᠠᠵᠠ ᠬᠡᠶᠢᠮᠤᠷᠢ ᠶᠢ ᠠᠪᠴᠢᠷᠠᠨ᠎ᠠ ᠬᠡᠳᠡᠭ᠃ ᠦᠨᠦᠳᠤᠷ ᠡᠵᠢ ᠪᠢᠳᠠᠨ ᠳᠤ ᠦᠨᠳᠡᠭᠡ ᠴᠢᠨᠠᠵᠤ ᠢᠳᠡᠭᠦᠯᠳᠡᠭ᠂ ᠬᠠᠩᠰᠢ ᠶᠢᠨ ᠡᠳᠤᠷ ᠦᠨᠳᠡᠭᠡ ᠢᠳᠡᠪᠠᠯ ᠵᠢᠯ ᠳᠤ ᠪᠠᠨ ᠶᠠᠷ᠎ᠠ ᠴᠦᠪᠦᠷᠢᠭᠦᠦ ᠭᠠᠷᠬᠤ ᠦᠭᠡᠢ᠂ ᠰᠢᠷᠬ᠎ᠠ ᠰᠤᠷᠪᠢ ᠰᠠᠭᠤᠬᠤ ᠦᠭᠡᠢ ᠬᠡᠳᠡᠭ᠃   ᠬᠠᠩᠰᠢ ᠶᠢᠨ ᠡᠳᠤᠷ ᠤᠩᠭᠤᠨ ᠳᠤ ᠰᠢᠷᠤᠢ ᠨᠡᠮᠡᠭᠦ ᠪᠤᠯ ᠲᠤᠮᠳᠠᠳᠤ ᠶᠢᠨ ᠤᠯᠠᠮᠵᠢᠯᠠᠯᠳᠤ ᠵᠠᠩᠰᠢᠯ ᠰᠤᠶᠤᠯ ᠪᠤᠯᠳᠠᠭ ᠠᠴᠠ᠂ ᠬᠦᠮᠤᠰ ᠦᠷᠡᠭᠳᠡᠭᠰᠡᠨ ᠪᠠᠭᠠᠳᠤᠷᠴᠤᠳ ᠤᠨ ᠬᠦᠰᠢᠶ᠎ᠠ ᠤ ᠬᠦᠷᠴᠤ ᠠᠬᠠᠮᠠᠳ ᠬᠤᠪᠢᠰᠬᠠᠯᠴᠢᠳ᠂ ᠦᠷᠡᠭᠳᠡᠭᠰᠡᠨ ᠪᠠᠭᠠᠳᠤᠷᠴᠤᠳ ᠢᠶᠠᠨ ᠲᠤᠷᠠᠰᠤᠨ ᠰᠠᠨᠠᠭᠠᠯᠵᠠᠬᠤ ᠨᠢ ᠡᠨᠡ ᠡᠳᠤᠷ ᠤᠨ ᠪᠠᠰᠠ ᠨᠢᠭᠡ ᠮᠠᠰᠢ ᠤᠳᠬ᠎ᠠ ᠠᠭᠤᠯᠭ᠎ᠠ ᠲᠠᠢ ᠶᠠᠪᠤᠳᠠᠯ ᠪᠤᠯᠤᠬᠰᠠᠠ ᠪᠠᠶᠢᠨ᠎ᠠ ᠃   ᠡᠪᠤᠯ ᠤᠨ ᠲᠦᠢᠯ ᠴᠤ ᠮᠠᠨ ᠤ ᠤᠯᠤᠰ ᠤᠨ ᠠᠷᠠᠳ ᠤᠨ ᠲᠤᠮᠳᠠᠬᠢ ᠤᠯᠠᠮᠵᠢᠯᠠᠯᠳᠤ ᠪᠠᠶᠠᠷ ᠤᠨ ᠡᠳᠤᠷ ᠪᠤᠯᠤᠨ᠎ᠠ ᠃ ᠡᠷᠳᠡᠨ ᠤ ᠠᠷᠠᠳ ᠤᠨ ᠲᠤᠮᠳᠠ ︽ᠡᠪᠤᠯ ᠤᠨ ᠲᠦᠢᠯ ᠨᠢ ᠰᠢᠨᠡᠯᠡᠭᠦ ᠲᠠᠢ ᠠᠳᠠᠯᠢ︾ ᠬᠡᠰᠡᠨ ᠬᠡᠯᠡᠯᠭᠡ ᠪᠠᠶᠢᠳᠠᠭ ᠪᠤᠯᠬᠤᠷ ᠡᠷᠳᠡᠨ ᠤ ᠬᠦᠮᠤᠰ ᠡᠪᠤᠯ ᠤᠨ ᠲᠦᠢᠯ ᠢ ︽ᠪᠠᠭ᠎ᠠ ᠵᠢᠯ︾ ᠬᠡᠵᠤ ᠬᠡᠯᠡᠳᠡᠭ᠃ ᠡᠪᠤᠯ ᠤᠨ ᠲᠦᠢᠯ ᠤᠨ ᠵᠠᠩ ᠦᠢᠯᠡ ᠨᠢ ᠭᠠᠵᠠᠷ ᠤᠷᠤᠨ ᠤ ᠠᠳᠠᠯᠢ ᠪᠤᠰᠤ ᠠᠴᠠ ᠪᠤᠯᠵᠤ ᠨᠠᠷᠢᠨ ᠢᠯᠭᠠᠭ᠎ᠠ ᠲᠠᠢ ᠪᠠᠶᠢᠳᠠᠭ᠃ ᠮᠠᠨ ᠤ ᠤᠯᠤᠰ  ᠤᠨ ᠡᠮᠤᠨᠡᠳᠤ ᠤᠷᠤᠨ ᠤ ᠲᠠᠯᠠᠢ ᠲᠠᠭᠠᠤ ᠬᠡᠰᠡᠭ ᠭᠠᠵᠠᠷ ᠤᠷᠤᠨ ᠳᠤ᠂ ᠲᠡᠭᠡᠳᠤᠰ ᠢᠶᠠᠨ ᠲᠠᠬᠢᠬᠤ ᠵᠠᠩᠰᠢᠯ ᠲᠠᠢ︔ ᠤᠮᠠᠷᠠᠳᠤ ᠤᠷᠤᠨ ᠳᠤ ᠪᠠᠩᠰᠢ ᠢᠳᠡᠭᠦ ᠵᠠᠩᠰᠢᠯ ᠲᠠᠢ᠃      ᠡᠷᠳᠡᠨ ᠤ ᠪᠠᠶᠢᠭᠠᠯᠢ ᠶᠢᠨ ᠦᠵᠡᠭᠳᠠᠯ ᠢᠶᠠᠷ ᠴᠠᠭ ᠲᠤᠬᠳᠠᠭᠠᠬᠤ ᠴᠠᠭ ᠦᠶ᠎ᠡ ᠳᠤ᠂ ᠲᠠᠷᠢᠶᠠᠯᠠᠩ ᠤᠨ ᠶᠠᠪᠤᠳᠠᠯ  ᠤᠨ ᠦᠶᠡᠯᠡᠯ ᠤᠨ ᠬᠤᠭᠤᠴᠠᠭ᠎ᠠ ᠨᠢ ᠳᠠᠷᠤᠶ ᠪᠠᠶᠠᠷ ᠤᠨ ᠶᠣᠰᠣᠯᠠᠯ ᠤᠨ ᠦᠶᠡᠯᠡᠯ ᠤᠨ ᠬᠤᠭᠤᠴᠠᠭ᠎ᠠ ᠪᠠᠶᠢᠵᠤ᠂ ᠵᠠᠷᠢᠮ ᠴᠠᠭ ᠤᠯᠠᠷᠢᠯ ᠨᠢ ᠳᠠᠷᠤᠶ ᠪᠠᠶᠠᠷ ᠤᠨ ᠡᠳᠦᠷ ᠪᠤᠯᠪᠠ᠃ ᠡᠭᠦᠨ ᠠᠴᠠ ᠰᠡᠭᠦᠯᠡᠷ ᠬᠡᠳᠦ᠋ᠢᠪᠡᠷ ᠲᠡᠦᠬᠡᠨ ᠬᠥᠭᠵᠢᠯᠲᠡ ᠶᠢᠨ ᠳᠤᠮᠳᠠ ᠵᠢᠷᠤᠬᠠᠶ   ᠶᠢᠨ ᠠᠷᠭ᠎ᠠ ᠳᠡᠯᠭᠡᠷᠡᠭᠰᠡᠨ ᠠᠴᠠ ᠪᠣᠯᠵᠤ᠂ ᠴᠠᠭ ᠤᠯᠠᠷᠢᠯ ᠪᠤᠯᠤᠨ ᠪᠠᠶᠠᠷ ᠳᠤᠷᠠᠰᠬᠠᠯ ᠤᠨ ᠡᠳᠦᠷ ᠨᠢ ᠰᠠᠯᠤᠩᠬᠢᠷᠠᠬᠰᠠᠨ ᠪᠤᠯᠪᠠᠴᠤ ᠵᠠᠷᠢᠮ ᠴᠠᠭ ᠤᠯᠠᠷᠢᠯ ᠨᠢ ᠮᠥᠨ ᠯᠡ ᠪᠠᠶᠠᠷ ᠳᠤᠷᠠᠰᠬᠠᠯ ᠤᠨ ᠡᠳᠦᠷ ᠤᠨ ᠬᠤᠪᠢ ᠪᠠᠷ ᠬᠠᠳᠠᠭᠠᠯᠠᠭᠳᠠᠭᠰᠠᠭᠠᠷ ᠪᠠᠶᠢᠨ᠎ᠠ᠃ ᠪᠠᠷᠤᠭ ᠴᠠᠭ ᠤᠯᠠᠷᠢᠯ ᠪᠣᠯᠭᠠᠨ ᠳᠤ ᠴᠥᠮ ᠥᠪᠡᠷ ᠥᠪᠡᠷ ᠤᠨ ᠪᠠᠶᠠᠯᠢᠭ ᠰᠠᠶᠢᠬᠠᠨ ᠴᠠᠭ ᠤᠯᠠᠷᠢᠯ ᠤᠨ ᠵᠠᠩ ᠵᠠᠩᠰᠢᠯ ᠤᠨ ᠠᠵᠢᠯᠯᠠᠭ᠎ᠠ ᠲᠠᠢ ᠪᠠᠶᠢᠳᠠᠭ᠃ ᠡᠳᠡᠭᠡᠷ ᠠᠵᠢᠯᠯᠠᠭ᠎ᠠ ᠶᠢ ᠶᠡᠭᠡ ᠲᠥᠯᠥᠪ᠄ ᠪᠤᠷᠬᠠᠨ ᠰᠠᠬᠢᠭᠤᠯᠰᠤᠨ ᠢ ᠲᠠᠬᠢᠵᠤ᠂ ᠰᠢᠳᠤᠯᠭᠡ ᠪᠢᠰᠢᠷᠠᠯ ᠢᠶᠠᠨ ᠢᠯᠡᠳᠭᠡᠭᠦ︔ ᠳᠡᠭᠡᠳᠦᠰ ᠢᠶᠠᠨ ᠳᠡᠭᠡᠳᠦᠯᠡᠨ ᠲᠠᠬᠢᠵᠤ᠂ ᠲᠥᠷᠥᠯ ᠰᠠᠳᠤᠨ ᠤ ᠬᠠᠶᠢᠷ᠎ᠠ ᠰᠡᠳᠬᠢᠯᠭᠡ ᠪᠠᠨ ᠬᠠᠮᠠᠭᠠᠯᠠᠬᠤ︔ ᠭᠠᠢ ᠪᠠᠷᠴᠢᠳ ᠢ ᠠᠷᠢᠯᠭᠠᠵᠤ᠂ ᠠᠮᠤᠷ ᠠᠮᠤᠭᠤᠯᠠᠩ ᠢ ᠬᠥᠭᠡᠭᠡᠴᠡᠯᠳᠦᠬᠦ︔ ᠰᠠᠯᠡᠭᠦᠴᠠᠨ ᠵᠤᠭᠠᠯᠠᠵᠤ᠂ ᠰᠡᠳᠬᠢᠯ ᠰᠠᠨᠠᠭ᠎ᠠ  ᠪᠠᠨ ᠲᠠᠶᠢᠪᠤᠰᠢᠷᠠᠭᠤᠯᠬᠤ ᠵᠡᠷᠭᠡ ᠬᠡᠳᠤᠨ ᠲᠠᠯ᠎ᠠ ᠪᠠᠷ ᠬᠤᠷᠢᠶᠠᠩᠭᠤᠢᠢᠯᠠᠵᠤ ᠪᠤᠯᠤᠨ᠎ᠠ ᠃ ᠡᠭᠦᠨ ᠠᠴᠠ ᠭᠠᠳᠠᠨ᠎ᠠ᠂ ᠪᠠᠷᠤᠭ ᠴᠠᠭ ᠤᠯᠠᠷᠢᠯ ᠪᠣᠯᠭᠠᠨ ᠳᠤ ᠴᠥᠮ ᠥᠪᠡᠷ ᠤᠨ ᠣᠨᠴᠠᠭᠠᠶ ᠢᠳᠡᠭᠡᠨ ᠤᠮᠳᠠᠭᠠᠨ ᠤ ᠵᠠᠩ ᠳᠠᠳᠬᠠᠯ   ᠲᠠᠢ ᠪᠠᠶᠢᠳᠠᠭ᠃ ᠵᠢᠱᠢᠶᠡᠯᠡᠪᠡᠯ ᠬᠠᠪᠤᠷ ᠤᠨ ᠠᠭᠤᠷ ᠣᠷᠣᠪᠠᠯ ᠡᠯᠢᠭᠡ ᠪᠦᠭᠡᠷ᠎ᠠ ᠳᠤ ᠰᠢᠮ᠎ᠠ ᠰᠡᠯᠪᠢᠭᠦ᠂ ᠵᠣᠨ ᠤ ᠠᠭᠤᠷ  ᠲᠤ ᠤᠰᠤ  ᠨᠥᠬᠦᠪᠦᠷᠢᠯᠡᠭᠦ᠂ ᠨᠠᠮᠤᠷ ᠤᠨ ᠠᠭᠤᠷ ᠲᠤ ᠪᠢᠯᠢᠭ  ᠢ ᠲᠡᠵᠢᠭᠡᠭᠦ  ᠂ ᠡᠪᠦᠯ ᠤᠨ ᠠᠭᠤᠷ ᠲᠤ ᠪᠢᠯᠢᠭ ᠢ ᠲᠡᠮᠢᠷᠵᠢᠭᠤᠯᠬᠤ ᠵᠡᠷᠭᠡ᠃ ᠡᠭᠦᠨ ᠤ ᠬᠠᠮᠲᠤ᠂ ᠬᠤᠷᠢᠨ ᠳᠥᠷᠪᠡᠨ ᠴᠠᠭ ᠤᠯᠠᠷᠢᠯ ᠤᠨ ᠲᠣᠭᠤᠷᠢᠨ ᠳᠤ ᠣᠯᠠᠨ ᠠᠷᠪᠢᠨ ᠥᠯᠢᠭᠡᠷ ᠳᠣᠮᠤᠭ ᠵᠢᠴᠢ ᠰᠢᠯᠦᠭ ᠳᠠᠭᠤᠯᠠᠯ ᠮᠠᠭᠲᠠᠭᠤ ᠵᠡᠷᠭᠡ ᠪᠣᠶ ᠪᠣᠯᠵᠣ᠂ ᠬᠥᠮᠦᠰ ᠤᠨ ᠦᠵᠡᠯ ᠰᠠᠨᠠᠭ᠎ᠠ ᠬᠠᠶᠢᠷ᠎ᠠ ᠰᠡᠳᠬᠢᠯᠭᠡ ᠪᠠ ᠣᠶᠤᠨ ᠰᠠᠨᠠᠭᠠᠨ  ᠤ ᠨᠠᠶᠢᠳᠠᠯᠭ᠎ᠠ ᠶᠢ ᠲᠥᠪᠯᠡᠷᠡᠭᠦᠯᠦᠨ ᠢᠯᠡᠳᠬᠡᠵᠡᠶ ᠃   ᠬᠥᠮᠦᠰ ᠲᠤ ᠠᠪᠴᠤ ᠬᠡᠯᠡᠪᠡᠯ᠂ ᠬᠤᠷᠢᠨ ᠳᠥᠷᠪᠡᠨ ᠴᠠᠭ ᠤᠯᠠᠷᠢᠯ ᠨᠢ ᠨᠢᠭᠡ ᠵᠦᠶᠯ ᠤᠨ ᠴᠠᠭ ᠤᠨ ᠰᠢᠰᠲ᠋ᠧᠮ ᠪᠣᠯᠬᠤ ᠪᠠᠷ ᠪᠠᠷᠠᠬᠤ ᠥᠬᠡᠶ᠂ ᠨᠠᠩ ᠴᠤ ᠡᠯᠪᠡᠭ ᠪᠠᠶᠠᠯᠢᠭ ᠠᠭᠤᠯᠤᠭᠳᠠᠬᠤᠨ ᠲᠠᠢ ᠠᠮᠢᠳᠤᠷᠠᠯ ᠪᠠ ᠠᠷᠠᠳ ᠤᠨ ᠵᠠᠩ ᠦᠶᠯᠡ ᠶᠢᠨ ᠰᠢᠰᠲ᠋ᠧᠮ ᠪᠣᠯᠬᠤ ᠶᠤᠮ᠃ ᠬᠤᠷᠢᠨ ᠲᠦᠷᠪᠡᠨ ᠴᠠᠭ ᠤᠯᠠᠷᠢᠯ ᠨᠢ ᠠᠷᠠᠳ ᠤᠯᠠᠨ ᠤ ᠡᠳᠦᠷ ᠲᠤᠳᠤᠮ  ᠤᠨ ᠨᠡᠶᠢᠭᠡᠮ ᠤᠨ ᠠᠮᠢᠳᠤᠷᠠᠯ ᠤᠨ ᠳᠤᠮᠳᠠ ᠡᠳᠦᠷ ᠢᠷᠡᠬᠦᠶ᠎ᠡ ᠳᠡᠯᠭᠡᠷᠡᠨ ᠲᠦᠭᠡᠮᠡᠯᠵᠢᠵᠦ ᠪᠠᠶᠢᠭ᠎ᠠ ᠨᠢ ᠡᠭᠦᠨ ᠲᠠᠢ ᠰᠢᠭᠤᠳ ᠬᠤᠯᠪᠣᠭ᠎ᠠ ᠲᠠᠢ ᠶᠤᠮ ᠃   ᠠᠷᠠᠳ ᠤᠨ ᠵᠠᠩ ᠦᠢᠯᠡ ᠪᠣᠯ ᠳᠤᠮᠳᠠᠳᠤ ᠶᠢᠨ ᠤᠯᠠᠮᠵᠢᠯᠠᠯᠲᠤ ᠰᠣᠶᠣᠯ ᠤᠨ ᠠᠮᠢᠳᠤ ᠴᠢᠯᠠᠭᠤᠵᠢᠮᠠᠯ ᠮᠥᠨ᠂ ᠤᠯᠠᠮᠵᠢᠯᠠᠯᠲᠤ ᠵᠠᠩ ᠳᠠᠳᠬᠠᠯ ᠨᠢᠭᠡᠪᠦᠷᠢ ᠨᠢ ᠴᠥᠮ ᠳᠤᠮᠳᠠᠳᠤ ᠶᠢᠨ ᠦᠨᠳᠦᠰᠦᠲᠡᠨ ᠤ ᠰᠣᠶᠣᠯ ᠤᠨ ᠳᠡᠮᠳᠡᠭ ᠢ ᠠᠴᠢᠶᠠᠯᠠᠵᠤ᠂ ᠬᠤᠷᠢᠨ ᠲᠦᠷᠪᠡᠨ ᠴᠠᠭ ᠤᠯᠠᠷᠢᠯ ᠲᠠᠢ ᠬᠤᠯᠪᠣᠭᠳᠠᠭᠰᠠᠨ ᠠᠷᠠᠳ ᠤᠨ ᠵᠠᠩ ᠦᠢᠯᠡ ᠶᠢᠨ ᠰᠣᠶᠣᠯ  ᠨᠢ ᠲᠩᠷᠢ ᠪᠠ ᠬᠥᠮᠦᠨ ᠨᠢᠭᠡᠳᠦᠭᠰᠡᠨ ᠳᠤᠮᠳᠠᠳᠤ ᠶᠢᠨ ᠰᠣᠶᠣᠯ ᠤᠨ ᠤᠬᠢ ᠰᠣᠳᠣ ᠶᠢ ᠢᠯᠡᠷᠡᠭᠦᠯᠵᠦ᠂ ᠳᠤᠮᠳᠠᠳᠤᠴᠤᠳ ᠤᠨ ᠬᠠᠮᠤᠭ ᠤᠨ ᠦᠨᠳᠦᠰᠦᠨ ᠰᠡᠳᠬᠢᠬᠦᠶ ᠶᠢᠨ ᠠᠷᠭ᠎ᠠ ᠮᠠᠶ᠋ᠢᠭ ᠪᠠ ᠦᠷᠳᠡᠭ ᠤᠨ ᠬᠥᠭᠡᠭᠡᠴᠡᠯᠳᠦᠯ  ᠢ ᠢᠯᠡᠷᠡᠭᠦᠯᠳᠡᠭ᠃ ᠡᠳᠡᠭᠡᠷ ᠵᠠᠩ ᠦᠢᠯᠠ ᠪᠠ ᠪᠠᠶᠠᠷ ᠳᠤᠷᠠᠰᠬᠠᠯ ᠤᠨ ᠡᠳᠦᠷ ᠨᠢ ᠡᠷᠲᠡᠨ ᠤ ᠬᠥᠮᠦᠰ ᠤᠨ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠪᠠ ᠬᠠᠶᠢᠷ᠎ᠠ ᠰᠡᠳᠬᠢᠯᠭᠡ ᠶᠢ ᠢᠯᠡᠳᠬᠡᠵᠦ᠂ ᠵᠠᠭᠤ ᠮᠢᠩᠭᠠᠨ ᠵᠢᠯ ᠤᠨ ᠲᠤᠷᠰᠢᠬᠢ ᠲᠤᠮᠳᠠᠳᠤᠴᠤᠳ ᠤᠨ ᠠᠮᠢᠳᠤᠷᠠᠯ ᠢ ᠬᠠᠶᠢᠷᠠᠯᠠᠵᠤ᠂ ᠰᠢᠷᠭᠠᠭᠤ ᠬᠥᠳᠡᠯᠮᠦᠷᠢᠯᠡᠵᠦ᠂ ᠰᠠᠶᠢᠨ ᠰᠠᠶᠢᠬᠠᠨ ᠠᠮᠢᠳᠤᠷᠠᠯ ᠢ ᠬᠥᠭᠡᠭᠡᠴᠡᠯᠳᠦᠬᠦ ᠤᠶᠤᠨ ᠰᠠᠨᠠᠭᠠᠨ ᠤ ᠡᠳ᠋ ᠪᠠᠶᠠᠯᠢᠭ ᠪᠣᠯᠤᠭᠰᠠᠨ ᠪᠠᠶᠢᠨ᠎ᠠ  ᠃                      ᠴᠢᠦ ᠬᠤᠨᠭ᠌ ᠡᠮᠬᠢᠳᠭᠡᠨ ᠨᠠᠶᠢᠷᠠᠭᠤᠯᠪᠠ
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号