ᠤᠯᠠᠮᠵᠢᠯᠠᠯᠲᠤ ᠪᠣᠷᠣ ᠢᠳᠡᠬᠡᠨ
ᠨᠡᠶᠢᠲᠡᠯᠡᠭᠰᠡᠨ ᠴᠠᠭ᠄
2023/4/14
   ᠮᠣᠩᠭᠤᠯᠴᠤᠳ ᠭᠤᠯᠢᠷ ᠢᠶᠠᠷ ᠬᠢᠭᠰᠡᠨ ᠢᠳᠡᠬᠡᠨ ᠢ ᠪᠣᠷᠣ ᠢᠳᠡᠬᠡᠨ ᠬᠡᠳᠡᠭ᠃ ᠬᠢᠴᠡ ᠶᠢᠨ ᠬᠤᠪᠢ ᠳᠤ ᠥᠪᠡᠷᠮᠢᠴᠡ ᠣᠨᠴᠠᠯᠢᠭ ᠲᠠᠢ ᠪᠥᠭᠡᠳ ᠭᠠᠵᠠᠷ ᠣᠷᠣᠨ ᠤ ᠢᠯᠭᠠᠭ᠎ᠠ ᠲᠠᠢ ᠪᠠᠶᠢᠳᠠᠭ᠃ ᠪᠣᠷᠣ ᠢᠳᠡᠬᠡᠨ ᠢ ᠮᠣᠩᠭᠤᠯᠴᠤᠳ ᠶᠡᠷᠦ ᠨᠢ ᠣᠷᠣᠢ ᠳᠠᠭᠠᠨ ᠢᠳᠡᠳᠡᠭ᠃ ᠡᠳᠦᠷ ᠲᠡᠭᠡᠨ ᠬᠤᠶᠠᠷ ᠡᠷᠡᠨ ᠤ ᠴᠠᠢ ᠤᠤᠭᠤᠳᠠᠭ᠃ ᠴᠠᠢ ᠪᠣᠯ ᠮᠣᠩᠭᠤᠯᠴᠤᠳ ᠤᠨ ᠢᠳᠡᠬᠡᠨ ᠤᠮᠳᠠᠭᠠᠨ ᠤ ᠳᠡᠭᠡᠵᠢ ᠮᠥᠷᠲᠡᠭᠡᠨ ᠰᠠᠯᠵᠤ ᠪᠣᠯᠣᠰᠢ ᠦᠭᠡᠢ ᠢᠳᠡᠬᠡᠨ ᠤᠮᠳᠠᠭᠠᠨ  ᠨᠢ ᠪᠣᠯᠣᠭᠰᠠᠭᠠᠷ ᠢᠷᠠᠵᠠᠢ᠃ ᠪᠤᠤᠵᠠ — ᠮᠣᠩᠭᠤᠯ ᠪᠤᠤᠵᠠ ᠶᠢ ᠮᠣᠩᠭᠤᠯᠴᠤᠳ ᠪᠣᠷᠣ ᠢᠳᠡᠬᠡᠨ ᠤ ᠬᠠᠮᠤᠭ ᠤᠨ ᠳᠡᠭᠡᠳᠦ ᠬᠤᠭᠤᠯᠠ ᠭᠡᠵᠦ ᠦᠵᠡᠳᠡᠭ᠃ ᠮᠢᠬ᠎ᠠ ᠶᠢ ᠮᠠᠰᠢ ᠵᠢᠵᠢᠭᠯᠡᠨ ᠬᠡᠷᠴᠢᠵᠦ ᠳᠠᠪᠤᠰᠤ ᠰᠣᠩᠭᠢᠨ᠎ᠠ ᠬᠢᠵᠦ ᠢᠳᠡᠭᠡ ︵ᠰᠢᠶᠠᠨᠽᠢ︶ ᠪᠤᠯᠭᠠᠵᠤ᠂ ᠭᠤᠯᠢᠷ ᠢᠶᠠᠨ ᠪᠦᠯᠢᠶᠡᠨ ᠤᠰᠤᠨ ᠳᠤ ᠵᠢᠭᠤᠷᠠᠵᠤ ᠨᠤᠬᠤᠭᠠᠳ ᠰᠠᠶᠢᠨ ᠨᠡᠶᠢᠴᠡᠭᠦᠯᠦᠭᠰᠡᠨ ᠤ ᠲᠠᠷᠠᠭ᠎ᠠ ᠳᠣᠲᠣᠷ᠎ᠠ ᠨᠢ ᠰᠢᠶᠠᠨᠽᠢ ᠪᠠᠨ ᠬᠢᠵᠦ ᠪᠣᠭᠤᠭᠠᠳ ᠵᠢᠩᠨᠡᠵᠦ ᠪᠤᠯᠭᠤᠭᠰᠠᠠ ᠢᠳᠡᠬᠡᠨ ᠢ ᠪᠤᠤᠵᠠ ᠬᠡᠳᠡᠭ᠃    ᠪᠤᠤᠵᠠ ᠶᠢᠨ ᠬᠡᠯᠪᠡᠷᠢ ᠪᠠᠷ ᠨᠢ ᠰᠠᠷᠠᠨ ᠪᠤᠤᠵᠠ᠂ ᠨᠠᠷᠠᠨ ᠪᠤᠤᠵᠠ ︵ᠲᠣᠭᠤᠷᠢᠭ ᠪᠤᠤᠵᠠ︶᠂ ᠬᠤᠯᠤᠭᠠᠨᠠᠨ ᠪᠤᠤᠵᠠ ᠭᠡᠬᠦ ᠮᠡᠲᠦ ᠪᠠᠷ ᠬᠤᠪᠢᠶᠠᠳᠠᠭ᠃ ᠪᠤᠤᠵᠠ ᠪᠣᠯ ᠦᠨᠡᠨ ᠳᠡᠭᠡᠨ ᠭᠤᠯᠢᠷ ᠢᠶᠠᠷ ᠮᠢᠬ᠎ᠠ ᠶᠢ ᠪᠣᠭᠤᠭᠰᠠᠨ ᠪᠢᠲᠡᠭᠦᠦ ᠢᠳᠡᠬᠡᠨ ᠶᠤᠮ᠃ ᠬᠦᠬᠡᠬᠡᠮᠡᠯ ᠪᠤᠤᠵᠠ ᠶᠢᠨ ᠭᠤᠯᠢᠷ ᠢ ᠰᠢᠷᠠᠰᠤ ᠪᠠᠷ ᠵᠢᠭᠤᠷᠠᠳᠠᠭ᠃     ᠪᠠᠩᠰᠢ — ᠮᠢᠬ᠎ᠠ ᠶᠢ ᠮᠥᠨ ᠵᠢᠵᠢᠭᠯᠡᠨ ᠬᠡᠷᠴᠢᠵᠦ ᠪᠤᠤᠵᠠ ᠶᠢ ᠪᠤᠳᠤᠪᠠᠯ ᠪᠠᠭ᠎ᠠ ᠰᠢᠭ᠋ ᠪᠠᠷᠢᠳᠠᠭ᠃ ᠵᠢᠩᠨᠡᠵᠦ ᠢᠳᠡᠬᠦ ᠦᠭᠡᠢ᠂ ᠤᠰᠤᠨ ᠳᠤ ᠴᠢᠨᠠᠵᠤ ᠢᠳᠡᠳᠡᠭ᠃ ᠮᠣᠩᠭᠤᠯᠴᠤᠳ ᠤᠨ ᠡᠷᠲᠡᠨ ᠤ ᠤᠯᠠᠮᠵᠢᠯᠠᠯᠲᠤ ᠢᠳᠡᠬᠡᠨ ᠪᠤᠯᠬᠤ ᠶᠤᠮ᠂ ᠪᠢᠲᠡᠭᠦᠨ ᠳᠤ ᠶᠡᠷᠦ ᠠᠴᠠ ᠪᠠᠩᠰᠢ ᠴᠢᠨᠠᠵᠤ ᠢᠳᠡᠳᠡᠭ ᠵᠠᠩᠰᠢᠯ ᠲᠠᠢ᠃ ᠰᠢᠷ᠎ᠠ ᠳᠤᠰᠤᠨ ᠤ ᠣᠷᠢᠶᠠᠮᠠᠭ — ᠡᠨᠡ ᠨᠢ ᠮᠣᠩᠭᠤᠯᠴᠤᠳ ᠤᠨ ᠯᠠ ᠬᠢᠵᠦ ᠴᠢᠳᠠᠳᠠᠭ ᠥᠪᠡᠷᠮᠢᠴᠡ ᠬᠤᠭᠤᠯᠠ ᠶᠤᠮ᠃ ᠰᠢᠷ᠎ᠠ ᠳᠤᠰᠤᠨ ᠤ ᠣᠷᠢᠶᠠᠮᠠᠭ ᠪᠣᠯ ᠭᠤᠯᠢᠷ ᠢᠶᠠᠨ ᠪᠦᠯᠢᠶᠡᠨ ᠤᠰᠤᠨ ᠳᠤ ᠵᠢᠭᠤᠷᠠᠵᠤ ᠨᠢᠮᠭᠡᠯᠡᠭᠡᠳ ᠳᠣᠲᠣᠷ᠎ᠠ ᠨᠢ ᠰᠢᠷ᠎ᠠ ᠲᠣᠰᠣ ᠬᠢᠵᠦ ᠣᠷᠢᠶᠠᠵᠤ ᠵᠢᠩᠨᠡᠵᠦ ᠪᠣᠯᠭᠤᠭᠠᠨ᠎ᠠ᠃ ᠪᠠᠰᠠ ᠥᠭᠡᠬᠦ ᠬᠠᠪᠴᠢᠭᠤᠯᠵᠤ ᠣᠷᠢᠶᠠᠬᠤ ᠴᠤ ᠪᠤᠢ᠃    ᠬᠤᠤᠱᠤᠤᠷ — ᠮᠥᠨ ᠪᠤᠤᠵᠠ ᠲᠠᠢ ᠠᠳᠠᠯᠢ ᠬᠢᠵᠦ᠂ ᠬᠡᠯᠪᠡᠷᠢ ᠨᠢ ᠣᠨᠳᠣᠣ᠂ ᠲᠦᠭᠦᠬᠡᠢ ᠪᠠᠷ ᠨᠢ ᠳᠤᠰᠤᠨ ᠳᠤ ᠪᠤᠴᠠᠯᠭᠠᠵᠤ ᠪᠣᠯᠭᠤᠭᠠᠬᠤ ᠶᠢ ᠬᠡᠯᠡᠵᠦ ᠪᠠᠶᠢᠨ᠎ᠠ᠃    ᠭᠤᠯᠢᠷ ᠬᠤᠭᠤᠯᠠ — ᠬᠤᠨᠢᠨ ᠮᠢᠬ᠎ᠠ ᠪᠠᠨ ᠬᠡᠷᠴᠢᠵᠦ ᠪᠤᠴᠠᠯᠭᠠᠵᠤ ᠱᠥᠯᠥ ᠭᠠᠷᠭᠠᠭᠰᠠᠨ ᠤ ᠲᠠᠷᠠᠭ᠎ᠠ ᠭᠤᠯᠢᠷ ᠢ ᠨᠠᠷᠢᠨ ᠤᠷᠳᠤ ᠬᠡᠷᠴᠢᠵᠦ ᠴᠢᠨᠠᠵᠤ ᠪᠣᠯᠭᠠᠳᠠᠭ ᠬᠤᠭᠤᠯᠠ ᠶᠢ ᠭᠤᠯᠢᠷ ᠬᠤᠭᠤᠯᠠ ᠭᠡᠨ᠎ᠡ᠃ ᠪᠠᠩᠰᠢ ᠲᠠᠢ ᠭᠤᠯᠢᠷ ᠬᠤᠭᠤᠯᠠ — ᠪᠠᠩᠰᠢ ᠲᠠᠢ ᠭᠤᠯᠢᠷ ᠬᠤᠭᠤᠯᠠ ᠨᠢ ᠪᠠᠩᠰᠢ ᠪᠣᠯᠣᠨ ᠭᠤᠯᠢᠷ ᠢ ᠬᠤᠯᠢᠵᠤ ᠴᠢᠨᠠᠭᠰᠠᠨ ᠬᠤᠭᠤᠯᠠ ᠶᠢ ᠬᠡᠯᠡᠨ᠎ᠡ᠃ ᠪᠠᠩᠰᠢ ᠲᠠᠢ ᠭᠤᠯᠢᠷ ᠬᠤᠭᠤᠯᠠ ᠶᠢ ᠱᠥᠯᠥ ᠲᠠᠢ ᠬᠤᠭᠤᠯᠠ ᠠᠮᠰᠠᠭᠤᠯᠬᠤ ᠦᠶ᠎ᠡ ᠳᠤ ᠬᠢᠳᠡᠭ ᠶᠤᠮ᠃    ᠱᠥᠯᠥ ᠲᠠᠢ ᠪᠤᠳᠠᠭ᠎ᠠ — ᠮᠢᠬ᠎ᠠ ᠴᠢᠨᠠᠭᠰᠠᠨ ᠱᠥᠯᠥ ᠪᠤᠶᠤ ᠬᠡᠷᠴᠢᠮ ᠮᠢᠬ᠎ᠠ ᠶᠢᠨ ᠱᠥᠯᠥᠨ ᠳᠤ ᠪᠤᠳᠠᠭ᠎ᠠ ᠴᠢᠨᠠᠵᠤ ᠢᠳᠡᠬᠦ ᠶᠢ ᠬᠡᠯᠡᠨ᠎ᠡ᠃ ᠡᠭᠦᠨ ᠳᠤ ᠬᠤᠨᠤᠭ ᠪᠤᠳᠠᠭ᠎ᠠ᠂ ᠴᠠᠭᠠᠨ ᠪᠤᠳᠠᠭ᠎ᠠ ᠪᠦᠷ ᠬᠡᠷᠡᠭᠯᠡᠵᠦ ᠪᠣᠯᠣᠨ᠎ᠠ᠃ ︽ᠰᠢᠩᠭᠡᠨ ᠪᠤᠳᠠᠭ᠎ᠠ ᠰᠢᠩᠬᠡᠬᠦᠷ ᠲᠠᠢ᠂ ᠰᠢᠩᠭᠡᠭᠡᠭᠰᠡᠨ ᠬᠤᠶᠢᠨ᠎ᠠ ᠪᠠᠨ ᠵᠣᠪᠠᠭᠤᠷᠢ ᠲᠠᠢ︾ ᠭᠡᠵᠦ ᠬᠡᠯᠡᠳᠡᠭ ᠵᠦᠢᠷ ᠰᠡᠴᠡᠨ ᠦᠭᠡ ᠪᠠᠶᠢᠳᠠᠭ᠃     ᠠᠮᠤᠰᠤ — ᠮᠣᠩᠭᠤᠯᠴᠤᠳ ᠭᠠᠯ ᠲᠠᠬᠢᠯᠭ᠎ᠠ ᠶᠢᠨ ᠪᠤᠳᠠᠭ᠎ᠠ ᠪᠠᠨ ᠠᠮᠤᠰᠤ ᠭᠡᠵᠦ ᠬᠡᠯᠡᠳᠡᠭ᠃ ᠡᠭᠦᠨ ᠢ ᠤᠯᠠᠭᠠᠨ ᠠᠮᠤᠰᠤ᠂ ᠴᠠᠭᠠᠨ ᠠᠮᠤᠰᠤ ᠭᠡᠵᠦ ᠬᠤᠪᠢᠶᠠᠵᠤ ᠪᠤᠯᠬᠤ ᠶᠤᠮ᠃ ᠤᠯᠠᠭᠠᠨ ᠠᠮᠤᠰᠤᠨ ᠳᠤᠨᠢ ᠭᠠᠯ ᠳᠠᠬᠢᠭᠰᠠᠨ ᠤ ᠲᠠᠷᠠᠭ᠎ᠠ ᠢᠳᠡᠳᠡᠭ ᠮᠢᠬᠠᠨ ᠤ ᠱᠥᠯᠥᠨ ᠳᠤ ᠪᠤᠳᠠᠭ᠎ᠠ᠂ ᠦᠵᠦᠮ᠂ ᠴᠢᠪᠠᠭ᠎ᠠ ᠵᠡᠷᠭᠡ ᠶᠢ ᠬᠢᠳᠡᠭ᠃ ᠴᠠᠭᠠᠨ ᠠᠮᠤᠰᠤᠨ ᠳᠤᠨᠢ ᠮᠢᠬ᠎ᠠ ᠦᠭᠡᠢ᠂ ᠰᠢᠷ᠎ᠠ ᠲᠣᠰᠣ᠂ ᠵᠥᠭᠡᠬᠡᠢ᠂ ᠦᠵᠦᠮ᠂ ᠴᠢᠪᠠᠭ᠎ᠠ᠂ ᠪᠤᠷᠠᠮ ᠵᠡᠷᠭᠡ ᠶᠢᠨ ᠵᠦᠢᠯᠡᠰ ᠢ ᠬᠢᠳᠡᠭ᠃    ᠬᠠᠭᠤᠷᠠᠢ ᠪᠤᠳᠠᠭ᠎ᠠ — ᠬᠠᠭᠤᠷᠠᠢ ᠪᠤᠳᠠᠭ᠎ᠠ ᠪᠤᠯ ᠮᠤᠩᠭᠤᠯ ᠬᠦᠮᠤᠨ ᠤ ᠴᠠᠢ ᠳᠠᠭᠠᠨ ᠬᠢᠵᠤ ᠤᠤᠭᠤᠳᠠᠭ ᠰᠠᠶᠢᠬᠠᠨ ᠢᠳᠡᠬᠡᠨ ᠶᠤᠮ᠃ ᠡᠬᠦᠨ ᠢ ᠪᠠᠰᠠ ᠮᠤᠩᠭᠤᠯ ᠠᠮᠤ ᠬᠡᠳᠡᠭ᠃ ᠮᠤᠩᠭᠤᠯ ᠭᠠᠵᠡᠷ ᠲᠠᠷᠢᠵᠤ ᠮᠤᠩᠭᠤᠯ ᠬᠦᠮᠤᠨ ᠢᠳᠡᠳᠡᠭ ᠢᠶᠠᠷ ᠴᠢᠩᠬᠢᠵᠤ ᠨᠡᠷᠡᠯᠡᠭᠰᠡᠡ ᠪᠠᠶᠢᠬ᠎ᠠ᠃ ᠬᠠᠭᠤᠷᠠᠢ ᠪᠤᠳᠠᠭ᠎ᠠ ᠶᠢ ᠵᠦᠬᠡᠬᠡᠢ ᠲᠠᠢ ᠵᠢᠭᠤᠷᠠᠵᠤ ᠢᠳᠡᠪᠡᠯ ᠶᠡᠭᠡ ᠦᠯ ᠲᠠᠢ᠃    ᠬᠤᠨᠤᠭ ᠪᠤᠳᠠᠭ᠎ᠠ — ᠬᠤᠨᠤᠭ ᠪᠤᠳᠠᠭ᠎ᠠ ᠪᠤᠯ ᠲᠠᠷᠤᠢ ᠨᠠᠷᠢᠮᠤ ᠶᠢᠨ ᠪᠤᠳᠠᠭ᠎ᠠ ᠪᠤᠯᠤᠨ᠎ᠠ᠃ ᠵᠠᠷᠢᠮ ᠭᠠᠵᠡᠷ ᠪᠠᠰᠠ ᠰᠢᠷ᠎ᠠ ᠪᠤᠳᠠᠭ᠎ᠠ ᠬᠡᠵᠤ ᠬᠡᠯᠡᠳᠡᠭ᠃ ᠡᠬᠦᠨ ᠢᠶᠠᠷ ᠭᠤᠤᠯᠳᠠᠭᠤ ᠰᠢᠩᠬᠡᠨ ᠪᠤᠳᠠᠭ᠎ᠠ ᠴᠢᠨᠠᠬᠤ᠂ ᠠᠭᠰᠠᠭᠠᠵᠤ ᠢᠳᠡᠳᠡᠭ ᠪᠤᠶᠤ ᠴᠠᠢ ᠳᠠᠭᠠᠨ ᠤᠷᠬᠢᠵᠤ ᠪᠤᠳᠠᠭ᠎ᠠ ᠲᠠᠢ ᠴᠠᠢ ᠤᠤᠭᠤᠳᠠᠭ᠃    ᠬᠠᠭᠠᠷᠢᠭᠰᠠᠨ ᠪᠣᠣᠪᠤ — ᠮᠣᠩᠭᠤᠯᠴᠤᠳ ᠡᠷᠲᠡ ᠠᠴᠠ ᠴᠠᠢ ᠶᠢᠨ ᠬᠦᠨᠡᠰᠦ ᠶᠢ ᠶᠡᠭᠡ ᠪᠠᠵᠠᠭᠠᠵᠤ ᠠᠪᠳᠠᠭ ᠶᠤᠮ᠃ ᠬᠠᠭᠠᠷᠢᠭᠰᠠᠨ ᠪᠣᠣᠪᠤ ᠬᠡᠳᠡᠭ ᠨᠢ ᠰᠢᠷ᠎ᠠ ᠰᠢᠭᠦᠰᠦ ᠪᠠᠷ ᠭᠤᠯᠢᠷ ᠢᠶᠠᠨ ᠵᠢᠭᠤᠷᠠᠵᠤ ᠳᠣᠲᠣᠷ᠎ᠠ ᠨᠢ ᠰᠢᠷ᠎ᠠ ᠲᠣᠰᠣ᠂ ᠵᠥᠭᠡᠬᠡᠢ ᠬᠤᠯᠢᠵᠤ ᠳᠤᠰᠤᠨ ᠳᠤ ᠬᠠᠭᠠᠷᠢᠵᠤ ᠬᠢᠳᠡᠭ ᠶᠤᠮ᠃ ᠡᠭᠦᠨ ᠢᠶᠠᠷ ᠬᠠᠭᠠᠷᠢᠭᠰᠠᠨ ᠪᠣᠣᠪᠤ ︵ᠬᠠᠭᠠᠷᠢᠭᠤᠯ︶ ᠬᠡᠳᠡᠭ᠃ ᠬᠠᠭᠠᠷᠢᠭᠰᠠᠨ ᠪᠣᠣᠪᠤ ᠶᠢ ᠲᠣᠭᠤᠷᠢᠭ᠂ ᠣᠷᠢᠶᠠᠮᠠᠭ᠂ ᠰᠦᠯᠵᠢᠮᠡᠯ ᠭᠡᠬᠦ ᠮᠡᠲᠦ ᠪᠠᠷ ᠬᠤᠪᠢᠶᠠᠵᠤ ᠪᠣᠯᠣᠨ᠎ᠠ᠃      
 
ᠢᠷᠡᠯᠲᠡ᠄ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号