ᠦᠨᠢᠶ᠎ᠡ ᠶᠢ ᠲᠤᠭᠤᠯᠯᠠᠭᠤᠯᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2023/6/25
    ᠵᠠᠷᠢᠮ ᠬᠥᠮᠥᠰ ᠦᠨᠢᠶ᠎ᠡ ᠶᠢᠨ ︽ᠬᠦᠴᠢᠷᠳᠡᠵᠦ ᠲᠥᠯᠯᠡᠬᠦ ᠶᠢ ᠬᠥᠩᠭᠡᠯᠡᠨ᠎ᠡ︾ ᠭᠡᠳ ᠶᠠᠭᠠᠷᠠᠵᠤ ᠰᠠᠨᠳᠤᠷᠤᠨ ᠲᠤᠭᠤᠯ ᠤᠨ ᠰᠢᠭᠢᠷ᠎ᠡ ᠨᠢ ᠳᠥᠩᠭᠡᠵᠦ ᠪᠤᠯᠲᠠᠶᠢᠮᠠᠭᠴᠠ ᠲᠠᠲᠠᠵᠤ ᠭᠠᠷᠭᠠᠭᠠᠳ ᠡᠬᠡ ᠲᠥᠯ ᠤᠨ ᠡᠷᠡᠭᠦᠯ ᠮᠡᠨᠳᠦ ᠳᠤ ᠵᠤᠪᠠᠯᠠᠩ ᠤᠴᠠᠷᠠᠭᠤᠯᠳᠠᠭ ᠪᠠᠶᠢᠨ᠎ᠠ᠃ ᠶᠡᠷᠦ ᠶᠢᠨ ᠪᠠᠶᠢᠳᠠᠯ ᠳᠤ ᠦᠨᠢᠶ᠎ᠡ ᠲᠤᠭᠤᠯᠯᠠᠬᠤ ᠢᠯᠡᠷᠡᠯ ᠭᠠᠷᠤᠭᠠᠳ ᠴᠠᠭ ᠭᠠᠷᠤᠢ ᠪᠣᠯᠤᠭᠰᠠᠨ ᠴᠦ ᠬᠠᠮᠢᠶ᠎ᠠ ᠦᠭᠡᠢ᠃ ᠲᠤᠭᠤᠯ ᠤᠨ ᠰᠢᠭᠢᠷ᠎ᠡ ᠨᠢ ᠭᠠᠷᠤᠭᠠᠳ ᠲᠣᠯᠣᠭᠠᠢ ᠨᠢ ᠭᠠᠷᠤᠭᠠᠳᠤᠢ ᠪᠤᠶᠤ ᠲᠣᠯᠣᠭᠠᠢ ᠨᠢ ᠭᠠᠷᠤᠭᠠᠳ ᠰᠢᠭᠢᠷ᠎ᠡ ᠨᠢ ᠭᠠᠷᠤᠭᠠᠳᠤᠢ ᠦᠶ᠎ᠡ ᠳᠤ ᠰᠣᠬᠤᠷ ᠪᠠᠯᠠᠢ ᠪᠠᠷ ᠲᠠᠲᠠᠵᠤ ᠭᠠᠷᠭᠠᠵᠤ ᠪᠣᠯᠬᠤ ᠦᠭᠡᠢ᠃ ᠡᠷᠬᠡᠪᠰᠢ ᠠᠭᠠᠷᠴᠠᠭ ᠤᠨ ᠶᠠᠰᠤ ᠨᠢ ᠰᠤᠯᠠᠷᠠᠵᠤ ᠨᠡᠭᠡᠭᠡᠭᠳᠡᠬᠦ ᠶᠢ ᠬᠦᠯᠢᠶᠡᠬᠦ ᠬᠡᠷᠡᠭᠲᠡᠢ᠂ ᠲᠡᠭᠡᠬᠦ ᠦᠭᠡᠢ ᠪᠣᠯ ᠲᠤᠭᠤᠯ ᠤᠨ ᠲᠣᠯᠣᠭᠠᠢ ᠨᠢ ᠬᠤᠶᠢᠰᠢ ᠡᠷᠭᠢᠬᠦ ᠪᠤᠶᠤ ᠡᠮᠦᠨ᠎ᠡ ᠮᠥᠴᠢ ᠨᠢ ᠠᠷᠤᠨᠰᠢ ᠨᠤᠭᠤᠷᠠᠪᠠᠯ ᠲᠠᠲᠠᠵᠤ ᠭᠠᠷᠭᠠᠬᠤ ᠳᠤ ᠨᠡᠩ ᠬᠦᠴᠢᠷᠳᠡᠬᠦ ᠮᠥᠷᠲᠡᠭᠡᠨ ᠵᠠᠷᠢᠮ ᠳᠠᠭᠠᠨ ᠲᠠᠲᠠᠵᠤ ᠭᠠᠷᠭᠠᠭᠰᠠᠨ ᠲᠤᠭᠤᠯ ᠬᠡᠪᠲᠡᠰᠢ ᠲᠠᠢ ᠪᠠᠨ ᠭᠠᠷᠤᠭᠠᠳ ᠦᠨᠢᠶᠡᠨ ᠤ ᠠᠮᠢ ᠨᠠᠰᠤᠨ ᠳᠤ ᠬᠤᠬᠢᠷᠠᠯ ᠤᠴᠠᠷᠠᠭᠤᠯᠬᠤ ᠪᠣᠯᠣᠨ᠎ᠠ᠃ ᠬᠡᠷᠪᠡ ᠴᠠᠭ ᠭᠠᠷᠤᠢ ᠪᠣᠯᠤᠭᠰᠠᠨ ᠪᠠᠶᠢᠲᠠᠯ᠎ᠠ ᠲᠤᠭᠤᠯᠯᠠᠬᠤ ᠦᠭᠡᠢ ᠪᠣᠯ ᠭᠠᠷᠴᠤ ᠢᠷᠡᠭᠰᠡᠨ ᠰᠢᠭᠢᠷ᠎ᠡ ᠶᠢ ᠨᠢ ᠨᠤᠮᠤᠨ ᠬᠡᠯᠪᠡᠷᠢ ᠲᠠᠢ ᠪᠠᠷ ᠲᠠᠲᠠᠵᠤ᠂ ᠦᠨᠢᠶᠡᠨ ᠤ ᠰᠡᠬᠦᠯ ᠤᠨ ᠤᠭ ᠠᠴᠠ ᠳᠡᠭᠡᠭᠰᠢ ᠨᠢᠭᠡ ᠲᠣᠬᠤᠢ ᠵᠠᠶᠢᠲᠠᠢ ᠭᠠᠵᠠᠷ ᠲᠤ ᠬᠦᠴᠦᠯᠡᠨ ᠲᠠᠲᠠᠨ᠎ᠠ᠃ ᠬᠡᠷᠪᠡ ᠲᠣᠯᠣᠭᠠᠢ ᠨᠢ ᠭᠠᠷᠤᠭᠠᠳ ᠰᠢᠭᠢᠷ᠎ᠡ ᠨᠢ ᠭᠠᠷᠤᠭᠠᠳᠤᠢ ᠪᠣᠯ ᠡᠷᠡᠬᠡᠢ᠂ ᠳᠣᠯᠣᠪᠤᠷ ᠪᠠ ᠳᠤᠮᠳᠠ ᠬᠤᠷᠤᠭᠤ ᠪᠠᠨ ᠦᠨᠢᠶᠡᠨ ᠤ ᠦᠮᠠᠢ ᠳᠤ ᠬᠢᠵᠦ ᠰᠢᠭᠢᠷ᠎ᠡ ᠶᠢ ᠨᠢ ᠲᠠᠲᠠᠵᠤ ᠭᠠᠷᠭᠠᠭᠰᠠᠨ ᠤ ᠳᠠᠷᠠᠭ᠎ᠠ ᠰᠡᠭᠦᠵᠢᠨ ᠬᠡᠰᠡᠭ ᠲᠤ ᠨᠢ ᠳᠠᠷᠤᠪᠠᠯ ᠬᠢᠯᠪᠠᠷᠬᠠᠨ ᠲᠤᠭᠤᠯᠯᠠᠳᠠᠭ᠃ ᠰᠠᠶ᠋ᠢ ᠭᠠᠷᠤᠭᠰᠠᠨ ᠲᠤᠭᠤᠯ ᠤᠨ ᠬᠦᠢᠰᠦ ᠶᠢ ᠲᠠᠰᠤᠯᠬᠤ ᠶᠢ ᠶᠠᠭᠠᠷᠠᠵᠤ ᠪᠣᠯᠬᠤ ᠦᠭᠡᠢ᠃ ᠶᠠᠮᠠᠷᠪᠠ ᠪᠠᠶᠢᠳᠠᠯ ᠳᠣᠣᠷ᠎ᠠ ᠴᠦ ᠭᠡᠳ ᠰᠠᠶ᠋ᠢ ᠭᠠᠷᠤᠭᠰᠠᠨ ᠲᠤᠭᠤᠯ ᠤᠨ ᠬᠦᠢᠰᠦ ᠶᠢ ᠲᠠᠰᠤᠯᠬᠤ ᠭᠡᠵᠦ ᠶᠠᠭᠠᠷᠠᠵᠤ ᠪᠣᠯᠬᠤ ᠦᠭᠡᠢ᠃ ᠡᠬᠡ ᠲᠥᠯ ᠰᠠᠯᠤᠭᠰᠠᠨ ᠤ ᠳᠠᠷᠠᠭ᠎ᠠ ᠥᠪᠡᠷᠲᠡᠭᠡᠨ ᠲᠠᠰᠤᠷᠠᠬᠤ ᠶᠢ ᠬᠦᠯᠢᠶᠡᠬᠦ ᠬᠡᠷᠡᠭᠲᠡᠢ᠃ ᠨᠡᠩ ᠢᠯᠠᠩᠭᠤᠶ᠎ᠠ ᠲᠠᠷᠭᠤ ᠬᠦᠴᠦ ᠪᠠᠷ ᠪᠠᠷᠤᠭᠲᠠᠢ ᠦᠨᠢᠶ᠎ᠡ ᠬᠡᠭᠡᠷ᠎ᠡ ᠭᠠᠳᠠᠨ᠎ᠠ ᠲᠤᠭᠤᠯᠯᠠᠬᠤ ᠳᠤ ᠪᠠᠨ ᠬᠦᠴᠢᠷᠳᠡᠵᠦ᠂ ᠲᠤᠭᠤᠯ ᠤᠨ ᠢᠶᠠᠨ ᠲᠣᠯᠣᠭᠠᠢ ᠶᠢ ᠤᠨᠵᠢᠭᠤᠯᠤᠭᠠᠳ ᠬᠤᠶᠠᠷ ᠴᠠᠭ ᠬᠢᠷᠢᠲᠡᠢ ᠪᠤᠯᠳᠠᠭ ᠴᠦ ᠪᠤᠢ᠃ ᠢᠩᠭᠢᠵᠦ ᠪᠦᠳᠡᠩᠰᠢᠭᠰᠡᠨ ᠲᠤᠭᠤᠯ ᠢ ᠲᠠᠲᠠᠵᠤ ᠭᠠᠷᠭᠠᠭᠰᠠᠭᠠᠷ ᠬᠦᠢᠰᠦ ᠶᠢ ᠨᠢ ᠲᠠᠰᠤᠯᠵᠤ ᠵᠢᠪᠠᠷ ᠦᠵᠡᠭᠦᠯᠪᠡᠯ ᠳᠣᠣᠷ᠎ᠠ ᠪᠠᠨ ᠦᠬᠦᠴᠢᠳᠡᠭ᠃ ᠡᠶᠢᠮᠦ ᠠᠴᠠ ᠲᠤᠭᠤᠯ ᠢ ᠲᠠᠲᠠᠵᠤ ᠭᠠᠷᠭᠠᠭᠰᠠᠨ ᠤ ᠳᠠᠷᠠᠭ᠎ᠠ ᠬᠦᠢᠰᠦ ᠶᠢ ᠨᠢ ᠲᠠᠰᠤᠯᠬᠤ ᠠᠴᠠ ᠬᠢᠴᠢᠶᠡᠵᠦ᠂ ᠲᠤᠭᠤᠯ ᠤᠨ ᠠᠮᠢᠰᠬᠤᠯ ᠢ ᠪᠥᠭᠯᠡᠬᠦ ᠦᠭᠡᠢ ᠪᠠᠷ 10 - 20 ᠰᠧᠺᠦ᠋ᠨ᠋ᠳ᠋ ᠠᠮᠠ ᠶᠢ ᠨᠢ ᠪᠠᠷᠢᠭᠠᠳ ᠵᠢᠪᠠᠷ ᠤᠷᠤᠭᠤ ᠬᠠᠨᠳᠤᠭᠤᠯᠤᠨ ᠬᠡᠪᠲᠡᠭᠦᠯᠦᠨ᠎ᠡ᠃ ᠵᠢᠭᠠᠬᠠᠨ ᠤᠳᠠᠭᠠᠳ ᠡᠬᠡ ᠪᠠᠷ ᠨᠢ ᠳᠣᠯᠢᠶᠠᠯᠭᠠᠭᠰᠠᠨ ᠲᠤᠭᠤᠯ ᠰᠡᠷᠭᠦᠵᠦ ᠪᠣᠰᠬᠤ ᠭᠡᠵᠦ ᠤᠷᠤᠯᠳᠤᠵᠤ ᠡᠬᠢᠯᠡᠪᠡᠯ ᠰᠠᠶ᠋ᠢ ᠡᠬᠡ ᠶᠢ ᠨᠢ ᠪᠣᠰᠬᠠᠬᠤ ᠪᠤᠶᠤ ᠲᠤᠭᠤᠯ ᠢ ᠨᠢ ᠵᠠᠶᠢᠯᠠᠭᠤᠯᠵᠤ ᠬᠦᠢᠰᠦ ᠶᠢ ᠨᠢ ᠳᠠᠰᠤᠯᠤᠨ᠎ᠠ᠃    
 
ᠢᠷᠡᠯᠲᠡ᠄ ᠦᠦᠰᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号