ᠨᠠᠷᠠᠨ ᠳᠤ ᠰᠢᠷᠠᠬᠳᠠᠵᠤ ᠰᠢᠷᠬᠠᠯᠠᠪᠠᠯ ᠳᠠᠷᠦ᠋ᠢᠬᠠᠨ ᠠᠷᠭ᠎ᠠ ᠬᠡᠮᠵᠢᠶ᠎ᠠ ᠠᠪᠬᠤ ᠬᠡᠷᠡᠭᠳᠡᠢ
ᠨᠡᠶᠢᠲᠡᠯᠡᠭᠰᠡᠨ ᠴᠠᠭ᠄
2023/7/19
   1. ᠨᠠᠷᠠᠨ ᠳᠤ ᠶᠠᠪᠤᠭᠠᠳ ᠠᠷᠠᠰᠤ ᠬᠤᠷᠤᠰᠴᠤ ᠤᠯᠠᠶᠢᠬᠤ ᠪᠠᠶᠢᠳᠠᠯ ᠭᠠᠷᠪᠠᠯ ᠳᠠᠷᠦ᠋ᠢᠬᠠᠨ ᠨᠠᠷᠠᠨ ᠠᠴᠠ  ᠬᠠᠯᠬᠠᠯᠠᠬᠤ ᠠᠷᠭ᠎ᠠ ᠬᠡᠮᠵᠢᠶ᠎ᠠ ᠠᠪᠬᠤ ᠭᠡᠷᠡᠭᠳᠡᠢ᠃ ᠬᠡᠷᠪᠡ ᠦᠷᠭᠦᠯᠵᠢᠯᠡᠨ ᠨᠠᠷᠠᠨ ᠳᠤ ᠰᠢᠷᠠᠭᠳᠠᠬᠤ ᠳᠤ ᠬᠦᠷᠪᠡᠯ  ᠰᠢᠷᠬᠠᠳᠤᠯ ᠨᠢ ᠤᠯᠠᠮ ᠬᠦᠨᠳᠦᠷᠡᠳᠡᠭ᠂ ᠨᠠᠷᠠᠨ ᠤ ᠰᠢᠷᠬᠠᠳᠤᠯ ᠤᠨ ᠬᠦᠭᠵᠢᠯᠳᠡ ᠶᠢᠨ ᠶᠠᠪᠤᠴᠠ ᠨᠢ ᠪᠠᠷᠤᠭ 4 —  6 ᠴᠠᠭ ᠪᠠᠶᠢᠳᠠᠭ ᠪᠤᠯᠬᠤᠷ ᠭᠡᠳᠦᠢ ᠡᠷᠳᠡ ᠠᠷᠭ᠎ᠠ ᠬᠡᠮᠵᠢᠶ᠎ᠠ ᠠᠪᠤᠪᠠᠯ ᠳᠡᠳᠦᠢ ᠰᠠᠶᠢᠨ᠃              2. ᠬᠦᠢᠳᠡᠨ ᠤᠰᠤ ᠪᠠᠷ ᠱᠠᠪᠰᠢᠵᠤ ᠴᠢᠭᠢᠭ ᠢ ᠬᠠᠮᠠᠭᠠᠯᠠᠬᠤ ᠣ ᠳᠦᠷᠭᠢᠨ᠎ᠠ᠃ ᠠᠩᠬᠠᠷ︕ ᠮᠦᠰᠦ  ᠭᠡᠷᠡᠭᠯᠡᠵᠦ ᠪᠤᠯᠬᠤ ᠦᠭᠡᠢ᠂ ᠠᠯᠴᠢᠭᠤᠷ ᠢᠶᠠᠨ ᠬᠦᠷᠦᠭᠡᠭᠦᠷ ᠲᠤ ᠬᠢᠵᠦ ᠭᠦᠢᠳᠡᠨ ᠪᠤᠯᠭᠠᠭᠠᠳ ᠰᠢᠷᠠᠭᠳᠠᠭᠰᠠᠨ  ᠭᠠᠵᠠᠷ ᠢᠶᠠᠨ ᠳᠠᠷᠤᠵᠤ ᠪᠤᠯᠤᠨ᠎ᠠ᠃ ᠳᠠᠬᠢᠨ ᠳᠠᠪᠳᠠᠨ ᠴᠢᠭᠢᠭ ᠢ ᠬᠠᠮᠠᠭᠠᠯᠠᠬᠤ ᠣ ᠳᠦᠷᠭᠢᠪᠡᠯ ᠠᠷᠠᠰᠤ ᠬᠠᠭᠤᠷᠬᠤ ᠶᠢ  ᠪᠠᠭᠠᠰᠬᠠᠵᠤ ᠪᠤᠯᠳᠠᠭ᠂ ᠸᠢᠲ᠋ᠠᠮᠢᠨ C᠂ E ᠡᠯᠪᠡᠭ ᠠᠭᠤᠯᠤᠭᠰᠠᠨ ᠪᠦᠲᠦᠭᠡᠭᠳᠡᠭᠦᠨ ᠭᠡᠷᠡᠭᠯᠡᠪᠡᠯ ᠰᠠᠶᠢᠨ᠃          3. ᠬᠦᠨᠳᠦ ᠭᠡᠴᠡᠭᠦᠦ ᠰᠢᠷᠠᠭᠳᠠᠵᠤ ᠴᠦᠪᠦᠷᠢᠭᠦᠦ ᠭᠠᠷᠬᠤ ᠳᠡᠭᠡᠷ᠎ᠡ ᠬᠦᠷᠪᠡᠯ ᠪᠡᠶ᠎ᠡ ᠶᠢᠨ ᠤᠰᠤ ᠠᠯᠳᠠᠭᠳᠠᠳᠠᠭ  ᠂ ᠤᠰᠤ ᠢᠯᠡᠭᠦᠦ ᠨᠦᠬᠦᠪᠡᠯ ᠵᠤᠬᠢᠨ᠎ᠠ᠃ ᠬᠡᠦᠬᠡᠳ ᠤᠨᠴᠠᠭᠠᠢᠢᠯᠠᠨ ᠠᠩᠬᠠᠷᠬᠤ ᠭᠡᠷᠡᠭᠳᠡᠢ᠃ ᠨᠠᠷᠠᠨ ᠳᠤ ᠰᠢᠷᠠᠭᠳᠠᠵᠤ  ᠴᠦᠪᠦᠷᠢᠭᠦᠦ ᠭᠠᠷᠤᠭᠰᠠᠨ ᠭᠠᠵᠠᠷ ᠨᠢ ᠪᠡᠶ᠎ᠡ ᠶᠢᠨ 20% ︵ᠬᠡᠦᠬᠡᠳ ᠤᠨ ᠪᠦᠬᠦᠯᠢ ᠨᠢᠷᠦᠭᠤᠨ ᠤ ᠭᠡᠰᠡᠭ ᠲᠠᠢ  ᠪᠠᠷᠤᠭ ᠳᠡᠩᠴᠡᠨ᠎ᠠ︶ ᠠᠴᠠ ᠳᠠᠪᠠᠭᠰᠠᠨ ᠪᠠᠶᠢᠳᠠᠯ ᠳᠤ ᠡᠮᠨᠡᠯᠭᠡ ᠳᠤ ᠤᠴᠢᠪᠠᠯ ᠵᠤᠬᠢᠨ᠎ᠠ᠃           4. ᠨᠠᠷᠠᠨ ᠳᠤ ᠰᠢᠷᠠᠭᠳᠠᠪᠠᠯ ᠠᠷᠠᠰᠤ ᠬᠡᠪᠡᠷᠡᠭ ᠪᠤᠯᠳᠠᠭ᠂ ᠳᠡᠶᠢᠮᠦ ᠠᠴᠠ ᠪᠡᠶ᠎ᠡ ᠤᠭᠢᠶᠠᠬᠤ ᠳᠠᠭᠠᠨ  ᠰᠢᠷᠠᠭᠳᠠᠭᠰᠠᠨ ᠭᠡᠰᠡᠭ ᠢᠶᠠᠨ ᠭᠡᠳᠦ ᠰᠢᠷᠦᠭᠦᠨ ᠨᠢᠳᠭᠡᠷᠴᠦ ᠠᠷᠴᠢᠬᠤ ᠦᠭᠡᠢ ᠪᠠᠶᠢᠬᠤ ᠶᠢ ᠬᠢᠴᠢᠶᠡᠵᠦ᠂ ᠰᠢᠷᠬᠠᠯᠠᠵᠤ  ᠦᠷᠪᠢᠰᠦᠯᠡᠬᠦ ᠠᠴᠠ ᠰᠡᠷᠭᠡᠶᠢᠯᠡᠬᠦ ᠭᠡᠷᠡᠭᠳᠡᠢ᠃  
 
ᠢᠷᠡᠯᠲᠡ᠄ ᠡᠵᠡᠨ᠎ᠠ ᠬᠤᠰᠢᠭᠤᠨ ᠤ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号