ᠵᠢᠷᠦᠭᠡ ᠶᠢ ︽ᠬᠦᠭᠰᠢᠷᠡᠬᠦᠯᠦᠭᠴᠢ︾ — — ᠳᠠᠰᠢᠭᠤ ᠦᠭᠡᠬᠦᠨ ᠬᠦᠴᠢᠯ
ᠨᠡᠶᠢᠲᠡᠯᠡᠭᠰᠡᠨ ᠴᠠᠭ᠄
2023/9/5
     ᠳᠠᠰᠢᠭᠤ ᠦᠭᠡᠬᠦᠨ ᠬᠦᠴᠢᠯ ᠠᠭᠤᠯᠤᠬᠰᠠᠨ ᠢᠳᠡᠭᠡᠨ ᠢ ᠭᠡᠳᠦ ᠠᠷᠪᠢᠨ ᠢᠳᠡᠪᠡᠯ ᠪᠡᠶ᠎ᠠ ᠶᠢᠨ ᠳᠤᠳᠤᠭᠠᠳᠦ ᠶᠢᠨ  ︽ᠮᠠᠭᠤ ᠰᠦᠰᠦᠨ ᠤ ᠭᠤᠨᠠᠨ ᠠᠯᠺᠤᠤᠯ︾   ᠤᠨ ᠲᠦᠪᠰᠢᠨ ᠢ ᠳᠡᠭᠡᠭᠰᠢᠯᠡᠬᠦᠯᠵᠦ᠂ ︽ᠰᠠᠶᠢᠨ ᠰᠦᠰᠤᠨ ᠤ ᠭᠤᠨᠠᠨ  ᠠᠯᠺᠤᠤᠯ︾ ᠤᠨ ᠲᠦᠪᠰᠢᠨ ᠢ ᠳᠤᠷᠤᠬᠰᠢᠯᠠᠭᠤᠯᠵᠦ᠂ ᠡᠬᠦᠨ ᠤ ᠤᠯᠠᠮ ᠠᠴᠠ ᠯᠤᠬᠰᠢᠭᠤᠨ ᠰᠤᠳᠠᠯ ᠤᠨ ᠦᠭᠡᠬᠦᠵᠢᠨ  ᠬᠠᠳᠠᠭᠤᠷᠠᠬᠤ᠂ ᠵᠢᠷᠦᠭᠡ ᠴᠢᠰᠤᠨ ᠰᠤᠳᠠᠯ ᠤᠨ ᠡᠪᠡᠳᠴᠢᠨ᠂ ᠵᠢᠷᠦᠭᠡᠨ ᠲᠢᠲᠢᠮ ᠤᠨ ᠡᠪᠡᠳᠴᠢᠨ᠂ ᠵᠢᠷᠦᠭᠡᠨ  ᠪᠤᠯᠴᠢᠩ ᠤᠨ ᠲᠦᠭᠵᠢᠷᠡᠯ ᠪᠠ ᠵᠢᠷᠦᠭᠡᠨ ᠴᠢᠨᠠᠷᠳᠠᠢ ᠭᠡᠨᠡᠳᠳᠡ ᠦᠬᠦᠬᠦ ᠠᠶᠤᠯ ᠢ ᠨᠡᠮᠡᠭᠳᠡᠬᠦᠯᠤᠨ᠎ᠠ᠃        ᠡᠶᠢᠮᠦ ᠠᠴᠠ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠳᠠ ︵2022  ︶︾ ᠳᠤ᠂ ᠡᠳᠦᠷ ᠪᠦᠷᠢ ᠶᠢᠨ ᠳᠠᠰᠢᠭᠤ ᠦᠭᠡᠬᠦᠨ ᠬᠦᠴᠢᠯ ᠤᠨ ᠭᠡᠮᠵᠢᠶ᠎ᠠ ᠨᠢ 2 ᠭᠷᠡᠮ ᠠᠴᠠ ᠭᠡᠳᠤᠷᠠᠵᠦ ᠪᠤᠯᠬᠤ  ᠦᠭᠡᠢ ᠭᠡᠵᠦ ᠰᠠᠨᠠᠭᠤᠯᠤᠬᠰᠠᠨ ᠪᠠᠶᠢᠨ᠎ᠠ᠃ ᠳᠠᠰᠢᠭᠤ ᠦᠭᠡᠬᠦᠨ ᠬᠦᠴᠢᠯ ᠠᠭᠤᠯᠤᠬᠰᠠᠨ ᠢᠳᠡᠭᠡᠨ ᠳᠤ ᠪᠢᠡᠭᠭᠠᠨ᠂  ᠪᠤᠭᠤᠷᠰᠤᠬ᠂ ᠳᠤᠰᠤᠨ ᠳᠤ ᠪᠤᠴᠠᠯᠭᠠᠬᠰᠠᠨ ᠪᠤᠤᠪᠤ᠂ ᠬᠦᠭᠡᠯᠭᠡᠭᠰᠡᠨ ᠢᠳᠡᠭᠡᠨ᠂ ᠺᠤᠹᠤ ᠶᠢᠨ ᠬᠤᠯᠢᠮᠠᠬ᠂ ᠲᠦᠬᠦᠮ  ᠭᠤᠯᠢᠷ᠂ ᠲᠦᠷᠭᠡᠨ ᠬᠦᠯᠳᠡᠭᠡᠭᠰᠡᠨ ᠢᠳᠡᠭᠡᠨ᠂ ᠰᠢᠭᠢᠷᠯᠢᠭ ᠰᠦ ᠲᠠᠢ ᠴᠠᠢ ᠵᠡᠷᠭᠡ ᠪᠠᠭᠳᠠᠳᠠᠭ᠃        ᠳᠠᠰᠢᠭᠤ ᠦᠭᠡᠬᠦᠨ ᠬᠦᠴᠢᠯ ᠠᠭᠤᠯᠤᠬᠰᠠᠨ ᠢᠳᠡᠭᠡᠨ ᠠᠴᠠ ᠵᠠᠶᠢᠯᠠᠶ᠎ᠠ ᠭᠡᠪᠡᠯ᠂ ᠬᠤᠳᠠᠯᠳᠤᠨ ᠠᠪᠬᠤ ᠠᠴᠠ ᠪᠠᠨ  ᠡᠮᠦᠨ᠎ᠠ ᠪᠤᠭᠤᠳᠠᠯ ᠳᠡᠭᠡᠷᠡᠬᠢ ᠨᠠᠶᠢᠷᠠᠯᠭ᠎ᠠ ᠶᠢᠨ ᠬᠦᠰᠦᠨᠦᠭᠳᠦ ᠪᠤᠯᠤᠨ ᠰᠢᠮ᠎ᠠ ᠳᠡᠵᠢᠭᠡᠯ ᠤᠨ ᠪᠦᠷᠢᠯᠳᠤᠬᠦᠨ ᠤ  ᠬᠦᠰᠦᠨᠦᠭᠳᠦ ᠶᠢ ᠨᠠᠷᠢᠨ ᠬᠢᠨᠠᠮᠠᠭᠠᠢ ᠦᠵᠡᠭᠡᠷᠡᠢ᠃ ᠨᠠᠶᠢᠷᠠᠯᠭ᠎ᠠ ᠶᠢᠨ ᠬᠦᠰᠦᠨᠦᠭᠳᠦ ᠳᠤ ᠤᠷᠭᠤᠮᠠᠯ ᠤᠨ ᠦᠭᠡᠬᠦ᠂  ᠰᠦᠨ ᠤ ᠤᠬᠢ᠂ ᠭᠡᠤᠷᠰᠢᠬᠦᠯᠬᠦ ᠳᠤᠰᠦ᠂ ᠬᠢᠮᠠᠯ ᠵᠦᠭᠡᠭᠡᠢ᠂ ᠬᠢᠮᠡᠯ ᠰᠢᠷ᠎ᠠ ᠳᠤᠰᠦ᠂ ᠤᠰᠤᠳᠦ᠋ᠷᠦᠭᠴᠢᠵᠢᠭᠰᠡᠨ  ᠤᠷᠭᠤᠮᠠᠯ ᠤᠨ ᠳᠤᠰᠦ᠂ ᠨᠠᠷᠢᠯᠢᠬ ᠪᠤᠯᠪᠠᠰᠤᠷᠠᠭᠤᠯᠤᠬᠰᠠᠨ ᠬᠢᠯᠭᠠᠰᠤᠳᠦ ᠮᠤᠳᠤᠨ ᠤ ᠳᠤᠰᠦ᠂ ᠤᠷᠭᠤᠮᠠᠯ ᠤᠨ  ᠵᠦᠭᠡᠭᠡᠢ᠂ ᠬᠢᠮᠡᠯ ᠺᠢᠺᠡᠣ᠋ ᠦᠭᠡᠬᠦ᠂ ᠬᠢᠮᠡᠯ ᠭᠡᠤᠷᠰᠢᠬᠦᠯᠬᠦ ᠳᠤᠰᠦ ᠵᠡᠷᠭᠡ ᠪᠦᠷᠢᠯᠳᠤᠬᠦᠨ ᠪᠠᠶᠢᠪᠠᠯ ᠴᠦᠮ ᠳᠠᠰᠢᠭᠤ  ᠦᠭᠡᠬᠦᠨ ᠬᠦᠴᠢᠯ ᠠᠭᠤᠯᠵᠦ ᠮᠡᠳᠡᠨ᠎ᠠ᠃       ᠭᠡᠪᠡᠴᠦ ᠤᠳᠤᠬᠠᠨ ᠳᠤ ᠤᠯᠠᠩᠬᠢ ᠪᠦᠳᠦᠭᠡᠭᠳᠡᠬᠦᠨ ᠤ ᠰᠢᠮ᠎ᠠ ᠳᠡᠵᠢᠭᠡᠯ ᠤᠨ ᠪᠦᠷᠢᠯᠳᠤᠬᠦᠨ ᠤ ᠬᠦᠰᠦᠨᠦᠭᠳᠦ ᠳᠤ  ᠳᠠᠰᠢᠭᠤ ᠦᠭᠡᠬᠦᠨ ᠬᠦᠴᠢᠯ ᠤᠨ ᠠᠭᠤᠯᠤᠬᠳᠠᠴᠠ ᠶᠢ ᠴᠦᠮ ︽0︾ ᠬᠡᠵᠦ ᠬᠠᠳᠠᠵᠦ ᠪᠠᠶᠢᠨ᠎ᠠ ᠂ ᠡᠨᠡ ᠨᠢ  ᠢᠳᠡᠭᠡᠨ ᠤ ᠳᠤᠳᠤᠷᠠᠬᠢ ᠳᠠᠰᠢᠭᠤ ᠦᠭᠡᠬᠦᠨ ᠬᠦᠴᠢᠯ ᠤᠨ ᠠᠭᠤᠯᠤᠬᠳᠠᠴᠠ ᠨᠢ 0.3% ᠠᠴᠠ ᠪᠠᠭ᠎ᠠ ᠪᠤᠯᠬᠤ  ᠦᠶ᠎ᠠ ᠳᠤ᠂ ᠪᠤᠭᠤᠳᠠᠯ ᠳᠡᠭᠡᠷ᠎ᠠ ᠨᠢ ︽0 ᠳᠠᠰᠢᠭᠤ ᠦᠭᠡᠬᠦᠨ ᠬᠦᠴᠢᠯ︾᠂ ︽ᠳᠡᠭ ᠳᠠᠰᠢᠭᠤ ᠦᠭᠡᠬᠦᠨ ᠬᠦᠴᠢᠯ︾᠂ ︽ᠳᠠᠰᠢᠭᠤ ᠦᠭᠡᠬᠦᠨ ᠬᠦᠴᠢᠯ ᠠᠭᠤᠯᠬᠤ ᠦᠭᠡᠢ︾ ᠭᠡᠰᠡᠨ ᠦᠰᠦᠭ ᠢ ᠬᠠᠳᠠᠵᠦ ᠪᠤᠯᠬᠤ ᠠᠴᠠ ᠪᠤᠯᠤᠬᠰᠠᠨ  ᠶᠤᠮ᠃ ᠡᠨᠡ ᠨᠢ ᠵᠦᠪᠭᠡᠨ ᠠᠭᠤᠯᠤᠬᠳᠠᠴᠠ ᠪᠠᠷ ᠳᠤᠤᠷ᠎ᠠ ᠪᠤᠶᠤ ᠪᠠᠶᠢᠬᠤ ᠦᠭᠡᠢ ᠶᠢ ᠯᠠ ᠳᠤᠳᠤᠷᠬᠠᠶᠢᠯᠠᠵᠦ  ᠪᠠᠶᠢᠬᠤ ᠠᠴᠠ ᠪᠢᠰᠢ᠂ ᠤᠬᠳᠦ ᠪᠠᠶᠢᠬᠤ ᠦᠭᠡᠢ ᠭᠡᠰᠡᠨ ᠪᠢᠰᠢ᠃ ᠭᠡᠷᠪᠡ ᠳᠠᠰᠢᠭᠤ ᠦᠭᠡᠬᠦᠨ ᠬᠦᠴᠢᠯ ᠢ  ᠴᠢᠳᠠᠬᠤ ᠶᠢᠨ ᠬᠢᠷᠢ ᠪᠠᠷ ᠪᠠᠭᠠᠰᠬᠠᠶ᠎ᠠ ᠭᠡᠪᠡᠯ ᠬᠠᠰᠢ ᠯᠠ ᠪᠠᠭ᠎ᠠ ᠢᠳᠡᠪᠡᠯ ᠳᠡᠭᠡᠷ᠎ᠠ ᠶᠤᠮ᠃        ᠡᠬᠦᠨ ᠠᠴᠠ ᠭᠠᠳᠠᠨ᠎ᠠ᠂ ᠤᠷᠭᠤᠮᠠᠯ ᠤᠨ ᠳᠤᠰᠦ ᠶᠢᠨ ᠳᠤᠳᠤᠷ᠎ᠠ ᠪᠠᠰᠠ ᠳᠠᠰᠢᠭᠤ ᠦᠭᠡᠬᠦᠨ ᠬᠦᠴᠢᠯ ᠠᠭᠤᠯᠵᠦ  ᠪᠠᠶᠢᠳᠠᠬ᠂ ᠤᠨᠴᠠᠭᠠᠶᠢᠯᠠᠨ ᠳᠠᠬᠢᠨ ᠳᠠᠪᠳᠠᠨ ᠦᠨᠳᠦᠷ ᠳᠤᠯᠠᠭᠠᠨ ᠢ ᠦᠡᠭᠭᠡᠷᠡᠭᠡᠭᠰᠡᠨ ᠤ ᠳᠠᠷᠠᠭᠠᠬᠢ ᠤᠷᠭᠤᠮᠠᠯ ᠤᠨ  ᠳᠤᠰᠤᠨ ᠤ ᠳᠠᠰᠢᠭᠤ ᠦᠭᠡᠬᠦᠨ ᠬᠦᠴᠢᠯ ᠤᠨ ᠠᠭᠤᠯᠤᠬᠳᠠᠴᠠ ᠨᠢ ᠨᠠᠩ ᠦᠨᠳᠦᠷ ᠪᠠᠶᠢᠳᠠᠬ᠃ ᠡᠶᠢᠮᠦ ᠠᠴᠠ ᠡᠳᠦᠷ  ᠳᠤᠳᠤᠮ ᠤᠨ ᠬᠤᠭᠤᠯᠠ ᠪᠠᠵᠠᠭᠠᠬᠤ ᠳᠠᠭᠠᠨ ᠳᠤᠰᠤᠨ ᠤ ᠭᠡᠮᠵᠢᠶ᠎ᠠ ᠶᠢ 25 ~ 30 ᠭᠷᠡᠮ ᠢᠶᠠᠷ ᠬᠢᠵᠠᠭᠠᠷᠯᠠᠵᠦ᠂  ᠬᠠᠯᠠᠭᠤᠨ ᠳᠤᠰᠤᠨ ᠳᠤ ᠪᠤᠴᠠᠯᠭᠠᠬᠤ ᠶᠢ ᠪᠠᠭᠠᠰᠬᠠᠬᠤ ᠶᠢᠨ ᠬᠠᠮᠳᠦ ᠳᠤᠰᠦ ᠬᠠᠯᠠᠭᠤᠨ ᠤᠳᠤᠭ᠎ᠠ ᠭᠠᠷᠤᠬᠰᠠᠨ ᠤ  ᠳᠠᠷᠠᠭ᠎ᠠ ᠰᠠᠶ᠋ᠢ ᠡᠬᠢᠯᠡᠵᠦ ᠨᠤᠭᠤᠭ᠎ᠠ ᠬᠠᠭᠤᠷᠬᠤ ᠶᠢ ᠴᠡᠭᠡᠷᠯᠡᠪᠡᠯ ᠵᠤᠬᠢᠨ᠎ᠠ᠃         ︵︽ᠠᠷᠠᠳ ᠤᠨ ᠰᠦᠯᠵᠢᠶ᠎ᠠ︾ ᠠᠴᠠ ᠰᠢᠯᠵᠢᠬᠦᠯᠪᠡ︶          
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号