ᠡᠯᠢᠭᠡ ᠶᠢ ︽ᠬᠦᠭᠰᠢᠷᠡᠬᠦᠯᠤᠭ᠍ᠴᠢ︾ — ᠰᠫᠢᠷᠲ
ᠨᠡᠶᠢᠲᠡᠯᠡᠭᠰᠡᠨ ᠴᠠᠭ᠄
2023/9/5
    ᠬᠡᠳᠦᠷᠡᠳᠡᠯ᠎ᠡ ᠠᠷᠢᠬᠢ ᠤᠤᠭᠤᠬᠤ ᠨᠢ ᠡᠷᠡᠬᠦᠯ ᠮᠡᠨᠳᠤ ᠳᠤ ᠬᠤᠤᠷᠳᠠᠢ᠂ ᠤᠨᠴᠠᠭᠠᠶᠢᠯᠠᠨ ᠡᠯᠢᠭᠡ ᠶᠢ ᠬᠠᠮᠤᠭ ᠤᠨ  ᠶᠡᠭᠡ ᠪᠠᠷ ᠬᠡᠮᠳᠦᠭᠡᠳᠡᠭ᠃ ᠬᠦᠮᠦᠨ ᠤ ᠪᠡᠶ᠎ᠡ ᠠᠷᠢᠬᠢ ᠤᠤᠭᠤᠬᠤ ᠪᠠᠷ ᠳᠠᠮᠵᠢᠨ ᠰᠢᠩᠭᠡᠭᠡᠨ ᠠᠪᠤᠭᠰᠠᠨ ᠡᠲ᠋ᠢᠯ  ᠠᠯᠺᠦᠤᠯ ᠤᠨ 90% ᠠᠴᠠ ᠳᠡᠭᠡᠭᠡᠰᠢᠬᠢ ᠨᠢ ᠴᠦᠮ ᠡᠯᠢᠬᠡᠨ ᠳᠤ ᠵᠠᠳᠠᠷᠠᠨ ᠰᠤᠯᠢᠯᠴᠠᠭ᠎ᠠ ᠬᠢᠳᠡᠭ᠃ ᠡᠯᠢᠬᠡ ᠨᠢ  ᠤᠤᠯ ᠠᠴᠠ ᠪᠠᠨ ᠬᠦᠮᠦᠨ ᠤ ᠪᠡᠶ᠎ᠡ ᠶᠢᠨ ᠬᠠᠮᠤᠭ ᠤᠨ ᠶᠡᠭᠡ ᠬᠤᠤᠷ ᠳᠠᠶᠢᠯᠬᠤ ᠡᠷᠬᠡᠳᠡᠨ ᠤᠴᠢᠷ ᠠᠴᠠ ︽ᠠᠵᠢᠯ︾  ᠤᠨ ᠳᠠᠷᠤᠭᠠᠰᠤ ᠨᠢ ᠨᠡᠯᠢᠶᠡᠳ ᠶᠡᠭᠡ ᠶᠤᠮ᠂ ᠳᠡᠭᠡᠷ᠎ᠡ ᠨᠢ ᠳᠠᠬᠢᠨ ᠢᠯᠡᠭᠦᠴᠡ ᠡᠲ᠋ᠢᠯ ᠠᠯᠺᠦᠤᠯ ᠤᠨ ᠪᠤᠳᠠᠰ ᠤᠨ  ᠰᠤᠯᠢᠯᠴᠠᠭ᠎ᠠ ᠬᠢᠬᠦ ᠨᠢ ᠡᠯᠢᠭᠡᠨ ᠤ ᠳᠠᠷᠤᠭᠠᠰᠤ ᠶᠢ ᠬᠦᠨᠳᠤᠷᠦᠭᠦᠯᠦᠭᠰᠡᠨ ᠲᠠᠢ ᠠᠳᠠᠯᠢ ᠶᠤᠮ᠃    ᠪᠠᠶᠢᠡᠭᠭᠤ ᠶᠡᠭᠡ ᠬᠡᠮᠵᠢᠶ᠎ᠡ ᠪᠠᠷ ᠠᠷᠢᠬᠢ ᠤᠤᠭᠤᠪᠠᠯ᠂ ᠡᠲ᠋ᠢᠯ ᠠᠯᠺᠦᠤᠯ ᠵᠢᠴᠢ ᠰᠤᠯᠢᠯᠴᠠᠭᠠᠨ ᠤ ᠪᠦᠳᠦᠭᠡᠭᠳᠡᠭᠦᠨ  ᠪᠤᠯᠬᠤ ᠡᠲ᠋ᠠ ᠬᠦᠴᠢᠯ ᠨᠢ ᠡᠯᠢᠭᠡᠨ ᠳᠤ ᠮᠠᠰᠢ ᠶᠡᠭᠡ ᠬᠤᠬᠢᠷᠠᠯ ᠤᠴᠠᠷᠠᠭᠤᠯᠬᠤ ᠪᠠᠷ ᠪᠠᠷᠠᠬᠤ ᠦᠬᠡᠢ ᠡᠯᠢᠬᠡ ᠨᠢ ᠵᠠᠷᠢᠮ  ᠬᠤᠤᠷ ᠢ ᠳᠠᠶᠢᠯᠬᠤ ᠴᠢᠳᠠᠪᠤᠷᠢ ᠪᠠᠷ ᠠᠨᠠᠢ ᠪᠤᠯᠵᠦ᠂ ᠡᠯᠢᠭᠡᠨ ᠳᠤ ᠡᠪᠡᠳᠴᠢᠨ ᠤ ᠬᠤᠪᠢᠷᠠᠯᠳᠠ ᠡᠭᠦᠰᠭᠡᠨ᠎ᠡ᠃        ᠤᠯᠤᠰ ᠤᠨ ᠳᠤᠳᠤᠭᠠᠳᠤ ᠭᠠᠳᠠᠭᠠᠳᠤ ᠶᠢᠨ ᠴᠦᠬᠡᠨ ᠪᠤᠰᠤ ᠰᠤᠳᠤᠯᠭᠠᠳᠠᠨ ᠤ ᠬᠠᠷᠠᠭᠤᠯᠤᠭᠰᠠᠨ ᠢᠶᠠᠷ᠄  ᠦᠷᠬᠦᠯᠵᠢ ᠠᠷᠢᠬᠢ ᠤᠤᠭᠤᠳᠠᠭ ᠬᠦᠮᠦᠨ ᠳᠤ ᠠᠪᠴᠤ ᠬᠡᠯᠡᠪᠡᠯ᠂ ᠡᠯᠢᠭᠡ ᠪᠤᠯ ᠮᠠᠰᠢ ᠵᠦᠳᠡᠷᠡᠯ ᠲᠠᠢ ᠭᠤᠤᠯ ᠪᠤᠯᠬᠤ  ᠡᠷᠬᠡᠳᠡᠨ ᠪᠤᠯᠤᠨ᠎ᠡ᠂ ᠮᠠᠰᠢ ᠶᠡᠭᠡ ᠳᠠᠭᠠᠭᠠᠴᠠ ᠪᠠᠶᠢᠭ᠎ᠠ ᠤᠴᠢᠷ ᠠᠴᠠ ᠰᠫᠢᠷᠲ ᠤᠨ ᠴᠢᠨᠠᠷᠳᠠᠢ ᠡᠯᠢᠭᠡᠨ ᠤ ᠬᠡᠮᠳᠤᠯ ᠢ  ᠠᠮᠠᠷᠬᠠᠨ ᠡᠭᠦᠰᠭᠡᠳᠡᠭ᠃ ᠡᠶᠢᠮᠦ ᠠᠴᠠ ᠡᠯᠢᠬᠡ ᠪᠠᠨ ᠡᠷᠡᠬᠦᠯ ᠪᠠᠶᠢᠯᠭᠠᠶ᠎ᠠ ᠭᠡᠪᠡᠯ ᠬᠠᠮᠤᠭ ᠰᠠᠶᠢᠨ ᠨᠢ ᠠᠷᠢᠬᠢ  ᠤᠤᠭᠤᠬᠤ ᠦᠬᠡᠢ ᠪᠤᠯ ᠰᠠᠶᠢᠨ᠃ ᠦᠨᠡᠬᠡᠷ ᠤᠤᠭᠤᠬᠤ ᠴᠢᠬᠤᠯᠠ ᠲᠠᠢ ᠪᠠᠶᠢᠭᠰᠠᠨ ᠴᠤ ᠬᠡᠮᠵᠢᠶ᠎ᠡ ᠶᠢ ᠨᠢ ᠰᠠᠶᠢᠳᠦᠷ  ᠬᠢᠵᠠᠭᠠᠷᠯᠠᠬᠤ ᠬᠡᠷᠡᠭᠳᠡᠢ᠃ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠳᠠ ︵ 2022︶︾ ᠳᠤ ᠰᠠᠨᠠᠭᠤᠯᠤᠭᠰᠠᠨ ᠨᠢ᠂ ᠡᠷᠡᠭᠳᠡᠢ ᠡᠮᠡᠭᠳᠡᠢ ᠭᠡᠰᠡᠨ ᠦᠬᠡᠢ᠂ ᠡᠳᠦᠷ ᠪᠦᠷᠢ ᠶᠢᠨ ᠰᠫᠢᠷᠲ ᠤᠨ  ᠬᠡᠮᠵᠢᠶ᠎ᠡ ᠶᠢ 15 ᠭᠷᠠᠮ ᠤᠨ ᠳᠤᠳᠤᠷ᠎ᠠ ᠬᠢᠵᠠᠭᠠᠷᠯᠠᠪᠠᠯ ᠬᠠᠮᠤᠭ ᠰᠠᠶᠢᠨ᠂ ᠡᠨᠡ ᠨᠢ ᠪᠠᠷᠤᠭ 450ml ᠤᠨ ᠫᠢᠸᠤ᠋᠂  150ml ᠤᠨ ᠦᠵᠦᠮ ᠤᠨ ᠠᠷᠢᠬᠢ᠂ 50 ml ᠤᠨ ᠬᠠᠷ᠎ᠠ ᠠᠷᠢᠬᠢ᠂ 30ml ᠤᠨ ᠳᠤᠭᠰᠢᠨ ᠬᠠᠷ᠎ᠡ  ᠠᠷᠢᠬᠢ ᠶᠢᠨ ᠬᠡᠮᠵᠢᠶ᠎ᠡ ᠲᠠᠢ ᠳᠡᠩᠴᠡᠨ᠎ᠡ᠃      ᠡᠭᠦᠨ ᠠᠴᠠ ᠭᠠᠳᠠᠨ᠎ᠠ ᠦᠯᠤᠨ ᠢᠶᠠᠷ ᠠᠷᠢᠬᠢ ᠤᠤᠭᠤᠵᠦ ᠪᠤᠯᠬᠤ ᠦᠬᠡᠢ᠂ ᠠᠷᠢᠬᠢ ᠤᠤᠭᠤᠬᠤ ᠠᠴᠠ ᠪᠠᠨ  ᠡᠮᠦᠨ᠎ᠡ ᠪᠠᠭ᠎ᠠ ᠰᠠᠭ᠎ᠠ ᠭᠤᠤᠯ ᠢᠳᠡᠭᠡᠨ ᠢᠳᠡᠪᠡᠯ ᠰᠫᠢᠷᠲ ᠤᠨ ᠰᠢᠩᠭᠡᠭᠡᠯᠳᠡ ᠶᠢᠨ ᠬᠤᠷᠳᠤᠴᠠ ᠶᠢ  ᠤᠳᠠᠭᠠᠰᠢᠷᠠᠭᠤᠯᠤᠨ᠎ᠠ︔ ᠨᠡᠭᠦᠷᠡᠰᠦᠬᠦ᠋ᠴᠢᠯ ᠤᠨ ᠤᠮᠳᠠᠭᠠᠨ ᠲᠠᠢ ᠬᠠᠮᠳᠤ ᠤᠤᠭᠤᠵᠦ ᠪᠠᠰᠠ ᠪᠤᠯᠬᠤ ᠦᠬᠡᠢ᠂  ᠨᠡᠭᠦᠷᠡᠰᠦᠬᠦ᠋ᠴᠢᠯ ᠤᠨ ᠤᠮᠳᠠᠭᠠᠨ ᠳᠠᠬᠢ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠨᠢ ᠰᠫᠢᠷᠲ ᠤᠨ ᠴᠢᠰᠦᠨ ᠳᠤ  ᠰᠢᠩᠭᠡᠬᠦ ᠶᠢ ᠬᠤᠷᠳᠤᠳᠬᠠᠵᠦ᠂ ᠬᠦᠮᠦᠨ ᠢ ᠨᠡᠩ ᠳᠦᠷᠭᠡᠨ ᠰᠤᠭᠳᠤᠷᠠᠭᠤᠯᠤᠨ᠎ᠡ᠂ ᠺᠤᠹᠧ ᠲᠠᠢ ᠬᠠᠮᠳᠤ  ᠤᠤᠭᠤᠬᠤ ᠠᠴᠠ ᠪᠠᠰᠠ ᠵᠠᠶᠢᠯᠠᠰᠬᠢᠬᠤ ᠬᠡᠷᠡᠭᠳᠡᠢ᠂ ᠤᠴᠢᠷ ᠨᠢ ᠬᠦᠮᠦᠨ ᠤ ᠰᠡᠳᠭᠢᠯ ᠢ ᠬᠦᠭᠵᠢᠬᠡᠵᠦ᠂ ᠠᠮᠠᠷᠬᠠᠨ  ᠢᠯᠡᠬᠦᠦ ᠤᠤᠭᠤᠯᠭᠠᠳᠠᠭ᠃      ᠡᠬᠦᠨ ᠠᠴᠠ ᠭᠠᠳᠠᠨ᠎ᠠ᠂ ᠠᠷᠢᠬᠢ ᠤᠤᠭᠤᠭᠰᠠᠨ ᠤ ᠳᠠᠷᠠᠭ᠎ᠠ ᠢᠯᠡᠬᠦᠬᠡᠨ ᠤᠰᠤ ᠤᠤᠭᠤᠪᠠᠯ ᠪᠡᠶ᠎ᠡ ᠶᠢᠨ  ᠰᠫᠢᠷᠲ ᠤᠨ ᠰᠤᠯᠢᠯᠴᠠᠭ᠎ᠠ ᠳᠤ ᠠᠰᠢᠭ ᠲᠠᠢ᠃      
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号