| | 66 ᠨᠠᠰᠤᠲᠠᠢ ᠸᠠᠩ ᠢᠦᠢ ᠹᠠ ᠬᠢᠯᠢ ᠪᠠᠨ ᠰᠠᠬᠢᠵᠤ ᠬᠢᠯᠢ ᠪᠠᠨ ᠮᠠᠨᠠᠭᠠᠳ ᠬᠤᠷᠢ ᠭᠠᠷᠤᠢ ᠵᠢᠯ ᠤᠨ ᠨᠢᠭᠤᠷ ᠢ | ᠦᠵᠡᠵᠦ ᠪᠠᠶᠢᠨ᠎ᠠ᠃ ᠲᠡᠭᠦᠨ ᠤ ᠬᠠᠪᠤᠷᠵᠢᠶ᠎ᠠ ᠨᠢ ᠬᠢᠯᠢ ᠶᠢᠨ ᠱᠤᠭᠤᠮ ᠠᠴᠠ ᠵᠥᠪᠬᠡᠨ 5 ᠺᠢᠯᠣᠮᠧᠳ᠋ᠷ ᠵᠠᠶᠢᠲᠠᠶ᠂ | ᠬᠢᠯᠢ ᠨᠤᠳᠤᠭ ᠤᠨ ᠠᠯᠢᠪᠠ ᠪᠠᠶᠢᠳᠠᠯ ᠢ ᠠᠯᠠᠭᠠᠨ ᠵᠢᠷᠤᠭᠠᠰᠤ ᠪᠠᠨ ᠰᠢᠬ ᠲᠤᠳᠤᠬᠠᠨ ᠮᠡᠳᠡᠨ᠎ᠠ᠃ 2019 ᠣᠨ ᠳᠤ | ᠲᠡᠷᠡ ᠰᠠᠨᠠᠭᠠᠴᠢᠯᠠᠭ᠎ᠠ ᠠᠴᠠ ᠪᠠᠨ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠪᠤᠯᠵᠤ᠂ ᠬᠢᠯᠢ ᠬᠢᠵᠠᠭᠠᠷ | ᠤᠷᠤᠨ ᠤ ᠠᠮᠤᠷ ᠲᠤᠬᠳᠠᠭᠤᠨ ᠳᠤ ᠥᠪᠡᠷ ᠤᠨ ᠬᠦᠴᠦᠨ ᠴᠢᠳᠠᠯ ᠢᠶᠠᠨ ᠡᠷᠬᠦᠨ᠎ᠡ᠃ ᠸᠠᠩ ᠢᠤᠢ ᠹᠠ ᠤᠷᠢᠳ | ᠬᠤᠵᠢᠳ ᠬᠢᠩᠭᠠᠨ ᠠᠶᠢᠮᠠᠭ ᠤᠨ ᠠᠷᠪᠠᠨ ᠰᠢᠯᠢᠳᠡᠭ ᠬᠢᠯᠢ ᠰᠠᠬᠢᠬᠴᠢ᠂ ᠦᠪᠡᠷᠳᠡᠭᠡᠨ ᠵᠠᠰᠠᠬᠤ ᠤᠷᠤᠨ ᠤ ᠰᠢᠯᠢᠳᠡᠭ | ᠬᠢᠯᠢ ᠰᠠᠬᠢᠬᠴᠢ᠂ ︽ᠳᠤᠮᠳᠠᠳᠤ ᠤᠯᠤᠰ ᠤᠨ ᠰᠦᠯᠵᠢᠶᠡᠨ ᠤ ᠶᠠᠪᠤᠳᠠᠯ · ᠥᠪᠥᠷ ᠮᠣᠩᠭᠤᠯ ᠢ ᠳᠣᠭᠳᠣᠯᠤᠭᠤᠯᠤᠬᠰᠠᠨ | ︾ ᠠᠷᠪᠠᠨ ᠶᠡᠭᠡ ᠰᠦᠯᠵᠢᠶᠡᠨ ᠬᠥᠮᠦᠨ ᠵᠡᠷᠭᠡ ᠢᠷᠠᠭᠤ ᠠᠯᠳᠠᠷ ᠢ ᠬᠦᠷᠳᠡᠵᠦ ᠦᠩᠬᠡᠷᠡᠪᠡ᠃ 2016 ᠣᠨ ᠤ ᠡᠪᠦᠯ | ᠂ ᠸᠠᠩ ᠢᠦᠢ ᠹᠠ ᠬᠢᠯᠢ ᠴᠠᠭᠳᠠᠬᠤ ᠦᠶ᠎ᠡ ᠳᠤ ᠴᠠᠰᠤᠨ ᠳᠡᠭᠡᠷᠡᠬᠢ ᠰᠡᠵᠢᠭᠯᠡᠯᠳᠡᠢ ᠬᠦᠯ ᠤᠨ ᠮᠥᠷ ᠢ ᠣᠯᠵᠤ ᠦᠵᠡᠯ᠎ᠠ | ᠂ ᠬᠠᠬᠢᠷ ᠡᠪᠦᠯ ᠬᠡᠨ ᠬᠦᠳᠡᠭᠡ ᠬᠡᠬᠡᠷ᠎ᠠ ᠬᠦᠶᠦᠬᠦ ᠪᠤᠢ︖ ᠣᠯᠠᠨ ᠵᠢᠯ ᠤᠨ ᠬᠢᠯᠢ ᠰᠠᠬᠢᠬᠰᠠᠨ ᠲᠤᠷᠰᠢᠯᠭ᠎ᠠ ᠪᠠᠷ ᠢᠶᠠᠨ | ᠲᠡᠷᠡ ᠲᠣᠮᠢᠯᠠᠭᠰᠠᠨ ᠰᠠᠯᠪᠤᠷᠢ ᠳᠤ ᠤᠲᠠᠰᠤ ᠠᠪᠴᠤ᠂ ᠥᠪᠡᠷ ᠢᠶᠠᠨ ᠬᠠᠷᠢᠨ ᠮᠥᠷᠳᠡᠨ ᠳᠠᠭᠠᠵᠤ᠂ ᠡᠴᠤᠰ ᠲᠡᠭᠡᠨ | ᠠᠷᠠᠳ ᠤᠨ ᠴᠠᠭᠳᠠᠭ᠎ᠠ ᠲᠠᠢ ᠬᠢᠯᠢ ᠬᠢᠵᠠᠭᠠᠷ ᠲᠤ ᠬᠤᠯᠪᠣᠭᠳᠠᠭᠰᠠᠨ ᠬᠠᠤᠯᠢ ᠶᠢ ᠵᠥᠷᠢᠴᠡᠭᠰᠡᠨ 2 ᠶᠠᠯᠠᠲᠤ ᠡᠲᠡᠭᠡᠳ ᠢ | ᠪᠠᠷᠢᠪᠴᠢᠯᠠᠪᠠ᠃ ᠸᠠᠩ ᠢᠦᠶ ᠹᠠ ᠡᠳᠦᠷ ᠪᠦᠷᠢ ᠬᠢᠯᠢ ᠶᠢᠨ ᠱᠤᠭᠤᠮ ᠢᠶᠠᠷ ᠠᠷᠪᠠᠨ ᠬᠡᠳᠦᠨ ᠺᠢᠯᠣᠮᠧᠳ᠋ᠷ ᠶᠠᠪᠤᠵᠤ᠂ | ᠲᠠᠨᠢᠯ ᠪᠤᠰᠤ ᠬᠥᠮᠦᠨ ᠪᠤᠶᠤ ᠣᠨᠴᠠᠭᠠᠶ ᠤᠴᠢᠷ ᠪᠠᠶᠢᠬᠤ ᠡᠰᠡᠬᠦ ᠶᠢ ᠦᠵᠡᠳᠡᠭ᠂ ︽ᠬᠢᠯᠢ ᠴᠠᠭᠳᠠᠬᠤ ᠨᠢ ᠬᠤᠨᠢ ᠮᠠᠯ | ᠬᠠᠷᠢᠭᠤᠯᠬᠤ ᠲᠠᠢ ᠠᠳᠠᠯᠢ ᠪᠠᠷ ᠮᠢᠨᠦ ᠠᠮᠢᠳᠤᠷᠠᠯ ᠤᠨ ᠴᠢᠬᠤᠯᠠ ᠪᠥᠷᠢᠯᠳᠥᠭᠦᠨ ᠬᠡᠰᠡᠭ ᠪᠣᠯᠵᠠᠢ᠂ ᠬᠢᠯᠢ ᠪᠠᠨ ᠰᠠᠬᠢᠨ | ᠬᠠᠮᠠᠭᠠᠯᠠᠬᠤ ᠨᠢ ᠪᠢᠳᠡᠨ ᠤ ᠬᠠᠷᠢᠭᠤᠴᠠᠯᠭ᠎ᠠ ᠮᠦᠨ︾ ᠭᠡᠵᠦ ᠬᠡᠯᠡᠨ᠎ᠠ᠃ ᠷᠠᠰᠢᠶᠠᠨ ᠬᠤᠲᠠ ᠶᠡᠭᠡ ᠬᠢᠩᠭᠠᠨ | ᠳᠠᠪᠠᠭ᠎ᠠ ᠶᠢᠨ ᠪᠠᠷᠠᠭᠤᠨ ᠡᠮᠦᠨ᠎ᠡ ᠠᠭᠤᠯᠠ ᠶᠢᠨ ᠬᠤᠷᠮᠣᠶ ᠳᠤ ᠪᠠᠶᠢᠷᠢᠯᠠᠵᠤ᠂ ᠪᠠᠷᠠᠭᠤᠨ ᠬᠡᠰᠡᠭ ᠨᠢ ᠮᠣᠩᠭᠤᠯ | ᠤᠯᠤᠰ ᠲᠠᠢ ᠬᠢᠯᠢ ᠨᠡᠶᠢᠯᠡᠵᠦ᠂ ᠬᠠᠷᠢᠶᠠᠲᠤ ᠣᠷᠣᠨ ᠳᠤ 93.434 ᠺᠢᠯᠣᠮᠧᠳ᠋ᠷ ᠤᠨ ᠳᠤᠮᠳᠠᠳᠤ ᠮᠣᠩᠭᠤᠯ ᠤᠨ | ᠬᠢᠯᠢ ᠶᠢᠨ ᠱᠤᠭᠤᠮ ᠲᠠᠢ᠂ ᠷᠠᠰᠢᠶᠠᠨ ᠬᠤᠳᠡ ᠶᠢᠨ ᠺᠠᠳ᠋ᠷ ᠤᠯᠠᠨ ᠲᠦᠮᠡᠨ ᠤ ᠡᠬᠡ ᠤᠯᠤᠰ ᠤᠨ ᠤᠮᠠᠷᠠᠲᠤ ᠬᠢᠯᠢ | ᠢᠢᠨ ᠠᠮᠤᠷ ᠲᠦᠪᠰᠢᠨ ᠲᠤᠬᠳᠠᠭᠤᠨ ᠢ ᠬᠠᠮᠠᠭᠠᠯᠠᠬᠤ ᠬᠠᠷᠢᠭᠤᠴᠠᠯᠭ᠎ᠠ ᠬᠦᠨᠳᠤ ᠶᠡᠭᠡ ᠪᠠᠶᠢᠳᠠᠭ᠃ ᠸᠠᠩ ᠢᠦᠶ ᠹᠠ | ᠮᠡᠳᠤ ᠶᠢᠨ ᠬᠦᠮᠦᠰ ᠤᠨ ᠲᠠᠶᠢᠴᠢᠯᠠᠯᠳᠠ ᠳᠠᠭᠠᠭᠤᠯᠭ᠎ᠠ ᠳᠤᠤᠷ᠎ᠠ᠂ ᠤᠯᠠᠮ ᠠᠴᠠ ᠣᠯᠠᠨ ᠬᠢᠯᠢ ᠶᠢᠨ ᠠᠷᠠᠳ ᠰᠠᠶᠢᠨ | ᠳᠤᠷ᠎ᠠ ᠠᠴᠠ ᠪᠠᠨ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠢᠢᠨ ᠡᠩᠨᠡᠭᠡᠨ ᠳᠤ ᠣᠷᠣᠵᠤ᠂ ︽ᠨᠢᠭᠡ | ᠬᠢᠯᠢ ᠬᠢᠵᠠᠭᠠᠷ ᠤᠨ ᠠᠵᠢᠯᠯᠠᠬᠤ ᠴᠡᠭ ᠪᠣᠯ ᠲᠠᠷᠤᠢ ᠨᠢᠭᠡ ᠬᠠᠷᠠᠭᠤᠯ ᠤᠨ ᠭᠠᠵᠠᠷ᠂ ᠨᠢᠭᠡ ᠬᠢᠯᠢ ᠶᠢᠨ ᠠᠷᠠᠳ ᠪᠣᠯ | ᠨᠢᠭᠡ ᠬᠠᠷᠠᠭᠤᠯ ᠤᠨ ᠴᠡᠷᠢᠭ ᠮᠥᠨ︾ ᠭᠡᠬᠦ ᠬᠢᠯᠢ ᠶᠢᠨ ᠬᠠᠮᠢᠶᠠᠷᠤᠯᠳᠠ ᠶᠢᠨ ᠵᠠᠭᠪᠤᠷ ᠢ ᠪᠣᠶ ᠪᠣᠯᠭᠠᠭᠰᠠᠨ ᠪᠥᠭᠡᠳ ︽ | ᠤᠯᠤᠰ ᠢᠶᠠᠨ ᠬᠠᠶᠢᠷᠠᠯᠠᠬᠤ ᠬᠢᠴᠢᠶᠡᠯ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠢᠴᠢᠶᠡᠯ᠂ ᠪᠦᠯᠬᠦᠮᠳᠡᠯ ᠤᠨ | ᠬᠢᠴᠢᠶᠡᠯ᠂ ᠲᠠᠯᠠᠷᠬᠠᠯ ᠤᠨ ᠬᠢᠴᠢᠶᠡᠯ︾ ᠤᠨ ᠠᠵᠢᠯᠯᠠᠭ᠎ᠠ ᠪᠠᠷ ᠳᠠᠮᠵᠢᠭᠤᠯᠤᠨ᠂ ᠣᠯᠠᠨ ᠲᠦᠮᠡᠨ ᠪᠠ ᠬᠢᠯᠢ ᠶᠢᠨ | ᠬᠠᠮᠠᠭᠠᠯᠠᠯᠲᠠ ᠶᠢᠨ ᠴᠡᠷᠢᠭ ᠴᠠᠬᠳᠠᠭ᠎ᠠ ᠲᠠᠢ ᠬᠠᠮᠲᠤ ᠪᠠᠷ ᠰᠤᠷᠤᠯᠴᠠᠵᠤ ᠬᠠᠷᠢᠯᠴᠠᠨ ᠬᠠᠪᠰᠤᠷᠤᠯᠴᠠᠵᠤ᠂ ᠬᠢᠯᠢ | ᠬᠢᠵᠠᠭᠠᠷ ᠤᠨ ᠠᠮᠤᠷ ᠲᠣᠭᠲᠠᠭᠤᠨ ᠢ ᠬᠠᠮᠲᠤ ᠪᠠᠷ ᠪᠠᠳᠤᠯᠠᠨ᠎ᠠ᠃ ᠡᠳᠦᠭᠡ᠂ ᠬᠢᠯᠢ ᠶᠢᠨ ᠬᠠᠮᠠᠭᠠᠯᠠᠯᠲᠠ ᠶᠢᠨ ᠳᠠᠷᠤᠭ᠎ᠠ | ᠪᠠᠶᠢᠯᠳᠤᠭᠴᠢ᠂ ᠨᠡᠭᠦᠳᠡᠯ ᠠᠷᠠᠳ ᠤᠨ ᠬᠠᠮᠢᠶᠠᠷᠤᠯᠲᠠ ᠶᠢᠨ ᠴᠠᠭᠳᠠᠭ᠎ᠠ᠂ ︽ᠴᠠᠰᠤᠲᠤ ᠬᠤᠳᠠ ᠶᠢᠨ ᠵᠢᠷᠤᠮ ᠤᠨ | ᠴᠠᠭᠳᠠᠭ᠎ᠠ︾᠂ ᠺᠠᠳ᠋ᠷ ᠤᠯᠠᠨ ᠲᠦᠮᠡᠨ ᠁ ᠰᠡᠳᠭᠢᠯ ᠨᠢᠭᠡᠳᠦᠨ ᠬᠢᠯᠢ ᠬᠢᠵᠠᠭᠠᠷ ᠢᠶᠠᠨ ᠰᠠᠬᠢᠵᠤ᠂ ᠬᠦᠴᠦ ᠪᠠᠨ | ᠬᠠᠮᠲᠤᠳᠬᠠᠨ ᠬᠢᠯᠢ ᠬᠢᠵᠠᠭᠠᠷ ᠢ ᠬᠠᠮᠠᠭᠠᠯᠠᠵᠦ᠂ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ | ᠬᠠᠯᠬᠠᠪᠴᠢ ᠶᠢ ᠬᠠᠳᠠ ᠴᠢᠯᠠᠭᠤ ᠮᠡᠲᠦ ᠪᠠᠬᠢᠵᠢᠬᠦᠯᠦᠨ᠎ᠡ᠃ | | |