| | ︽ᠡ᠊ᠨᠡ ᠬᠡᠰᠡᠭ ᠬᠢᠳᠠᠳ ᠡᠮ ᠤᠨ ᠮᠠᠲ᠋ᠤᠷᠢᠶᠠᠯ ᠤᠨ ᠤᠷᠭᠤᠴᠠ ᠮᠠᠰᠢ ᠰᠠᠶᠢᠨ ᠪᠠᠶᠢᠨ᠎ᠠ᠂ 3 ᠵᠢᠯ ᠤᠨ ᠳᠠᠷᠠᠭ᠎ᠠ | ᠯᠠᠪᠳᠠᠢ ᠡᠯᠪᠡᠭ ᠬᠤᠷᠢᠶᠠᠯᠳᠠ ᠤᠯᠤᠨ᠎ᠠ ᠁︾ 6 ᠰᠠᠷ᠎ᠠ ᠶᠢᠨ 26 ᠤ ᠡᠳᠥᠷ᠂ ᠰᠤᠷᠪᠤᠯᠵᠢᠯᠠᠭᠴᠢ ᠵᠠᠯᠠᠶᠢᠳ | ᠬᠤᠰᠢᠭᠤᠨ ᠤ ᠠᠯᠳᠠᠷᠳᠥ ᠰᠤᠮᠤ ᠶᠢᠨ ᠳᠡᠮᠡᠭᠡᠨ ᠭᠠᠴᠠᠭᠠᠨ ᠤ ᠤᠨᠴᠠᠯᠢᠬᠳᠥ ᠠᠵᠤ ᠥᠢᠯᠡᠰ ᠤᠨ ᠰᠠᠭᠤᠷᠢᠨ ᠭᠠᠵᠠᠷ | ᠬᠦᠷᠬᠦ ᠳᠤ ᠠᠯᠳᠠᠷᠳᠥ ᠰᠤᠮᠤ ᠶᠢᠨ ᠳᠡᠳ᠋ ᠰᠤᠮᠤᠨ ᠳᠠᠷᠤᠭ᠎ᠠ ᠼᠤᠤ ᠬᠤᠸᠠ ᠳ᠋ᠦᠩ ᠤᠨᠴᠠᠯᠢᠬᠳᠤ ᠲᠠᠷᠢᠮᠠᠯ ᠤᠨ | ᠰᠠᠭᠤᠷᠢᠨ ᠭᠠᠵᠠᠷ ᠤᠨ ᠪᠠᠶᠢᠳᠠᠯ ᠢ ᠨᠠᠷᠢᠯᠢᠭ ᠲᠠᠨᠢᠯᠴᠠᠭᠤᠯᠵᠤ ᠪᠠᠶᠢᠯ᠎ᠠ᠃ ᠤᠶᠢᠷ᠎ᠠ ᠶᠢᠨ ᠵᠢᠯ ᠳᠤ᠂ ᠠᠯᠳᠠᠷᠳᠥ ᠰᠤᠮᠤ | ᠳᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠬᠦ ᠰᠢᠨ᠎ᠡ ᠠᠷᠭ᠎ᠠ ᠵᠠᠮ ᠢ ᠰᠦᠪᠡᠭᠴᠢᠯᠡᠨ᠂ ᠤᠨᠴᠠᠯᠢᠬᠳᠥ ᠠᠵᠤ | ᠥᠢᠯᠡᠰ ᠢ ᠬᠦᠭᠵᠢᠭᠦᠯᠵᠦ᠂ ︽ᠳᠠᠪᠠᠭᠤᠯᠢᠭ ᠡᠬᠢ ᠪᠠᠶᠠᠯᠢᠭ︾ ᠢ ︽ᠨᠡᠷᠡᠳᠥ ᠠᠵᠤ ᠥᠢᠯᠡᠰ︾ ᠪᠤᠯᠭᠠᠨ | ᠬᠤᠪᠢᠷᠠᠭᠤᠯᠬᠤ ᠪᠠᠷ ᠬᠦᠴᠥᠯᠡᠨ ᠴᠢᠷᠮᠠᠶᠢᠵᠤ ᠪᠤᠢ᠃ ᠨᠢᠳᠤᠨᠤᠨ ᠠᠯᠳᠠᠷᠳᠥ ᠰᠤᠮᠤ ᠳᠡᠭᠡᠳᠥ ᠱᠠᠳᠥᠨ ᠠᠴᠠ ᠪᠡᠯᠡ | ᠮᠦᠡᠭᠬᠦ ᠭᠤᠶᠤᠴᠢᠯᠠᠨ᠂ ᠳᠡᠮᠡᠭᠡᠨ ᠭᠠᠴᠠᠭᠠᠨ ᠤ ᠨᠡᠶᠢᠳᠡ ᠶᠢᠨ ᠤᠢ ᠶᠢᠨ ᠭᠠᠵᠠᠷ ᠲᠤ ᠰᠢᠳ ᠭᠦᠢᠯᠡᠰᠤ ᠪᠠ ᠬᠢᠳᠠᠳ | ᠡᠮ ᠤᠨ ᠮᠠᠲ᠋ᠧᠷᠢᠶᠠᠯ ᠲᠠᠷᠢᠪᠠ᠃ ᠬᠡᠬᠦ ᠳ᠋ᠭᠡᠨ ᠬᠠᠵᠠᠭᠤ ᠬᠠᠪᠢ ᠶᠢᠨ 200 ᠭᠠᠷᠤᠢ ᠲᠠᠷᠢᠶᠠᠴᠢᠤᠨ ᠢ ᠳᠠᠷᠢᠵᠤ | ᠠᠷᠠᠴᠢᠯᠠᠬᠤ ᠠᠵᠢᠯ ᠳᠤ ᠤᠷᠤᠯᠴᠠᠭᠤᠯᠵᠤ ᠠᠵᠢᠯ ᠤᠯᠭᠤᠪᠠ᠃ ᠲᠡᠳᠡ ᠪᠠᠰᠠ ︽ᠨᠠᠮ ᠤᠨ ᠡᠬᠦᠷ ᠨᠠᠮ ᠤᠨ | ᠬᠡᠰᠢᠬᠦᠨ ᠢ ᠳᠠᠶᠢᠴᠢᠯᠠᠬᠤ᠂ ᠨᠠᠮ ᠤᠨ ᠬᠡᠰᠢᠬᠦᠨ ᠤᠯᠠᠨ ᠲᠦᠮᠡᠨ ᠢ ᠳᠠᠶᠢᠴᠢᠯᠠᠬᠤ︾ ᠬᠡᠯᠪᠡᠷᠢ ᠪᠠᠷ ᠭᠠᠴᠠᠭᠠᠨ ᠤ | ᠨᠠᠮ ᠤᠨ ᠡᠬᠦᠷ ᠤᠨ ᠳᠠᠭᠠᠭᠤᠯᠤᠭᠴᠢ ᠥᠢᠯᠡᠳᠥᠯ ᠢ ᠪᠠᠳᠠᠷᠠᠭᠤᠯᠥᠨ᠂ ᠤᠯᠠᠨ ᠢ ᠳᠠᠷᠢᠵᠤ ᠠᠷᠠᠴᠢᠯᠠᠬᠤ ᠠᠵᠢᠯ ᠳᠤ | ᠤᠷᠤᠯᠴᠠᠭᠤᠯᠤᠬᠰᠠᠨ ᠪᠠᠶᠢᠨ᠎ᠠ᠃ | ᠳᠡᠮᠡᠭᠡᠨ ᠭᠠᠴᠠᠭᠠᠨ ᠤ ᠰᠢᠳ ᠭᠦᠢᠯᠡᠰᠤ ᠪᠠ ᠬᠢᠳᠠᠳ ᠡᠮ ᠤᠨ ᠮᠠᠲ᠋ᠧᠷᠢᠶᠠᠯ ᠳᠠᠷᠢᠬᠤ ᠰᠠᠭᠤᠷᠢᠨ ᠭᠠᠵᠠᠷ | ᠤᠤᠯ ᠳᠠᠭᠠᠨ ᠤᠢ ᠶᠢᠨ ᠵᠢᠮᠢᠰ ᠳᠠᠷᠢᠬᠤ ᠰᠠᠭᠤᠷᠢᠨ ᠭᠠᠵᠠᠷ ᠪᠠᠶᠢᠪᠠ᠃ ᠭᠡᠳᠡᠯ᠎ᠠ ᠬᠡᠳᠥᠨ ᠵᠢᠯ ᠠᠷᠠᠴᠢᠯᠠᠭᠠᠳ | ᠵᠢᠮᠢᠰ ᠤᠨ ᠤᠷᠭᠤᠯᠳᠠ ᠪᠠᠷᠤᠭᠳᠠᠶᠢᠬᠠᠨ ᠤᠷᠤᠯᠭ᠎ᠠ ᠪᠠᠷ ᠠᠨᠠᠢ ᠪᠠᠶᠢᠬᠤ ᠶᠢ ᠭᠠᠴᠠᠭᠠᠨ ᠤ ᠬᠢᠨ ᠦᠵᠡᠵᠦ ᠭᠠᠷᠤᠭᠠᠳ | ᠰᠢᠳ ᠭᠦᠢᠯᠡᠰᠤ ᠪᠠ ᠬᠢᠳᠠᠳ ᠡᠮ ᠤᠨ ᠮᠠᠲ᠋ᠧᠷᠢᠶᠠᠯ ᠲᠠᠷᠢᠪᠠ᠃ ᠤᠳᠥ 260 ᠮᠤ᠋ ᠰᠢᠳ ᠭᠦᠢᠯᠡᠰᠤ᠂ 180 ᠮᠤ᠋ | ᠬᠢᠳᠠᠳ ᠡᠮ ᠤᠨ ᠮᠠᠲ᠋ᠧᠷᠢᠶᠠᠯ ᠲᠠᠷᠢᠵᠦ᠂ ᠬᠡᠷᠪᠡ ᠤᠨᠠᠯᠳᠠ ᠵᠦᠭᠡᠷ ᠪᠤᠯ ᠳᠠᠷᠢᠮᠠᠯ ᠤᠨ ᠬᠡᠪᠴᠢᠶ᠎ᠡ ᠪᠠᠨ | ᠦᠷᠭᠡᠳᠭᠡᠬᠦ ᠪᠠᠷ ᠲᠦᠯᠥᠪᠯᠡᠵᠤ ᠪᠠᠶᠢᠨ᠎ᠠ᠃ ︵ᠤᠷᠠᠨᠳᠤᠳᠢ ᠤᠷᠭᠤᠭ᠎ᠠ︶ | | |