ᠳᠤᠰᠬᠤᠨ ᠤ ᠠᠷᠠᠳ ᠤᠨ ︽ᠬᠠᠮᠤᠬ ᠤᠨ ᠳᠤᠳᠤᠨᠤ ᠬᠦᠮᠦᠨ︾
ᠨᠡᠶᠢᠲᠡᠯᠡᠭᠰᠡᠨ ᠴᠠᠭ᠄
2018-06-26
— ᠡᠮᠦᠨᠡᠳᠦ ᠬᠤᠰᠢᠭᠤᠨ ᠤ ᠵᠢᠷᠦᠭᠡᠨ ᠪᠠᠯᠭᠠᠰᠦ ᠶᠢᠨ ᠬᠤᠨᠭ᠌ ᠵᠦᠡᠭ ᠳᠤᠰᠬᠤᠨ ᠤ ᠨᠢᠭᠡᠳᠦᠭᠡᠷ ᠱᠦᠵᠢ ᠯᠢᠦ ᠴᠦᠨ ᠯᠢ ᠶᠢ ᠳᠡᠮᠳᠡᠭᠯᠡᠭᠰᠡᠨ ᠨᠢ     ᠬᠦᠳᠡᠭᠡ ᠳᠤᠰᠬᠤᠨ ᠤ ᠴᠤᠬᠯᠠᠭ᠎ᠠ ᠮᠠᠶᠢᠮᠠᠢ ᠭᠡᠭᠴᠢ ᠦᠨᠡᠭᠡᠷ ᠬᠦᠷ ᠬᠦᠭᠵᠢᠶᠡᠨ ᠲᠠᠢ ᠪᠠᠶᠢᠨ᠎ᠠ᠃ ᠮᠠᠨᠤᠰ ᠢ ᠯᠢᠦ ᠴᠦᠨ ᠯᠢ ᠲᠠᠢ ᠬᠠᠮᠳᠦ ᠳᠤᠰᠬᠤᠨ ᠤ ᠵᠦᠪᠯᠡᠯ ᠳᠡᠰᠢ ᠶᠠᠪᠤᠬᠤ ᠳᠤ ᠤᠴᠠᠷᠠᠬᠰᠠᠨ ᠪᠤᠯᠭᠠᠨ ︽ᠯᠢᠦ ᠱᠦᠵᠢ ᠶᠠᠭᠤᠨ ᠳᠤ ᠶᠠᠭᠠᠷᠠᠵᠦ ᠪᠠᠶᠢᠬᠤ ᠪᠤᠢ᠂ ᠴᠢᠯᠤᠭᠡ ᠪᠠᠷ ᠢᠶᠠᠨ ᠮᠠᠨ ᠤ ᠳᠤ ᠤᠴᠢᠭᠠᠷᠠᠢ︾᠂ ᠪᠠᠰᠠ ᠵᠠᠷᠢᠮ ᠨᠢ ︽ᠯᠢᠦ ᠱᠦᠵᠢ᠂ ᠪᠢ ᠴᠤᠬᠯᠠᠭ᠎ᠠ ᠮᠠᠶᠢᠮᠠᠢ ᠳᠡᠭᠡᠷ᠎ᠠ ᠠᠴᠠ ᠭᠠᠭ᠋ᠠᠢ ᠶᠢᠨ ᠮᠢᠬ᠎ᠠ ᠠᠪᠤᠬᠰᠠᠨ ᠪᠠᠶᠢᠨ᠎ᠠ᠂ ᠤᠳᠠᠰᠬᠢᠭᠡᠳ ᠮᠠᠨ ᠤ ᠭᠡᠷ ᠲᠤ ᠪᠠᠩᠰᠢ ᠢᠳᠡᠬᠦ ᠪᠠᠷ ᠤᠴᠢᠭᠠᠷᠠᠢ︾ ᠭᠡᠬᠦ ᠮᠡᠳᠦ ᠪᠠᠷ ᠳᠤᠰᠬᠤᠨ ᠤ ᠠᠷᠠᠳ ᠯᠢᠦ ᠴᠦᠨ ᠯᠢ ᠶᠢ ᠤᠷᠢᠨ᠎ᠠ᠃ ᠡᠬᠦᠨ ᠢᠶᠠᠷ ᠦᠵᠡᠬᠦ ᠳᠤ ᠯᠢᠦ ᠴᠦᠨ ᠯᠢ ᠡᠨᠡ ᠬᠤᠶᠠᠷ ᠵᠢᠯ ᠳᠤᠰᠬᠤᠨ ᠤ ᠠᠷᠠᠳ ᠢ ᠶᠠᠳᠠᠭᠤ ᠠᠴᠠ ᠠᠩᠬᠢᠵᠢᠷᠠᠭᠤᠯᠬᠤ ᠪᠠᠷ ᠬᠦᠴᠦᠯᠡᠨ ᠴᠢᠷᠮᠠᠶᠢᠵᠦ ᠶᠠᠪᠤᠬᠰᠠᠨ ᠠᠴᠠ ᠪᠢᠰᠢ ᠬᠠᠷᠢᠨ ᠬᠤᠭᠤᠰᠤᠨ ᠦᠭᠡ ᠭᠡᠯᠡᠵᠦ ᠵᠦᠭᠡᠷ ᠰᠠᠭᠤᠬᠰᠠᠨ ᠦᠭᠡᠢ᠃    2016 ᠤᠨ ᠳᠤ ᠯᠢᠦ ᠴᠦᠨ ᠯᠢ ᠳᠡᠭᠡᠳᠦ ᠱᠠᠳᠤᠨ ᠤ ᠳᠤᠮᠢᠯᠠᠯᠳᠠ ᠪᠠᠷ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠵᠢᠷᠦᠭᠡᠨ ᠪᠠᠯᠭᠠᠰᠦ ᠶᠢᠨ ᠬᠤᠨᠭ᠌ ᠵᠦᠡᠭ ᠳᠤᠰᠬᠤᠨ ᠤ ᠨᠢᠭᠡᠳᠦᠭᠡᠷ ᠱᠦᠵᠢ ᠪᠤᠯᠤᠬᠰᠠᠨ ᠪᠠᠶᠢᠨ᠎ᠠ᠃ ᠳᠡᠬᠦᠨ ᠤ ᠬᠤᠶᠠᠷ ᠵᠢᠯ ᠭᠠᠷᠤᠢ ᠶᠢᠨ ᠴᠢᠷᠮᠠᠶᠢᠯᠭ᠎ᠠ ᠪᠠᠷ ᠳᠤᠰᠬᠤᠨ ᠤ ᠠᠷᠠᠳ ᠤᠨ ᠠᠮᠢᠳᠤᠷᠠᠯ ᠡᠳᠦᠷ ᠠᠴᠠ ᠡᠳᠦᠷ ᠰᠠᠶᠢᠵᠢᠷᠠᠵᠦ᠂ ᠤᠷᠤᠯᠭ᠎ᠠ ᠪᠠᠨ ᠨᠡᠮᠡᠭᠳᠡᠬᠦᠯᠬᠦ ᠠᠵᠢᠯ ᠲᠦᠷᠦᠯ ᠲᠠᠢ ᠪᠤᠯᠵᠠᠢ᠃ ᠡᠬᠦᠨ ᠤ ᠬᠠᠮᠳᠦ ᠳᠡᠷᠡ ᠪᠠᠰᠠ ᠦᠪᠡᠷ ᠤᠨ ᠪᠤᠳᠠᠳᠤ ᠦᠢᠯᠡ ᠠᠵᠢᠯᠯᠠᠭ᠎ᠠ ᠪᠠᠷ ᠢᠶᠠᠨ ᠳᠤᠰᠬᠤᠨ ᠤ ᠠᠷᠠᠳ ᠤᠨ ᠬᠦᠷᠢᠶᠡᠯᠡᠯ ᠢ ᠤᠯᠵᠦ᠂ ᠬᠤᠨᠭ᠌ ᠵᠦᠡᠭ ᠳᠤᠰᠬᠤᠨ ᠤ ᠠᠷᠠᠳ ᠤᠨ ︽ᠬᠠᠮᠤᠬ ᠤᠨ ᠳᠤᠳᠤᠨᠤ ᠬᠦᠮᠦᠨ︾ ᠪᠤᠯᠤᠬᠰᠠᠨ ᠪᠠᠶᠢᠨ᠎ᠠ᠃    ︽ᠶᠠᠳᠠᠭᠤ ᠶᠢ ᠳᠡᠳᠬᠦᠬᠦ ᠳᠤ ᠶᠠᠭᠤᠨ ᠤ ᠡᠮᠦᠨ᠎ᠠ ᠠᠷᠠᠳ ᠤᠯᠠᠨ ᠤ ᠦᠵᠡᠯ ᠤᠬᠠᠮᠰᠠᠷ ᠢ ᠳᠡᠭᠡᠭᠰᠢᠯᠡᠬᠦᠯᠬᠦ ᠭᠡᠷᠡᠭᠳᠠᠢ︾ ᠭᠡᠵᠦ ᠯᠢᠦ ᠴᠦᠨ ᠯᠢ ᠨᠢᠭᠡᠳᠦᠭᠡᠷ ᠱᠦᠵᠢ ᠶᠢᠨ ᠳᠤᠰᠢᠶᠡᠯ ᠢ ᠡᠬᠦᠷᠭᠡᠯᠡᠭᠰᠡᠨ ᠴᠠᠬ ᠠᠴᠠ ᠡᠬᠢᠯᠡᠨ ᠠᠷᠠᠳ ᠤᠨ ᠡᠷᠦᠭᠡ ᠪᠠᠷ ᠬᠦᠨᠵᠡᠭᠡᠶᠢᠷᠡᠨ ᠪᠠᠶᠢᠳᠠᠯ ᠤᠢᠢᠯᠠᠭᠠᠨ᠂ ᠤᠯᠤᠰ ᠤᠨ ᠶᠠᠳᠠᠭᠤ ᠠᠴᠠ ᠠᠩᠬᠢᠵᠢᠷᠠᠭᠤᠯᠬᠤ ᠲᠦᠷᠦ ᠶᠢᠨ ᠪᠤᠳᠤᠯᠭ᠎ᠠ ᠶᠢ ᠤᠬᠠᠭᠤᠯᠤᠬᠰᠠᠭᠠᠷ ᠢᠷᠡᠵᠠᠢ᠃ ᠡᠷᠦᠭᠡ ᠪᠦᠷᠢ ᠳᠤ ᠨᠠᠮ ᠤᠨ ᠲᠦᠷᠦ ᠶᠢᠨ ᠪᠤᠳᠤᠯᠭ᠎ᠠ ᠶᠢᠨ ᠳᠤᠶᠠᠭᠠᠯᠠᠯ ᠢ ᠬᠦᠷᠳᠡᠭᠡᠵᠦ᠂ ᠠᠷᠠᠳ ᠤᠯᠠᠨ ᠢ ᠳᠠᠭᠠᠭᠤᠯᠤᠨ ᠪᠠᠶᠠᠵᠢᠭᠤᠯᠬᠤ ᠪᠤᠯ ᠲᠡᠭᠦᠨ ᠤ ᠠᠵᠢᠯ ᠤᠨ ᠭᠤᠤᠯ ᠵᠤᠷᠢᠯᠭ᠎ᠠ ᠪᠤᠯᠪᠠ᠃ ᠡᠬᠦᠨ ᠠᠴᠠ ᠳᠡᠷᠡ ᠬᠤᠨᠭ᠌ ᠵᠦᠡᠭ ᠳᠤᠰᠬᠤᠨ ᠳᠤ ᠢᠷᠡᠭᠰᠡᠨ ᠴᠠᠬ ᠠᠴᠠ ᠪᠠᠨ ᠡᠬᠢᠯᠡᠨ ᠡᠳᠦᠷ ᠰᠦᠨᠢ ᠦᠭᠡᠢ ᠭᠠᠪᠰᠢᠭᠠᠢᠢᠯᠠᠨ ᠠᠵᠢᠯᠯᠠᠵᠦ᠂ ᠡᠷᠦᠭᠡ ᠨᠢᠭᠡ ᠪᠦᠷᠢ ᠶᠢᠨ ᠪᠠᠶᠢᠳᠠᠯ ᠢ ᠰᠠᠶᠢᠳᠤᠷ ᠤᠢᠢᠯᠠᠭᠠᠨ ᠬᠠᠪᠰᠤᠷᠤᠨ ᠳᠡᠳᠬᠦᠭᠰᠡᠨ ᠪᠠᠶᠢᠨ᠎ᠠ᠃ ᠳᠤᠬᠠᠢᠢᠯᠠᠪᠠᠯ᠂ ᠯᠢᠨ ᠬᠤᠸᠠᠨ ᠵᠧᠨ ᠤ ᠤᠳᠤᠬᠢ ᠰᠠᠭᠤᠵᠦ ᠪᠠᠶᠢᠭ᠎ᠠ ᠭᠡᠷ ᠪᠠ ᠠᠮᠢᠳᠤᠷᠠᠯ ᠤᠨ ᠬᠠᠮᠤᠬ ᠤᠨ ᠨᠠᠭᠠᠳᠦ ᠵᠠᠬ᠎ᠠ ᠶᠢᠨ ᠪᠠᠳᠤᠯᠠᠪᠤᠷᠢ ᠶᠢ ᠨᠢ ᠪᠦᠷ ᠯᠢᠦ ᠴᠦᠨ ᠯᠢ ᠭᠤᠶᠤᠴᠢᠯᠠᠵᠦ ᠦᠭᠬᠦᠭᠰᠡᠨ ᠶᠤᠮ᠃ ᠡᠮᠦᠨᠡᠭᠡᠨ ᠯᠢᠨ ᠬᠤᠸᠠᠨ ᠵᠧᠨ ᠤ ᠭᠡᠷ ᠪᠦᠯᠢ ᠨᠢ ᠪᠠᠰᠠ ᠳᠤᠰᠬᠤᠨ ᠤ ᠪᠠᠨ ᠴᠢᠨᠡᠭᠡᠯᠢᠭ ᠡᠷᠦᠭᠡ ᠶᠢᠨ ᠡᠩᠨᠡᠭᠡ ᠳᠤ ᠪᠠᠶᠢᠬᠰᠠᠨ᠂ ᠭᠡᠳᠡᠯ᠎ᠠ ᠨᠢᠭᠡᠨ ᠤᠳᠠᠭᠠᠨ ᠤ ᠳᠡᠷᠭᠡᠨ ᠡ᠊ᠡᠳᠡᠯ ᠠᠴᠠ ᠪᠤᠯᠵᠦ ᠬᠦᠦ ᠨᠢ ᠮᠡᠳᠡᠷᠡᠯ ᠢᠶᠠᠨ ᠠᠯᠳᠠᠵᠠᠢ᠃ ᠳᠡᠳᠡ ᠬᠦᠦ ᠶᠢᠨ ᠢᠶᠠᠨ ᠠᠮᠢ ᠨᠠᠰᠦ ᠶᠢ ᠠᠪᠤᠷᠠᠬᠤ ᠪᠠᠷ ᠭᠡᠷ ᠤᠨ ᠢᠶᠠᠨ ᠪᠠᠶᠢᠳᠠᠬ ᠪᠦᠬᠦᠨ᠂ ᠴᠢᠨᠠᠬᠰᠢᠯᠠᠪᠠᠯ ᠰᠠᠭᠤᠭ᠎ᠠ ᠭᠡᠷ ᠢᠶᠠᠨ ᠬᠦᠷᠳᠡᠯ᠎ᠠ ᠬᠤᠳᠠᠯᠳᠤᠨ᠂ ᠭᠤᠷᠪᠠ ᠤᠳᠠᠭᠠᠨ ᠤ ᠲᠤᠮᠤ ᠮᠠᠰᠠ ᠵᠠᠰᠠᠯ ᠢᠶᠠᠷ ᠬᠦᠦ ᠶᠢᠨ ᠢᠶᠠᠨ ᠠᠮᠢ ᠨᠠᠰᠦ ᠶᠢ ᠠᠪᠤᠷᠠᠵᠠᠢ᠃ ᠡᠬᠦᠨ ᠠᠴᠠ ᠪᠤᠯᠵᠦ ᠬᠦᠦ ᠪᠡᠷᠢ ᠨᠢ ᠠᠩᠭ᠎ᠠ ᠭᠡᠤᠭᠡᠳ ᠢᠶᠠᠨ ᠬᠠᠶᠠᠵᠦ ᠤᠷᠤᠬ ᠰᠠᠯᠤᠬᠰᠠᠨ ᠪᠦᠭᠡᠳ ᠭᠡᠳᠤᠨ ᠠᠮᠠᠨ ᠳᠤᠭ᠎ᠠ ᠪᠠᠷ ᠢᠶᠠᠨ ᠵᠢᠵᠢᠭᠭᠡᠨ ᠪᠠᠶᠢᠰᠢᠩ ᠲᠦᠷᠢᠶᠡᠰᠦᠯᠡᠨ ᠰᠠᠭᠤᠬᠤ ᠪᠤᠯᠵᠠᠢ᠃ ᠳᠡᠭᠡᠭᠡᠳ ᠶᠡᠭᠡ ᠭᠡᠮᠵᠢᠶᠡᠨ ᠤ ᠦᠷ᠎ᠠ ᠦᠭᠴᠡᠭᠡ ᠪᠠ ᠠᠮᠢᠳᠤᠷᠠᠯ ᠤᠨ ᠳᠠᠷᠤᠭᠠᠰᠦ ᠠᠴᠠ 70 ᠨᠠᠰᠦ ᠤᠢᠢᠷᠠᠳᠤᠵᠦ ᠪᠠᠶᠢᠭ᠎ᠠ ᠡᠷ᠎ᠠ ᠨᠦᠬᠦᠷ ᠨᠢ ᠴᠦ ᠠᠷᠭ᠎ᠠ ᠪᠤᠰᠦ ᠭᠠᠳᠠᠬᠰᠢ ᠭᠠᠷᠴᠦ ᠬᠦᠴᠦᠨ ᠤ ᠠᠵᠢᠯ ᠬᠢᠵᠦ ᠠᠮᠢᠳᠤᠷᠠᠯ ᠢᠶᠠᠨ ᠠᠷᠭᠠᠴᠠᠵᠠᠢ᠃    2016 ᠤᠨ ᠠᠴᠠ ᠡᠬᠢᠯᠡᠨ᠂ ᠯᠢᠦ ᠴᠦᠨ ᠯᠢ ᠪᠤᠯᠤᠨ ᠳᠤᠰᠬᠤᠨ ᠳᠤ ᠰᠠᠭᠤᠭ᠎ᠠ ᠠᠵᠢᠯ ᠤᠨ ᠳᠤᠭᠤᠢᠢᠯᠠᠩ ᠯᠢᠨ ᠬᠤᠸᠠᠨ ᠵᠧᠨ ᠤ ᠭᠡᠷ ᠲᠤ ᠤᠨᠴᠠᠭᠠᠢ ᠬᠠᠷᠠᠭᠠᠯᠵᠠᠯ ᠬᠦᠷᠳᠡᠭᠡᠵᠦ᠂ ᠰᠤᠯᠠ ᠰᠡᠯᠡᠬᠦᠦ ᠴᠠᠬ ᠢᠶᠠᠷ ᠢᠶᠠᠨ ᠭᠡᠷ ᠭᠠᠳᠠᠨᠠᠬᠢ ᠠᠷᠰᠠᠷ ᠠᠵᠢᠯ ᠢ ᠨᠢ ᠬᠢᠵᠦ ᠦᠭᠬᠦ᠂ ᠬᠦᠦ ᠶᠢᠨ ᠬᠢᠨᠢ ᠪᠡᠶ᠎ᠠ ᠭᠠᠷ ᠢ ᠨᠢ ᠢᠯᠢᠵᠦ ᠨᠤᠬᠤᠯᠠᠵᠦ ᠦᠭᠬᠦ ᠵᠢᠴᠢ ᠰᠠᠶᠢᠨ ᠳᠤᠷ᠎ᠠ ᠠᠴᠠ ᠪᠠᠨ ᠤᠰᠦ ᠴᠠᠬᠢᠯᠭᠠᠨ ᠤ ᠰᠦᠢᠳᠭᠡᠯ ᠢ ᠨᠢ ᠳᠤᠰᠢᠶᠠᠵᠦ ᠦᠭᠬᠦ᠂ ᠭᠤᠯᠢᠷ ᠪᠤᠳᠠᠭ᠎ᠠ᠂ ᠠᠮᠢᠳᠤᠷᠠᠯ ᠤᠨ ᠡᠳ᠋ ᠭᠡᠷᠡᠭᠰᠡᠯ ᠵᠡᠷᠭᠡ ᠠᠪᠴᠦ ᠦᠭᠴᠦ᠂ ᠳᠡᠬᠦᠨ ᠤ ᠭᠡᠷ ᠤᠨ ᠬᠢᠨ ᠶᠠᠭᠤ ᠳᠤᠳᠠᠵᠦ ᠪᠠᠶᠢᠬᠤ᠂ ᠶᠠᠭᠤ ᠭᠡᠷᠡᠭᠰᠡᠬᠦ ᠴᠢᠬᠤᠯᠠᠳᠠᠢ ᠵᠡᠷᠭᠡ ᠶᠢ ᠦᠪᠡᠷ ᠤᠨ ᠭᠡᠷ ᠤᠨ ᠢᠶᠠᠨ ᠴᠦ ᠢᠯᠡᠬᠦᠦ ᠮᠡᠳᠡᠬᠦ ᠪᠤᠯᠵᠠᠢ᠃ ᠰᠤᠨᠢᠷᠬᠠᠯᠳᠠᠢ ᠨᠢ ᠯᠢᠨ ᠬᠤᠸᠠᠨ ᠵᠧᠨ ᠤ ᠳᠠᠪᠤᠨ ᠵᠢᠯ ᠭᠠᠷᠤᠢ ᠮᠡᠳᠡᠷᠡᠯ ᠢᠶᠠᠨ ᠠᠯᠳᠠᠬᠰᠠᠨ ᠬᠦᠦ ︵ᠯᠢ ᠫᠢᠡᠭ︶ ᠨᠢ ᠡᠳᠡᠭᠡᠷᠡᠨ ᠰᠡᠷᠬᠦᠵᠦ᠂ ᠡᠵᠢ ᠪᠠ ᠬᠦᠦ ᠠᠴᠠ ᠪᠠᠨ ᠭᠠᠳᠠᠨ᠎ᠠ ᠵᠦᠪᠭᠡᠨ ᠯᠢᠦ ᠴᠦᠨ ᠯᠢ ᠶᠢ ᠳᠠᠨᠢᠳᠠᠬ᠃ ᠳᠡᠷᠡ ᠭᠡᠳᠦ᠋ᠢᠪᠡᠷ ᠯᠢ ᠫᠢᠡᠭ ᠲᠠᠢ ᠴᠢᠰᠤᠨ ᠲᠦᠷᠦᠯ ᠤᠨ ᠬᠠᠷᠢᠴᠠᠭ᠎ᠠ ᠦᠭᠡᠢ ᠪᠤᠯᠪᠠᠴᠦ ᠳᠡᠬᠦᠨ ᠢ ᠦᠪᠡᠷ ᠤᠨ ᠲᠦᠷᠦᠭᠰᠡᠨ ᠠᠬ᠎ᠠ ᠳᠡᠬᠦᠦ ᠪᠠᠨ ᠰᠢᠭ ᠬᠠᠷᠠᠭᠠᠯᠵᠠᠨ ᠬᠠᠪᠰᠤᠷᠳᠠᠬ᠂ ᠯᠢ ᠫᠢᠡᠭ ᠴᠦ ᠭᠡᠳᠤᠨ ᠡᠳᠦᠷ ᠯᠢᠦ ᠴᠦᠨ ᠯᠢ ᠶᠢ ᠤᠯᠵᠦ ᠦᠵᠡᠬᠦ ᠦᠭᠡᠢ ᠪᠤᠯᠤᠬᠰᠠᠭᠠᠷ ᠤᠳᠠᠰᠦ ᠠᠪᠴᠤ ᠵᠤᠭᠤᠬᠳᠠᠳᠠᠬ᠃ ︽ᠡᠪ ᠬᠠᠮᠳᠦ ᠨᠠᠮ ᠤᠨ ᠰᠠᠶᠢᠨ ᠢᠶᠠᠷ ᠶᠠᠳᠠᠭᠤ ᠡᠷᠦᠭᠡ ᠠᠮᠢᠳᠤᠷᠠᠯ ᠤᠨ ᠪᠠᠳᠤᠯᠠᠪᠤᠷᠢ ᠲᠠᠢ ᠪᠤᠯᠵᠠᠢ᠂ ᠯᠢᠦ ᠱᠦᠵᠢ ᠶᠢᠨ ᠰᠠᠶᠢᠨ ᠢᠶᠠᠷ ᠪᠢᠳᠡ ᠰᠠᠭᠤᠬᠤ ᠭᠡᠷ ᠲᠠᠢ ᠪᠤᠯᠤᠬᠰᠠᠨ ᠪᠦᠭᠡᠳ ᠯᠢ ᠫᠢᠡᠭ ᠴᠦ ᠡᠳᠡᠭᠡᠷᠡᠨ ᠰᠡᠷᠬᠦᠭᠰᠡᠨ ᠪᠠᠶᠢᠨ᠎ᠠ᠃ ᠠᠴᠢᠳᠦ ᠨᠠᠮ ᠳᠤ ᠪᠠᠨ ᠳᠠᠯᠠᠷᠬᠠᠵᠦ ᠪᠠᠶᠢᠨ᠎ᠠ᠂ ᠳᠤᠳᠤᠨᠤ ᠬᠦᠮᠦᠨ ᠯᠢᠦ ᠱᠦᠵᠢ ᠳᠤ ᠪᠠᠨ ᠳᠠᠯᠠᠷᠬᠠᠵᠦ ᠪᠠᠶᠢᠨ᠎ᠠ︾ ᠭᠡᠵᠦ ᠯᠢᠨ ᠬᠤᠸᠠᠨ ᠵᠧᠨ ᠤᠴᠠᠷᠠᠬᠰᠠᠨ ᠪᠦᠬᠦᠨ ᠳᠤ ᠢᠡᠭᠬᠢᠵᠦ ᠶᠠᠷᠢᠵᠦ ᠶᠠᠪᠤᠳᠠᠬ᠃    ᠵᠢᠷᠦᠭᠡᠨ ᠪᠠᠯᠭᠠᠰᠦ ᠶᠢᠨ ᠬᠤᠨᠭ᠌ ᠵᠦᠡᠭ ᠳᠤᠰᠬᠤᠨ ᠪᠤᠯ ᠳᠠᠷᠢᠶᠠᠯᠠᠬᠤ ᠪᠠᠷ ᠭᠤᠤᠯᠯᠠᠬᠰᠠᠨ ᠳᠤᠰᠬᠤᠨ ᠪᠤᠯᠤᠨ᠎ᠠ᠃ ᠡᠨᠡ ᠬᠦ ᠪᠠᠶᠢᠳᠠᠯ ᠳᠤ ᠴᠢᠭᠯᠡᠬᠦᠯᠤᠨ ᠯᠢᠦ ᠴᠦᠨ ᠯᠢ ᠪᠤᠯᠤᠨ ᠳᠤᠰᠬᠤᠨ ᠳᠤ ᠰᠠᠭᠤᠭ᠎ᠠ ᠠᠵᠢᠯᠯᠠᠬᠤ ᠳᠤᠭᠤᠢᠢᠯᠠᠩ ᠬᠠᠮᠵᠢᠯᠴᠠᠨ ᠳᠠᠷᠢᠶᠠᠯᠠᠩ ᠤᠨ ᠬᠤᠷᠰᠢᠶᠠᠵᠢᠯ ᠪᠠᠶᠢᠭᠤᠯᠬᠤ ᠵᠡᠷᠭᠡ ᠪᠠᠷ ᠠᠷᠠᠳ ᠤᠯᠠᠨ ᠤ ᠠᠵᠢᠯᠯᠠᠬᠤ ᠢᠳᠡᠭᠡᠯ ᠢ ᠤᠷᠮᠠᠰᠢᠭᠤᠯᠵᠠᠢ᠃ ᠤᠳᠦ ᠬᠤᠨᠭ᠌ ᠵᠦᠡᠭ ᠳᠤᠰᠬᠤᠨ 50 ᠰᠠᠭᠤᠷᠢ ᠢᠳᠡᠰᠢᠨ ᠨᠤᠭᠤᠭ᠎ᠠ ᠶᠢᠨ ᠬᠦᠯᠡᠮᠵᠢ ᠲᠠᠢ᠂ 1000 ᠮᠦ ᠳᠤᠷᠰᠢᠯᠳᠠ ᠶᠢᠨ ᠳᠠᠷᠢᠶᠠᠨ ᠭᠠᠵᠠᠷ ᠲᠠᠢ᠂ ᠵᠢᠯ ᠤᠨ ᠤᠷᠤᠯᠭ᠎ᠠ ᠨᠢ 200 ᠲᠦᠮᠡᠨ ᠲᠦᠬᠦᠷᠢᠭ ᠲᠤ ᠬᠦᠷᠴᠦ ᠪᠤᠢ᠃ ᠡᠬᠦᠨ ᠠᠴᠠ ᠭᠠᠳᠠᠨ᠎ᠠ ᠳᠡᠷᠡ ᠪᠠᠰᠠ ᠬᠦᠷᠦᠮᠡᠯ ᠤᠨ ᠰᠠᠭᠤᠷᠢᠨ ᠭᠠᠵᠠᠷ ᠪᠠᠶᠢᠭᠤᠯᠵᠦ᠂ ᠦᠳᠡᠯᠦᠭᠡ ᠪᠠᠭᠤᠷᠠᠶᠢᠴᠤᠤᠯ ᠵᠡᠷᠭᠡ ᠬᠦᠳᠡᠯᠮᠦᠷᠢᠯᠡᠬᠦ ᠴᠢᠳᠠᠪᠤᠷᠢ ᠪᠠᠷ ᠠᠨᠠᠢ ᠬᠦᠮᠦᠰ ᠲᠤ ᠭᠠᠷ ᠤᠷᠠᠯᠠᠯ ᠤᠨ ᠮᠡᠷᠭᠡᠵᠢᠯ ᠬᠦ᠋ᠷᠳᠡᠭᠡᠵᠦ ᠂ ᠬᠦᠳᠡᠭᠡ ᠨᠤᠳᠤᠬ ᠤᠨ ᠢᠶᠠᠨ ᠡᠪᠡᠰᠦ ᠮᠤᠳᠦ ᠶᠢ ᠠᠰᠢᠬᠯᠠᠨ ᠬᠦᠷᠦᠮᠡᠯ ᠤᠨ ᠵᠦᠢᠯᠡᠰ ᠢ ᠵᠤᠬᠢᠶᠠᠨ ᠨᠢᠭᠡ ᠳᠠᠯ᠎ᠠ ᠪᠠᠷ ᠳᠤᠰᠬᠤᠨ ᠤ ᠠᠷᠠᠳ ᠤᠨ ᠤᠷᠤᠯᠭ᠎ᠠ ᠶᠢ ᠨᠡᠮᠡᠭᠳᠡᠬᠦᠯᠵᠦ ᠪᠠᠶᠢᠨ᠎ᠠ᠃    ︽ᠮᠠᠨ ᠤ ᠯᠢᠦ ᠱᠦᠵᠢ ᠪᠤᠯ ᠨᠢᠭᠡᠨ ᠳᠠᠷᠤᠤ ᠨᠤᠮᠤᠬᠠᠨ ᠬᠦᠮᠦᠨ ᠪᠤᠯᠬᠤ ᠶᠤᠮ᠂ ᠳᠡᠷᠡ ᠭᠡᠵᠢᠶᠡᠳᠡ ︿ᠪᠢ ᠳᠤᠰᠬᠤᠨ ᠤ ᠠᠷᠠᠳ ᠤᠨ ᠲᠦᠯᠦᠭᠡ ᠶᠠᠭᠤ ᠴᠦ ᠬᠢᠭᠡ ᠦᠭᠡᠢ﹀ ᠭᠡᠵᠦ ᠶᠠᠷᠢᠳᠠᠬ᠂ ᠭᠡᠳᠡᠯ᠎ᠠ ᠳᠡᠬᠦᠨ ᠤ ᠬᠢᠭᠰᠡᠨ ᠠᠵᠢᠯ ᠢ ᠳᠤᠰᠬᠤᠨ ᠤ ᠠᠷᠠᠳ ᠪᠦᠷ ᠨᠢᠳᠦ ᠪᠠᠷ ᠢᠶᠠᠨ ᠦᠵᠡᠵᠦ ᠳᠤᠳᠤᠷ᠎ᠠ ᠪᠠᠨ ᠮᠡᠳᠡᠵᠦ ᠪᠠᠶᠢᠳᠠᠬ᠂ ᠶᠠᠳᠠᠭᠤ ᠡᠷᠦᠭᠡ ᠳᠤ ᠤᠰᠦ ᠴᠠᠬᠢᠯᠭᠠᠨ ᠤ ᠰᠦᠢᠳᠭᠡᠯ ᠳᠤᠰᠢᠶᠠᠵᠦ ᠦᠭᠬᠦ᠂ ᠳᠤᠰᠬᠤᠨ ᠤ ᠭᠡᠤᠭᠡᠳ ᠤᠨ ᠰᠤᠷᠤᠯᠭ᠎ᠠ ᠶᠢ ᠬᠠᠪᠰᠤᠷᠤᠨ ᠵᠢᠯᠤᠭᠤᠳᠬᠤ᠂ ᠠᠵᠦ ᠠᠬᠤᠢᠢᠯᠠᠯ ᠲᠠᠢ ᠬᠠᠮᠵᠢᠯᠴᠠᠨ ᠰᠤᠷᠤᠬᠴᠢᠳ ᠲᠤ ᠨᠤᠮ ᠳᠡᠪᠳᠡᠷ᠂ ᠬᠤᠪᠴᠠᠰᠦ ᠬᠤᠨᠠᠷ ᠬᠠᠨᠳᠢᠪᠯᠠᠬᠤ ᠁᠃ ᠯᠢᠦ ᠱᠦᠵᠢ ᠢᠷᠡᠭᠰᠡᠨ ᠡᠨᠡ ᠬᠤᠶᠠᠷ ᠵᠢᠯ ᠳᠤ ᠮᠠᠨ ᠤ ᠳᠤᠰᠬᠤᠨ ᠦᠪᠡᠷ ᠤᠨ ᠠᠵᠦ ᠦᠢᠯᠡᠰ ᠲᠠᠢ ᠪᠤᠯᠵᠦ᠂ ᠠᠷᠠᠳ ᠤᠨ ᠠᠮᠢᠳᠤᠷᠠᠯ ᠤᠨ ᠬᠢᠷᠢ ᠲᠦᠪᠰᠢᠨ ᠮᠡᠳᠡᠭᠳᠡᠮ᠎ᠠ ᠳᠡᠭᠡᠭᠰᠢᠯᠡᠵᠠᠢ᠂ ᠡᠶᠢᠮᠦ ᠨᠢᠭᠡᠨ ᠰᠠᠶᠢᠨ ᠱᠦᠵᠢ ᠳᠠᠭᠠᠷᠠᠬᠰᠠᠨ ᠨᠢ ᠮᠠᠨ ᠤ ᠳᠤᠰᠬᠤᠨ ᠤ ᠵᠢᠷᠭᠠᠯ ᠪᠤᠯᠠᠢ︾ ᠭᠡᠵᠦ ᠳᠤᠰᠬᠤᠨ ᠤ ᠱᠦᠵᠢ ᠰᠦᠨ ᠰᠢᠦ ᠬᠤᠸᠠᠨ ᠳᠤᠰᠬᠤᠨ ᠤ ᠠᠷᠠᠳ ᠤᠨ ᠰᠡᠳᠬᠢᠯ ᠤᠨ ᠦᠭᠡ ᠶᠢ ᠶᠠᠷᠢᠨ᠎ᠠ᠃    ᠤᠳᠦ ᠯᠢᠦ ᠴᠦᠨ ᠯᠢ ᠶᠢ ᠬᠤᠨᠭ᠌ ᠵᠦᠡᠭ ᠳᠤᠰᠬᠤᠨ ᠤ ᠭᠡᠤᠭᠡᠳ ᠤᠨ ᠴᠡᠴᠡᠷᠯᠢᠭ ᠲᠤ ᠪᠠᠶᠢᠬᠤ ᠪᠠᠭᠠᠴᠤᠳ ᠭᠡᠤᠭᠡᠳ ᠴᠦ ᠯᠢᠦ ᠠᠪᠠᠭ᠎ᠠ ᠭᠡᠵᠦ ᠳᠤᠳᠤᠨᠤᠴᠢᠯᠠᠵᠦ᠂ ᠨᠠᠩ ᠴᠦ ᠡᠷᠦᠭᠡ ᠪᠠᠷ ᠬᠦᠨᠵᠡᠭᠡᠶᠢᠷᠡᠨ ᠪᠠᠶᠢᠴᠠᠭᠠᠬᠤ ᠦᠶ᠎ᠠ ᠳᠤ ᠳᠤᠰᠬᠤᠨ ᠤ ᠠᠷᠠᠳ ᠳᠠᠬᠢᠶᠠᠨ ᠦᠨᠳᠡᠭᠡ᠂ ᠭᠠᠯᠠᠭᠤ ᠶᠢᠨ ᠦᠨᠳᠡᠭᠡ ᠪᠠᠨ ᠬᠠᠷᠮᠠᠨ ᠳᠤᠨᠢ ᠴᠢᠬᠢᠵᠦ ᠦᠭᠳᠡᠭ ᠪᠦᠭᠡᠳ ᠭᠡᠨ ᠤ ᠬᠢᠨᠢ ᠭᠡᠷ ᠨᠢ ᠠᠮᠳᠠᠳᠤ ᠬᠤᠭᠤᠯᠠ ᠤᠮᠳᠠᠭᠠᠨ ᠬᠢᠭᠰᠡᠭᠡᠷ ᠳᠡᠬᠦᠨ ᠢ ᠮᠡᠷᠳᠡᠯ ᠦᠭᠡᠢ ᠳᠠᠭᠤᠳᠠᠳᠠᠬ᠃ ᠡᠨᠡ ᠨᠢ ᠯᠢᠦ ᠴᠦᠨ ᠯᠢ ᠶᠢᠨ ᠠᠵᠢᠯᠯᠠᠬᠤ ᠢᠳᠡᠭᠡᠯ ᠢ ᠨᠠᠩ ᠬᠦᠪᠴᠢᠯᠡᠵᠦ᠂ ᠠᠷᠠᠳ ᠤᠯᠠᠨ ᠤ ᠪᠠᠶᠠᠵᠢᠯ ᠤᠨ ᠲᠦᠯᠦᠭᠡ ᠨᠠᠩ ᠭᠠᠪᠰᠢᠭᠠᠢᠢᠯᠠᠨ ᠴᠢᠷᠮᠠᠶᠢᠬᠤ ᠪᠤᠯᠭᠠᠵᠠᠢ᠃·
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号