︽ᠳᠠᠪᠠᠭᠤᠯᠢᠭ ᠡᠬᠢ ᠪᠠᠶᠠᠯᠢᠭ︾ ᠢ ︽ᠨᠡᠷᠡᠳᠥ ᠠᠵᠤ ᠥᠢᠯᠡᠰ︾ ᠪᠤᠯᠭᠠᠨ ᠳᠡᠮᠡᠭᠡᠨ ᠭᠠᠴᠠᠭ᠎ᠠ ᠤᠨᠴᠠᠯᠢᠬᠳᠤ ᠲᠠᠷᠢᠮᠠᠯ ᠢᠶᠠᠷ ᠠᠷᠠᠳ ᠤᠨ ᠤᠷᠤᠯᠭ᠎ᠠ ᠶᠢ ᠨᠡᠮᠡᠭᠳᠡᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2024/7/23
        ︽ᠡ᠊ᠨᠡ ᠬᠡᠰᠡᠭ ᠬᠢᠳᠠᠳ ᠡᠮ ᠤᠨ ᠮᠠᠲ᠋ᠤᠷᠢᠶᠠᠯ ᠤᠨ ᠤᠷᠭᠤᠴᠠ ᠮᠠᠰᠢ ᠰᠠᠶᠢᠨ ᠪᠠᠶᠢᠨ᠎ᠠ᠂ 3 ᠵᠢᠯ ᠤᠨ ᠳᠠᠷᠠᠭ᠎ᠠ ᠯᠠᠪᠳᠠᠢ ᠡᠯᠪᠡᠭ ᠬᠤᠷᠢᠶᠠᠯᠳᠠ ᠤᠯᠤᠨ᠎ᠠ ᠁︾ 6 ᠰᠠᠷ᠎ᠠ ᠶᠢᠨ 26 ᠤ ᠡᠳᠥᠷ᠂ ᠰᠤᠷᠪᠤᠯᠵᠢᠯᠠᠭᠴᠢ ᠵᠠᠯᠠᠶᠢᠳ ᠬᠤᠰᠢᠭᠤᠨ ᠤ ᠠᠯᠳᠠᠷᠳᠥ ᠰᠤᠮᠤ ᠶᠢᠨ ᠳᠡᠮᠡᠭᠡᠨ ᠭᠠᠴᠠᠭᠠᠨ ᠤ ᠤᠨᠴᠠᠯᠢᠬᠳᠥ ᠠᠵᠤ ᠥᠢᠯᠡᠰ ᠤᠨ ᠰᠠᠭᠤᠷᠢᠨ ᠭᠠᠵᠠᠷ ᠬᠦᠷᠬᠦ ᠳᠤ ᠠᠯᠳᠠᠷᠳᠥ ᠰᠤᠮᠤ ᠶᠢᠨ ᠳᠡᠳ᠋ ᠰᠤᠮᠤᠨ ᠳᠠᠷᠤᠭ᠎ᠠ ᠼᠤᠤ ᠬᠤᠸᠠ ᠳ᠋ᠦᠩ ᠤᠨᠴᠠᠯᠢᠬᠳᠤ ᠲᠠᠷᠢᠮᠠᠯ ᠤᠨ ᠰᠠᠭᠤᠷᠢᠨ ᠭᠠᠵᠠᠷ ᠤᠨ ᠪᠠᠶᠢᠳᠠᠯ ᠢ ᠨᠠᠷᠢᠯᠢᠭ ᠲᠠᠨᠢᠯᠴᠠᠭᠤᠯᠵᠤ ᠪᠠᠶᠢᠯ᠎ᠠ᠃ ᠤᠶᠢᠷ᠎ᠠ ᠶᠢᠨ ᠵᠢᠯ ᠳᠤ᠂ ᠠᠯᠳᠠᠷᠳᠥ ᠰᠤᠮᠤ ᠳᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠬᠦ ᠰᠢᠨ᠎ᠡ ᠠᠷᠭ᠎ᠠ ᠵᠠᠮ ᠢ ᠰᠦᠪᠡᠭᠴᠢᠯᠡᠨ᠂ ᠤᠨᠴᠠᠯᠢᠬᠳᠥ ᠠᠵᠤ ᠥᠢᠯᠡᠰ ᠢ ᠬᠦᠭᠵᠢᠭᠦᠯᠵᠦ᠂ ︽ᠳᠠᠪᠠᠭᠤᠯᠢᠭ ᠡᠬᠢ ᠪᠠᠶᠠᠯᠢᠭ︾ ᠢ ︽ᠨᠡᠷᠡᠳᠥ ᠠᠵᠤ ᠥᠢᠯᠡᠰ︾ ᠪᠤᠯᠭᠠᠨ ᠬᠤᠪᠢᠷᠠᠭᠤᠯᠬᠤ ᠪᠠᠷ ᠬᠦᠴᠥᠯᠡᠨ ᠴᠢᠷᠮᠠᠶᠢᠵᠤ ᠪᠤᠢ᠃    ᠨᠢᠳᠤᠨᠤᠨ ᠠᠯᠳᠠᠷᠳᠥ ᠰᠤᠮᠤ ᠳᠡᠭᠡᠳᠥ ᠱᠠᠳᠥᠨ ᠠᠴᠠ ᠪᠡᠯᠡ ᠮᠦᠡᠭᠬᠦ ᠭᠤᠶᠤᠴᠢᠯᠠᠨ᠂ ᠳᠡᠮᠡᠭᠡᠨ ᠭᠠᠴᠠᠭᠠᠨ ᠤ ᠨᠡᠶᠢᠳᠡ ᠶᠢᠨ ᠤᠢ ᠶᠢᠨ ᠭᠠᠵᠠᠷ ᠲᠤ ᠰᠢᠳ ᠭᠦᠢᠯᠡᠰᠤ ᠪᠠ ᠬᠢᠳᠠᠳ ᠡᠮ ᠤᠨ ᠮᠠᠲ᠋ᠧᠷᠢᠶᠠᠯ ᠲᠠᠷᠢᠪᠠ᠃ ᠬᠡᠬᠦ ᠳ᠋ᠭᠡᠨ ᠬᠠᠵᠠᠭᠤ ᠬᠠᠪᠢ ᠶᠢᠨ 200 ᠭᠠᠷᠤᠢ ᠲᠠᠷᠢᠶᠠᠴᠢᠤᠨ ᠢ ᠳᠠᠷᠢᠵᠤ ᠠᠷᠠᠴᠢᠯᠠᠬᠤ ᠠᠵᠢᠯ ᠳᠤ ᠤᠷᠤᠯᠴᠠᠭᠤᠯᠵᠤ ᠠᠵᠢᠯ ᠤᠯᠭᠤᠪᠠ᠃ ᠲᠡᠳᠡ ᠪᠠᠰᠠ ︽ᠨᠠᠮ ᠤᠨ ᠡᠬᠦᠷ ᠨᠠᠮ ᠤᠨ ᠬᠡᠰᠢᠬᠦᠨ ᠢ ᠳᠠᠶᠢᠴᠢᠯᠠᠬᠤ᠂ ᠨᠠᠮ ᠤᠨ ᠬᠡᠰᠢᠬᠦᠨ ᠤᠯᠠᠨ ᠲᠦᠮᠡᠨ ᠢ ᠳᠠᠶᠢᠴᠢᠯᠠᠬᠤ︾ ᠬᠡᠯᠪᠡᠷᠢ ᠪᠠᠷ ᠭᠠᠴᠠᠭᠠᠨ ᠤ ᠨᠠᠮ ᠤᠨ ᠡᠬᠦᠷ ᠤᠨ ᠳᠠᠭᠠᠭᠤᠯᠤᠭᠴᠢ ᠥᠢᠯᠡᠳᠥᠯ ᠢ ᠪᠠᠳᠠᠷᠠᠭᠤᠯᠥᠨ᠂ ᠤᠯᠠᠨ ᠢ ᠳᠠᠷᠢᠵᠤ ᠠᠷᠠᠴᠢᠯᠠᠬᠤ ᠠᠵᠢᠯ ᠳᠤ ᠤᠷᠤᠯᠴᠠᠭᠤᠯᠤᠬᠰᠠᠨ ᠪᠠᠶᠢᠨ᠎ᠠ᠃ ᠳᠡᠮᠡᠭᠡᠨ ᠭᠠᠴᠠᠭᠠᠨ ᠤ ᠰᠢᠳ ᠭᠦᠢᠯᠡᠰᠤ ᠪᠠ ᠬᠢᠳᠠᠳ ᠡᠮ ᠤᠨ ᠮᠠᠲ᠋ᠧᠷᠢᠶᠠᠯ ᠳᠠᠷᠢᠬᠤ ᠰᠠᠭᠤᠷᠢᠨ ᠭᠠᠵᠠᠷ ᠤᠤᠯ ᠳᠠᠭᠠᠨ ᠤᠢ ᠶᠢᠨ ᠵᠢᠮᠢᠰ ᠳᠠᠷᠢᠬᠤ ᠰᠠᠭᠤᠷᠢᠨ ᠭᠠᠵᠠᠷ ᠪᠠᠶᠢᠪᠠ᠃ ᠭᠡᠳᠡᠯ᠎ᠠ ᠬᠡᠳᠥᠨ ᠵᠢᠯ ᠠᠷᠠᠴᠢᠯᠠᠭᠠᠳ ᠵᠢᠮᠢᠰ ᠤᠨ ᠤᠷᠭᠤᠯᠳᠠ ᠪᠠᠷᠤᠭᠳᠠᠶᠢᠬᠠᠨ ᠤᠷᠤᠯᠭ᠎ᠠ ᠪᠠᠷ ᠠᠨᠠᠢ ᠪᠠᠶᠢᠬᠤ ᠶᠢ ᠭᠠᠴᠠᠭᠠᠨ ᠤ ᠬᠢᠨ ᠦᠵᠡᠵᠦ ᠭᠠᠷᠤᠭᠠᠳ ᠰᠢᠳ ᠭᠦᠢᠯᠡᠰᠤ ᠪᠠ ᠬᠢᠳᠠᠳ ᠡᠮ ᠤᠨ ᠮᠠᠲ᠋ᠧᠷᠢᠶᠠᠯ ᠲᠠᠷᠢᠪᠠ᠃ ᠤᠳᠥ 260 ᠮᠤ᠋ ᠰᠢᠳ ᠭᠦᠢᠯᠡᠰᠤ᠂ 180 ᠮᠤ᠋ ᠬᠢᠳᠠᠳ ᠡᠮ ᠤᠨ ᠮᠠᠲ᠋ᠧᠷᠢᠶᠠᠯ ᠲᠠᠷᠢᠵᠦ᠂ ᠬᠡᠷᠪᠡ ᠤᠨᠠᠯᠳᠠ ᠵᠦᠭᠡᠷ ᠪᠤᠯ ᠳᠠᠷᠢᠮᠠᠯ ᠤᠨ ᠬᠡᠪᠴᠢᠶ᠎ᠡ ᠪᠠᠨ ᠦᠷᠭᠡᠳᠭᠡᠬᠦ ᠪᠠᠷ ᠲᠦᠯᠥᠪᠯᠡᠵᠤ ᠪᠠᠶᠢᠨ᠎ᠠ᠃ ︵ᠤᠷᠠᠨᠳᠤᠳᠢ ᠤᠷᠭᠤᠭ᠎ᠠ︶     
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号