— ᠴᠠᠭᠠᠨᠪᠤᠬ᠎ᠠ ᠭᠠᠴᠠᠭ᠎ᠠ ᠶᠢᠨ ᠳᠠᠷᠢᠶᠠᠴᠢᠨ ᠪᠠᠳᠠᠷᠠᠯᠳᠤ ᠶᠢᠨ ᠠᠮᠢᠳᠤᠷᠠᠯ ᠦᠢᠯᠡᠰ ᠢᠶᠠᠨ ᠦᠭᠡᠳᠡᠯᠡᠭᠦᠯᠵᠤ ᠪᠠᠶᠢᠭ᠎ᠠ | ᠳᠤᠬᠠᠢ ᠳᠡᠮᠳᠡᠭᠯᠡᠪᠡ | ᠠᠮᠢᠳᠤᠷᠠᠯ ᠵᠠᠷᠢᠮ ᠳᠤ ᠪᠠᠨ ᠬᠦᠮᠦᠨ ᠳᠤ ᠤᠷᠮ᠎ᠠ ᠬᠠᠶᠢᠷᠠᠯᠠᠳᠠᠭ | ᠠᠮᠢᠳᠤᠷᠠᠯ ᠵᠠᠷᠢᠮ ᠳᠤ ᠪᠠᠨ ᠬᠦᠮᠦᠨ ᠢ ᠬᠠᠭ᠎ᠠ ᠪᠠᠶᠠᠷᠯᠠᠭᠤᠯᠳᠠᠭ | ᠠᠮᠢᠳᠤᠷᠠᠯ ᠵᠠᠷᠢᠮ ᠳᠤ ᠪᠠᠨ ᠬᠦᠮᠦᠨ ᠢ ᠬᠠᠳᠠ ᠮᠦᠷᠭᠦᠭᠦᠯᠳᠡᠭ | ᠠᠮᠢᠳᠤᠷᠠᠯ ᠵᠠᠷᠢᠮ ᠳᠤ ᠪᠠᠨ ᠬᠦᠮᠦᠨ ᠳᠤ ᠬᠦᠰᠡᠯ ᠤᠷᠭᠤᠭᠤᠯᠳᠠᠭ᠃ | ᠬᠠᠳᠠᠨ ᠵᠤᠷᠢᠭ ᠲᠠᠢ ᠬᠦᠮᠦᠨ ᠳᠤ ᠬᠠᠳᠠ ᠴᠢᠯᠠᠭᠤ ᠪᠤᠯᠪᠠᠴᠤ ᠬᠠᠭᠠᠷᠠᠵᠤ ᠬᠡᠮᠬᠡᠷᠡᠳᠡᠭ ᠭᠡᠯᠳᠡᠢ︕ ᠬᠤᠷᠴᠢᠨ | ᠪᠠᠷᠠᠭᠤᠨ ᠭᠠᠷᠤᠨ ᠳᠤᠮᠳᠠᠳᠤ ᠬᠤᠰᠢᠭᠤᠨ ᠤ ᠡᠮᠳᠤ ᠶᠢᠨ ᠭᠤᠤᠯ ᠰᠤᠮᠤ ᠶᠢᠨ ᠴᠠᠭᠠᠨᠪᠤᠬ᠎ᠠ ᠭᠠᠴᠠᠭᠠᠨ ᠤ ᠳᠠᠷᠢᠶᠠᠴᠢᠨ | ᠵᠠᠯᠠᠭᠤ ᠪᠠᠳᠠᠷᠠᠯᠳᠤ ᠰᠢᠨᠵᠢᠯᠡᠬᠦ ᠤᠬᠠᠭᠠᠨᠴᠢ ᠪᠠᠷ ᠲᠠᠬᠢᠶ᠎ᠠ ᠲᠡᠵᠢᠭᠡᠭᠡᠳ ᠪᠠᠶᠠᠵᠢᠯ ᠤᠨ ᠵᠠᠮ ᠢ ᠡᠷᠢᠯᠬᠢᠯᠡᠵᠦ᠂ ᠠᠷᠠᠳ | ᠤᠯᠠᠨ ᠳᠠᠭᠠᠨ ᠦᠯᠢᠭᠡᠷ ᠳᠠᠭᠤᠷᠢᠶᠠᠯ ᠪᠤᠯᠵᠤ ᠶᠠᠪᠤᠨ᠎ᠠ ᠪᠢᠯᠡ᠃ | ᠪᠠᠳᠠᠷᠠᠯᠳᠤ᠂ ᠲᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠬᠤ ᠦᠶ᠎ᠡ ᠳᠤ ᠲᠡᠭᠦᠨ ᠤ ᠠᠴᠢᠳᠤ ᠠᠪᠤ ᠨᠢ | ᠠᠵᠠ ᠪᠤᠰᠤ ᠪᠠᠷ ᠲᠠᠷᠢᠬᠢᠨ ᠳᠤ ᠨᠢ ᠴᠢᠰᠤ ᠬᠠᠷᠪᠤᠬᠤ ᠡᠪᠡᠳᠴᠢᠨ ᠢᠶᠠᠷ ᠭᠡᠨᠡᠳᠳᠡ ᠨᠠᠰᠤ ᠪᠠᠷᠠᠵᠤ᠂ ᠠᠵᠤ | ᠠᠮᠢᠳᠤᠷᠠᠯ ᠤᠨ ᠠᠯᠢᠪᠠ ᠬᠦᠴᠢᠷ ᠲᠠᠷᠤᠭᠠᠰᠤ ᠨᠢ ᠪᠦᠷ ᠠᠷᠬᠠᠭ ᠭᠡᠮ ᠲᠠᠢ ᠡᠵᠢ ᠶᠢᠨ ᠬᠢᠨᠢ ᠬᠤᠶᠠᠷ ᠮᠦᠷᠦᠨ | ᠲᠡᠭᠡᠷ᠎ᠡ ᠨᠢ ᠢᠪ ᠲᠠᠷᠤᠨ ᠪᠠᠭᠤᠬᠤ ᠳᠤ ᠦᠵᠡᠵᠦ ᠶᠠᠳᠠᠨ ᠪᠢᠷ ᠢᠶᠠᠨ ᠬᠠᠶᠠᠨ ᠰᠤᠷᠤᠯᠭ᠎ᠠ ᠪᠠᠨ ᠬᠠᠭᠠᠰ ᠵᠤᠭᠰᠤᠨ | ᠠᠷᠤ ᠭᠡᠷ ᠲᠡᠭᠡᠨ ᠪᠤᠴᠠᠵᠤ ᠠᠳᠠᠯ ᠠᠮᠢᠳᠤᠷᠠᠯ ᠢᠶᠠᠨ ᠲᠤᠯᠭᠠᠭᠤᠷᠢᠯᠠᠵᠤ ᠠᠪᠤᠭᠰᠠᠨ ᠪᠢᠯᠡ᠃ ᠪᠠᠳᠠᠷᠠᠯᠳᠤ ᠶᠢᠨ ᠠᠪᠤ ᠨᠢ | ᠡᠪᠡᠳᠴᠢᠯᠡᠵᠦ ᠭᠡᠳᠦᠨ ᠵᠢᠯ ᠡᠮᠨᠡᠭᠦᠯᠦᠭᠰᠡᠨ ᠤ ᠳᠡᠭᠡᠷ᠎ᠡ ᠡᠵᠢ ᠨᠢ ᠪᠠᠰᠠ ᠨᠢᠭᠡ ᠤᠳᠠᠭ᠎ᠠ ᠮᠠᠰᠠ ᠵᠠᠰᠠᠯ | ᠬᠢᠯᠭᠡᠭᠰᠡᠨ ᠠᠴᠠ ᠠᠮᠢᠳᠤᠷᠠᠯ ᠨᠢ ᠦᠷᠢ ᠰᠢᠷᠢ ᠲᠠᠢ ᠪᠤᠯᠵᠤ ᠬᠦᠴᠢᠷᠳᠡᠯᠳᠡᠢ ᠪᠤᠯᠪᠠ᠃ ᠲᠡᠷᠡ ᠲᠠᠷᠢᠶ᠎ᠠ ᠶᠢ ᠲᠦᠰᠢᠭᠡᠳ | ᠪᠤᠯᠬᠤ ᠦᠭᠡᠢ᠂ ᠠᠷᠪᠠᠨ ᠵᠢᠯ ᠤᠨ ᠲᠤᠯᠤᠭᠠᠨ ᠵᠢᠯ ᠨᠢ ᠭᠠᠩ ᠬᠠᠭᠰᠠᠷᠠᠭᠠᠨ ᠪᠤᠯᠵᠤ ᠤᠯᠬᠤ ᠶᠠᠭᠤᠮ᠎ᠠ ᠦᠭᠡᠢ᠂ | ᠬᠠᠰᠢᠯᠠ ᠭᠠᠳᠠᠨ᠎ᠠ ᠶᠠᠪᠤᠵᠤ ᠵᠤᠭᠤᠰ ᠤᠯᠬᠤ ᠨᠢ ᠵᠦᠪ ᠭᠡᠵᠦ ᠦᠵᠡᠭᠡᠳ ᠰᠢᠯᠢᠩᠭᠤᠤᠯ ᠤᠨ ᠵᠡᠭᠦᠨ | ᠦᠵᠦᠮᠦᠴᠢᠨ ᠢᠶᠠᠷ ᠤᠴᠢᠵᠤ ᠮᠠᠶᠢᠮᠠᠢ ᠬᠢᠵᠦ ᠦᠵᠡᠯ᠎ᠡ᠂ ᠪᠠᠷᠠᠭ᠎ᠠ ᠲᠡᠭᠡᠭᠡᠵᠦ ᠦᠵᠡᠯ᠎ᠡ᠂ ᠬᠤᠳᠳᠤᠭ ᠮᠠᠯᠳᠠᠵᠤ | ᠶᠠᠪᠤᠯ᠎ᠠ᠂ ᠬᠤᠳᠠᠯᠳᠤᠭ᠎ᠠ ᠡᠷᠬᠢᠯᠡᠵᠦ ᠦᠵᠡᠯ᠎ᠡ᠃ ᠡᠭᠦᠨ ᠤ ᠳ᠋ᠦᠩ ᠳᠤ᠂ ᠨᠢᠭᠡ ᠨᠠᠰᠤ ᠪᠠᠷ ᠢᠶᠠᠨ ᠭᠠᠳᠠᠭᠰᠢ | ᠭᠦᠶᠦᠭᠡᠳ ᠲᠤᠰᠠ ᠭᠠᠷᠬᠤ ᠦᠭᠡᠢ᠂ ᠬᠠᠮᠢᠭᠠᠬᠢ ᠭᠠᠵᠠᠷ ᠰᠢᠷᠦᠢ ᠬᠦᠮᠦᠨ ᠢ ᠲᠡᠵᠢᠭᠡᠵᠦ ᠲᠡᠶᠢᠯᠬᠦ ᠦᠭᠡᠢ ᠶᠤᠮ ᠪᠤᠢ᠂ | ᠲᠠᠷᠢᠬᠢ ᠲᠠᠢ ᠯᠠ ᠶᠤᠮ ᠪᠤᠯ ᠬᠠᠮᠢᠭ᠎ᠠ ᠤᠴᠢᠪᠠᠴᠤ ᠠᠳᠠᠯᠢᠬᠠᠨ ᠠᠮᠢᠳᠤᠷᠠᠨ᠎ᠠ ᠭᠡᠵᠤ ᠵᠤᠷᠢᠭ ᠰᠢᠢᠳᠴᠤ | ᠨᠤᠳᠤᠭ ᠲᠠᠭᠠᠨ ᠪᠤᠴᠠᠨ ᠢᠷᠡᠪᠡ᠃ | ᠦᠩᠭᠡ ᠵᠢᠰᠤ ᠲᠦᠪᠯᠡᠬᠦᠨ᠂ ᠤᠬᠠᠭᠠᠨ ᠰᠠᠨᠠᠭ᠎ᠠ ᠬᠦᠢᠴᠡᠳ᠂ ᠦᠭᠡᠳᠡᠷᠬᠡᠭ ᠵᠠᠯᠠᠭᠤ ᠪᠠᠳᠠᠷᠠᠯᠳᠤ 2010 | ᠤᠨ ᠳᠤ ᠦᠵᠡᠰᠭᠦᠯᠡᠩ ᠭᠤᠶᠤ ᠬᠡᠦᠬᠡᠨ ᠭᠧᠨ ᠰᠢᠶᠦ᠋ᠩ ᠲᠠᠢ ᠠᠶᠢᠯ ᠭᠡᠷ ᠪᠠᠶᠢᠭᠤᠯᠵᠤ ᠵᠤᠯ ᠵᠢᠷᠭᠠᠯᠳᠤ | ᠠᠮᠢᠳᠤᠷᠠᠯ ᠢᠶᠠᠨ ᠡᠭᠢᠯᠡᠭᠦᠯᠪᠡ᠃ ᠲᠡᠷᠡ ᠭᠠᠵᠠᠷ ᠤᠷᠤᠨ ᠤ ᠪᠤᠳᠠᠳᠤ ᠪᠠᠶᠢᠳᠠᠯ ᠢᠶᠠᠨ ᠦᠨᠳᠦᠰᠦᠯᠡᠵᠤ᠂ ᠲᠠᠬᠢᠶ᠎ᠠ | ᠲᠡᠵᠢᠭᠡᠵᠦ ᠤᠷᠤᠯᠭ᠎ᠠ ᠪᠠᠨ ᠨᠡᠮᠡᠭᠳᠡᠭᠦᠯᠬᠦ ᠪᠠᠷ 2015 ᠤᠨ ᠳᠤ ᠲᠦᠮᠡ ᠭᠠᠷᠤᠢ ᠲᠦᠭᠦᠷᠢᠭ ᠤᠨ ᠪᠡᠯᠡ ᠮᠦᠩᠭᠦ | ᠵᠠᠷᠤᠴᠠᠭᠤᠯᠵᠤ ᠪᠠᠶᠢᠭᠠᠳ ᠴᠤᠷᠪᠠᠭ᠎ᠠ ᠨᠡᠪᠴᠢᠭᠡᠬᠦ ᠮᠠᠰᠢᠨ ᠲᠤᠨᠤᠭ ᠵᠡᠷᠭᠡ ᠶᠢ ᠢᠵᠢ ᠪᠦᠷᠢᠳᠦᠭᠦᠯᠵᠤ᠂ ᠲᠠᠬᠢᠶ᠎ᠠ | ᠲᠡᠵᠢᠭᠡᠬᠦ ᠲᠤᠮᠦ ᠬᠠᠰᠢᠶ᠎ᠠ ᠰᠠᠷᠠᠪᠴᠢ ᠪᠠᠶᠢᠭᠤᠯᠵᠤ᠂ ᠲᠠᠬᠢᠶ᠎ᠠ ᠲᠡᠵᠢᠭᠡᠬᠦ ᠲᠤᠰᠬᠠᠢ ᠮᠡᠷᠭᠡᠵᠢᠯ ᠰᠤᠷᠴᠤ ᠡᠵᠡᠮᠰᠢᠪᠡ᠃ | ᠠᠩᠬ᠎ᠠ ᠡᠬᠢᠯᠡᠮᠡᠭᠴᠡ ᠮᠢᠩᠭᠠᠨ ᠴᠤᠷᠪᠠᠭ᠎ᠠ ᠠᠪᠴᠤ ᠳᠡᠵᠢᠭᠡᠵᠤ᠂ ᠡᠳᠡᠭᠡᠷᠡᠯᠳᠠ ᠶᠢᠨ ᠨᠤᠷᠮ᠎ᠠ ᠨᠢ ᠵᠠᠭᠤᠨ ᠤ ᠲᠠᠯ᠎ᠠ ᠳᠤ | ᠬᠦᠷᠦᠭᠰᠡᠨ ᠪᠠᠶᠢᠯ᠎ᠠ᠃ ᠲᠡᠷᠡ ᠭᠡᠷᠭᠡᠢ ᠲᠠᠢ ᠪᠠᠨ ᠵᠤᠷᠢᠭ ᠮᠤᠬᠤᠷᠠᠭᠰᠠᠨ ᠦᠭᠡᠢ᠂ ᠭᠡᠮᠳᠤᠯ ᠰᠦᠢᠳᠤᠯ ᠤᠨ | ᠰᠢᠯᠳᠠᠭᠠᠨ ᠢ ᠨᠢ ᠡᠷᠢᠵᠦ ᠳᠡᠵᠢᠭᠡᠵᠤ ᠦᠷᠡᠵᠢᠭᠦᠯᠬᠦ ᠦᠢᠯᠡᠰ ᠢᠶᠠᠨ ᠦᠷᠭᠦᠯᠵᠢᠯᠡᠨ ᠬᠦᠭᠵᠢᠭᠦᠯᠪᠡ᠃ | ᠪᠠᠳᠠᠷᠠᠯᠳᠤ ᠶᠢᠨ ᠬᠢᠨ ᠭᠤᠷᠪᠠᠨ ᠲᠠᠰᠤᠯᠭ᠎ᠠ ᠭᠡᠷ ᠤᠨ ᠢᠶᠠᠨ ᠵᠡᠭᠦᠨ ᠪᠠᠷᠠᠭᠤᠨ ᠳᠠᠯ᠎ᠠ ᠪᠠᠷ ᠫᠧᠩ ᠰᠠᠷᠠᠪᠴᠢ | ᠪᠠᠶᠢᠭᠤᠯᠵᠤ᠂ ᠶᠤᠰᠤᠳᠠᠢ ︽ᠠᠵᠢᠯᠰᠠᠭ ᠬᠦᠮᠦᠨ ᠤ ᠠᠮᠢᠳᠤᠷᠠᠯ ᠦᠭᠡᠳᠡ ᠲᠠᠢ︾ ᠭᠡᠳᠡᠭ ᠪᠤᠷᠤᠭᠤ ᠦᠭᠡᠢ ᠰᠠᠨ᠃ | ᠲᠡᠷᠡ ᠳᠠᠬᠢᠶ᠎ᠠ ᠳᠡᠵᠢᠭᠡᠵᠤ ᠦᠷᠡᠵᠢᠭᠦᠯᠦᠭᠰᠡᠨ ᠦᠢᠯᠡᠳᠦᠯᠭᠡ ᠳᠤᠷᠰᠢᠯᠭ᠎ᠠ ᠶᠢᠨ ᠢᠶᠠᠨ ᠳᠤᠬᠠᠢ᠄ ︽ᠪᠢᠳᠡ ᠭᠤᠣᠯᠳᠠᠭᠤ | ᠠᠯᠠᠰᠢᠨ ᠲᠠᠬᠢᠶ᠎ᠠ ᠪᠠ ᠦᠨᠳᠡᠭᠡᠨ ᠲᠠᠬᠢᠶ᠎ᠠ ᠲᠡᠵᠢᠭᠡᠵᠦ᠂ ᠤᠭᠤᠷᠠᠭ ᠤᠨ ᠰᠢᠪᠳᠤᠷᠳᠤ ᠬᠦᠴᠢᠯ ᠢᠶᠠᠷ ᠠᠯᠠᠰᠢᠨ | ᠲᠠᠬᠢᠶ᠎ᠠ ᠶᠢ ᠲᠡᠵᠢᠭᠡᠪᠡᠯ ᠪᠡᠶ᠎ᠡ ᠶᠢᠨ ᠬᠦᠨᠳᠦ ᠶᠢ ᠨᠢ ᠲᠦᠷᠭᠡᠨ ᠨᠡᠮᠡᠭᠳᠡᠭᠦᠯᠦᠨ᠎ᠡ᠂ ᠠᠯᠠᠰᠢᠨ ᠲᠠᠬᠢᠶ᠎ᠠ ᠨᠢ ᠭᠤᠷᠪᠠᠨ ᠵᠢᠩ | ᠦᠰᠬᠦ ᠳᠤ ᠵᠦᠪᠬᠡᠨ ᠵᠢᠷᠭᠤᠭᠠᠨ ᠭᠠᠷᠠᠭ ᠤᠨ ᠬᠤᠭᠤᠴᠠᠭ᠎ᠠ ᠬᠡᠷᠡᠭᠰᠡᠵᠦ᠂ ᠵᠢᠷᠭᠤᠭᠠᠨ ᠭᠷᠠᠮ ᠤᠨ ᠤᠭᠤᠷᠠᠭ ᠤᠨ | ᠰᠢᠪᠳᠤᠷᠳᠤ ᠬᠦᠴᠢᠯ ᠬᠡᠷᠡᠭᠰᠡᠨ᠎ᠡ᠃ ᠡᠩ ᠤᠨ ᠠᠷᠭ᠎ᠠ ᠪᠠᠷ ᠬᠤᠶᠠᠷ ᠵᠢᠩ ᠮᠢᠬ᠎ᠠ ᠨᠡᠮᠡᠭᠳᠡᠭᠦᠯᠬᠦ ᠳᠤ ᠠᠷᠪᠠᠨ ᠵᠢᠩ | ᠪᠤᠷᠳᠤᠭ᠎ᠠ ᠬᠡᠷᠡᠭᠰᠡᠳᠡᠭ ᠪᠠᠶᠢᠨ᠎ᠠ᠂ ᠭᠡᠳᠡᠯ᠎ᠡ ᠲᠦᠷᠪᠡᠨ ᠭᠷᠠᠮ ᠤᠭᠤᠷᠠᠭ ᠤᠨ ᠰᠢᠪᠳᠤᠷᠳᠤ ᠬᠦᠴᠢᠯ ᠪᠤᠯᠤᠨ ᠪᠠᠭ᠎ᠠ | ᠬᠡᠮᠵᠢᠶᠠᠨ ᠤ ᠸᠢᠲ᠋ᠠᠮᠢᠨ ᠨᠡᠮᠡᠵᠦ ᠦᠭᠪᠡᠯ ᠲᠠᠪᠤᠨ ᠵᠢᠩ ᠪᠤᠷᠳᠤᠭ᠎ᠠ ᠠᠷᠪᠢᠯᠠᠵᠤ ᠴᠢᠳᠠᠨ᠎ᠠ᠃ ᠪᠠᠰᠠ ᠲᠠᠬᠢᠶ᠎ᠠ ᠲᠡᠵᠢᠭᠡᠬᠦ | ᠲᠠᠯᠬ᠎ᠠ ᠪᠠᠷ ᠲᠡᠵᠢᠭᠡᠵᠦ ᠲᠠᠬᠢᠶᠠᠨ ᠮᠢᠬ᠎ᠠ ᠶᠢ ᠨᠡᠮᠡᠭᠳᠡᠭᠦᠯᠵᠦ ᠪᠤᠯᠤᠨ᠎ᠠ᠃ ᠲᠠᠷᠤᠢ ᠲᠠᠬᠢᠶ᠎ᠠ ᠲᠡᠵᠢᠭᠡᠬᠦ ᠲᠠᠯᠬ᠎ᠠ ᠶᠢ | ᠪᠤᠷᠳᠤᠭ᠎ᠠ ᠲᠤᠳᠤᠷ᠎ᠠ ᠨᠢ ᠬᠤᠯᠢᠵᠤ ᠤᠰᠤ ᠪᠠᠷ ᠵᠢᠭᠤᠷᠠᠨ᠎ᠠ᠃ ᠨᠢᠭᠡ ᠲᠠᠬᠢᠶᠠᠨ ᠳᠤ ᠨᠢᠭᠡ ᠡᠳᠦᠷ ᠨᠢᠭᠡ ᠭᠷᠠᠮ ᠢᠶᠠᠷ᠂ | ᠬᠤᠶᠠᠷ ᠡᠳᠦᠷ ᠲᠤ ᠨᠢᠭᠡ ᠤᠳᠠᠭ᠎ᠠ ᠲᠡᠵᠢᠭᠡᠨ᠎ᠡ᠂ ᠪᠠᠷᠤᠭ ᠬᠠᠭᠠᠰ ᠰᠠᠷ᠎ᠠ ᠲᠡᠵᠢᠭᠡᠪᠡᠯ ᠲᠠᠬᠢᠶ᠎ᠠ ᠪᠦᠷᠢ ᠶᠢᠨ ᠪᠡᠶ᠎ᠡ ᠶᠢᠨ | ᠬᠦᠨᠳᠦ ᠨᠢ ᠲᠤᠮᠳᠠᠴᠢ ᠪᠠᠷ ᠡᠳᠦᠷ ᠪᠦᠷᠢ 25 — 50 ᠭᠷᠠᠮ ᠨᠡᠮᠡᠭᠳᠡᠵᠦ᠂ ᠬᠤᠶᠠᠷ ᠰᠠᠷ᠎ᠠ ᠬᠢᠷᠢᠳᠡᠢ ᠲᠡᠵᠢᠭᠡᠪᠡᠯ | ᠪᠡᠶ᠎ᠡ ᠭᠦᠢᠴᠡᠭᠰᠡᠨ ᠲᠠᠬᠢᠶ᠎ᠠ ᠪᠤᠯᠵᠤ ᠬᠤᠳᠠᠯᠳᠤᠴᠢᠬᠠᠳᠠᠭ᠂ ᠡᠨᠡ ᠲᠠᠬᠢᠶᠠᠨ ᠤ ᠮᠢᠬ᠎ᠠ ᠨᠢ ᠵᠦᠭᠡᠯᠡᠨ ᠮᠦᠷᠳᠡᠭᠡᠨ | ᠠᠮᠳᠠᠳᠠᠢ ᠪᠠᠶᠢᠳᠠᠭ᠂ ᠲᠦᠷᠦᠭᠦᠴᠢ ᠶᠢᠨ ᠵᠢᠯ ᠳᠤ ᠲᠠᠬᠢᠶ᠎ᠠ ᠪᠦᠷᠢ ᠶᠢ ᠲᠠᠯᠠᠨ ᠲᠦᠭᠦᠷᠢᠭ ᠢᠶᠠᠷ 400 | ᠬᠤᠳᠠᠯᠳᠤᠭᠰᠠᠨ᠂ ᠬᠤᠶᠠᠳᠤᠭᠠᠷ ᠵᠢᠯ ᠳᠤ ᠨᠢ 800 ᠬᠤᠳᠠᠯᠳᠤᠭᠰᠠᠨ᠂ ᠡᠨᠡ ᠵᠢᠯ ᠪᠠᠰᠠ 400 ᠬᠤᠳᠠᠯᠳᠤᠭᠰᠠᠨ᠂ | ᠦᠨᠳᠡᠭᠡᠨ ᠲᠠᠬᠢᠶ᠎ᠠ ᠦᠨᠳᠡᠭᠡᠯᠡᠬᠦ ᠬᠤᠭᠤᠴᠠᠭᠠᠨ ᠳᠤ ᠪᠠᠨ 60 — 70 ᠦᠨᠳᠡᠭᠡ ᠬᠤᠷᠢᠶᠠᠳᠠᠭ ᠪᠠᠶᠢᠭᠰᠠᠨ᠂ | ᠡᠭᠦᠨ ᠠᠴᠠ ᠭᠠᠭᠴᠠ ᠲᠠᠷᠢᠶ᠎ᠠ ᠶᠢ ᠲᠦᠰᠢᠬᠦ ᠪᠠᠷ ᠢᠶᠠᠨ ᠬᠡᠳᠦᠨ ᠲᠠᠯ᠎ᠠ ᠪᠠᠷ ᠤᠷᠤᠯᠭ᠎ᠠ ᠪᠠᠨ ᠨᠡᠮᠡᠭᠳᠡᠭᠦᠯᠬᠦ ᠨᠢ | ᠵᠦᠢᠳᠡᠢ ᠭᠡᠵᠦ ᠪᠤᠳᠤᠭᠰᠡᠨ ᠮᠢᠨᠢ ᠵᠦᠪ ᠪᠤᠯᠵᠠᠢ︾ ᠭᠡᠵᠦ ᠪᠠᠶᠠᠷᠯᠠᠨ ᠶᠠᠷᠢᠯ᠎ᠠ᠃ | ᠶᠠᠮᠠᠷ ᠠᠵᠢᠯ ᠢ ᠬᠢᠭᠰᠡᠨ ᠴᠤ ᠲᠠᠷᠢᠬᠢ ᠲᠤᠯᠤᠭᠠᠢ ᠪᠠᠨ ᠢᠯᠡᠭᠦᠬᠡᠨ ᠬᠦᠳᠡᠯᠭᠡᠵᠦ᠂ ᠵᠦᠪ ᠲᠠᠨᠢᠯᠳᠠ ᠲᠠᠢ | ᠪᠠᠶᠢᠪᠠᠯ ᠵᠦᠪ ᠠᠮᠢᠳᠤᠷᠠᠬᠤᠢ ᠶᠢᠨ ᠦᠷᠳᠡᠭ ᠢ ᠭᠠᠷᠭᠠᠵᠤ ᠳᠡᠶᠢᠯᠦᠨ᠎ᠡ᠃ ᠲᠡᠷᠡ ᠠᠮᠢᠳᠤᠷᠠᠯ ᠲᠤᠮᠳᠠ ᠪᠠᠨ ᠨᠤᠭᠤᠷᠠᠯ | ᠪᠦᠳᠦᠷᠢᠯ ᠳᠤ ᠤᠴᠠᠷᠠᠭᠰᠠᠨ ᠪᠤᠯᠪᠠᠴᠤ ᠬᠠᠳᠠᠭᠤ ᠵᠤᠷᠢᠭ᠂ ᠬᠤᠯᠠ ᠶᠢᠨ ᠬᠠᠷᠠᠯᠳᠠ ᠲᠠᠢ ᠪᠠᠶᠢᠵᠤ᠂ ᠨᠠᠰᠤᠳᠠᠢ | ᠡᠵᠢ ᠪᠠᠨ ᠰᠠᠶᠢᠨ ᠠᠰᠠᠷᠠᠨ ᠬᠦᠨᠳᠦᠳᠭᠡᠵᠤ᠂ ᠠᠩᠭ᠎ᠠ ᠬᠡᠦᠬᠡᠳ ᠢᠶᠠᠨ ᠰᠠᠶᠢᠨ ᠬᠦᠮᠦᠵᠢᠭᠦᠯᠵᠦ ᠶᠠᠪᠤᠨ᠎ᠠ᠃ | ᠪᠠᠳᠠᠷᠠᠯᠳᠤ᠄ ︽ᠪᠢᠳᠠ ᠲᠠᠬᠢᠶ᠎ᠠ ᠲᠡᠵᠢᠭᠡᠭᠡᠳ ᠰᠠᠶ᠋ᠢ ᠪᠠᠶᠠᠵᠢᠯ ᠤᠨ ᠵᠠᠮ ᠢᠶᠠᠨ ᠤᠯᠵᠤ ᠪᠠᠶᠢᠨ᠎ᠠ᠂ ᠬᠡᠳᠦᠨ ᠵᠢᠯ ᠤᠨ | ᠡᠪᠡᠳᠴᠢᠨ ᠲᠠᠬᠤᠯ ᠤᠨ ᠲᠠᠷᠴᠢᠯᠭᠠᠯ ᠠᠴᠠ ᠪᠤᠯᠵᠤ ᠠᠮᠢᠳᠤᠷᠠᠯ ᠬᠦᠴᠢᠷᠳᠡᠯᠳᠡᠢ ᠪᠤᠯᠪᠠ᠂ ᠡᠨᠡᠬᠦ ᠪᠠᠶᠢᠳᠠᠯ ᠳᠤ ᠪᠢ | ᠦᠵᠡᠯᠳᠡ ᠳᠠᠨᠢᠯᠳᠠ ᠪᠠᠨ ᠬᠤᠪᠢᠷᠠᠭᠤᠯᠵᠤ᠂ ᠲᠠᠬᠢᠶ᠎ᠠ ᠲᠡᠵᠢᠭᠡᠵᠦ ᠦᠷᠡᠵᠢᠭᠦᠯᠬᠦ ᠦᠢᠯᠡᠰ ᠢ ᠡᠷᠭᠢᠯᠡᠭᠰᠡᠨ ᠠᠴᠠ | ᠠᠮᠢᠳᠤᠷᠠᠯ ᠶᠠᠪᠤᠬᠤ ᠳᠤᠳᠤᠮ ᠦᠭᠡᠳᠡᠯᠡᠨ ᠰᠠᠶᠢᠵᠢᠷᠠᠯ᠎ᠠ᠂ ᠵᠤᠷᠢᠭ ᠲᠠᠢ ᠪᠤᠯ ᠵᠤᠷᠢᠯᠭ᠎ᠠ ᠳᠠᠭᠠᠨ ᠬᠦᠷᠳᠡᠭ ᠭᠡᠳᠡᠭ ᠢᠶᠠᠷ | ᠪᠢᠳᠡ ᠴᠢᠷᠮᠠᠶᠢᠨ ᠠᠵᠢᠯᠯᠠᠪᠠᠯ ᠬᠦᠭᠵᠢᠯᠳᠡ ᠶᠢᠨ ᠵᠠᠮ ᠨᠡᠩ ᠦᠷᠭᠡᠨ ᠪᠤᠯᠬᠤ ᠨᠢ ᠯᠠᠪᠳᠠᠢ︾ ᠭᠡᠵᠤ ᠢᠷᠡᠭᠡᠳᠦᠢ ᠳᠡᠭᠡᠨ | ᠢᠳᠡᠭᠡᠯ ᠳᠡᠭᠦᠯᠳᠡᠷ ᠶᠠᠷᠢᠨ᠎ᠠ ᠪᠢᠯᠡ︕ | · |