ᠲᠦᠰᠢᠶᠡᠳᠦ ᠬᠤᠰᠢᠭᠤᠨ ᠲᠠᠬᠢ ᠤᠯᠠᠭ᠎ᠠ ᠦᠷᠳᠡᠭᠡ
ᠨᠡᠶᠢᠲᠡᠯᠡᠭᠰᠡᠨ ᠴᠠᠭ᠄
2018-07-06
   ᠴᠢᠩ ᠤᠯᠤᠰ ᠤᠨ ᠦᠶ᠎ᠡ ᠶᠢᠨ ᠮᠤᠩᠭᠤᠯ ᠤᠷᠣᠨ ᠤ ᠭᠤᠤᠯ ᠪᠤᠯᠬᠤ ᠵᠠᠮ ᠬᠠᠷᠢᠯᠴᠠᠭ᠎ᠠ ᠪᠣᠯ ᠤᠯᠠᠭ᠎ᠠ ᠦᠷᠳᠡᠭᠡ  ᠪᠤᠯᠤᠨ᠎ᠠ᠃ ᠭᠤᠪᠢ ᠶᠢᠨ ᠡᠮᠦᠨ᠎ᠡ ᠤᠮᠠᠷ᠎ᠠ ᠶᠢᠨ ᠬᠡᠳᠦᠨ ᠮᠢᠩᠭᠠᠨ ᠭᠠᠵᠠᠷ ᠲᠤ ᠤᠯᠠᠭ᠎ᠠ ᠦᠷᠳᠡᠭᠡ ᠬᠦᠨᠳᠡᠯᠡᠨ  ᠭᠤᠤᠯᠳᠣ ᠨᠡᠪᠳᠡᠷᠡᠵᠦ᠂ ᠪᠠᠶᠢᠯᠳᠣᠭᠠᠨ ᠤ ᠦᠶᠡᠰ ᠤᠨ ᠴᠡᠷᠢᠭ ᠤᠨ ᠴᠠᠯᠢᠩ ᠬᠦᠯᠥᠰᠦ᠂ ᠠᠮᠤ ᠪᠤᠳᠠᠭ᠎ᠠ᠂ ᠵᠤᠭᠤᠰ  ᠵᠤᠭ᠎ᠠ᠂ ᠫᠤᠤ ᠵᠡᠪᠰᠡᠭ ᠢ ᠬᠦᠷᠭᠡᠬᠦ᠂ ᠴᠡᠷᠢᠭ ᠤᠨ ᠨᠢᠭᠤᠴᠠ ᠮᠡᠳᠡᠭᠡ ᠲᠠᠮᠵᠢᠭᠤᠯᠬᠤ᠂ ᠡᠩ ᠤᠨ ᠴᠠᠭ ᠤᠨ ᠬᠠᠭᠠᠨ  ᠤᠷᠳᠣᠨ ᠤ ᠵᠤᠤ ᠪᠢᠴᠢᠭ ᠢ ᠪᠠᠭᠤᠯᠭᠠᠬᠤ ᠪᠠ ᠣᠷᠣᠨ ᠨᠤᠳᠤᠭ ᠤᠨ ᠨᠤᠶᠠᠳ ᠲᠦᠰᠢᠮᠡᠳ ᠤᠨ ᠠᠯᠪᠠᠨ ᠠᠶᠢᠯᠠᠳᠬᠠᠯ  ᠵᠢᠴᠢ ᠠᠷᠠᠯᠵᠢᠶ᠎ᠡ ᠬᠤᠳᠠᠯᠳᠣᠭᠠᠨ ᠳᠤ ᠪᠤᠳᠠᠰ ᠤᠨ ᠵᠦᠭᠡᠭᠡᠪᠦᠷᠢᠯᠡᠯᠳᠡ ᠵᠡᠷᠭᠡ ᠨᠢ ᠴᠦᠮ ᠤᠯᠠᠭ᠎ᠠ ᠦᠷᠳᠡᠭᠡ ᠳᠤ  ᠲᠦᠰᠢᠭᠯᠡᠳᠡᠭ ᠪᠠᠶᠢᠵᠠᠢ᠃     ᠡᠩᠭᠡ ᠠᠮᠤᠭᠤᠯᠠᠩ᠂ ᠲᠡᠭᠷᠢ ᠲᠡᠳᠭᠦᠭᠴᠢ ᠶᠢᠨ ᠦᠶ᠎ᠡ ᠳᠤ᠂ ᠴᠢᠩ ᠤᠯᠤᠰ ᠠᠴᠠ ᠮᠤᠩᠭᠤᠯ ᠤᠷᠣᠨ ᠳᠤ ᠶᠡᠭᠡ  ᠤᠯᠠᠨ ᠤᠯᠠᠭ᠎ᠠ ᠦᠷᠳᠡᠭᠡ ᠪᠠᠶᠢᠭᠤᠯᠪᠠ᠃ ᠦᠪᠤᠷ ᠮᠤᠩᠭᠤᠯ ᠲᠤ ᠨᠡᠶᠢᠰᠯᠡᠯ ᠢᠶᠠᠷ ᠲᠦᠪ ᠪᠤᠯᠭᠠᠨ ᠪᠠᠶᠠᠰᠬᠤᠯᠠᠩ  ᠬᠠᠳᠠᠳᠣ ᠬᠠᠭᠠᠯᠭ᠎ᠠ ︵ᠰᠢ ᠹᠧᠩ ᠺᠸᠤ︶ ᠶᠢᠨ ᠦᠷᠳᠡᠭᠡ᠂ ᠮᠤᠯᠳᠣᠰᠢ ᠬᠠᠭᠠᠯᠭ᠎ᠠ ︵ᠬᠦ ᠪᠸᠢ ᠺᠸᠤ︶ ᠶᠢᠨ  ᠦᠷᠳᠡᠭᠡ᠂ ᠦᠷᠦᠭᠡᠰᠦᠨ ᠴᠢᠯᠠᠭᠤᠨ ᠬᠠᠭᠠᠯᠭ᠎ᠠ ︵ ᠲᠤ ᠱᠢ ᠺᠸᠤ︶ ᠶᠢᠨ ᠦᠷᠳᠡᠭᠡ᠂ ᠴᠢᠭᠤᠯᠤᠯᠳᠣ ᠬᠠᠭᠠᠯᠭ᠎ᠠ ︵ ᠵᠠᠩ ᠵᠢᠶᠠ ᠺᠸᠤ︶ ᠶᠢᠨ ᠦᠷᠳᠡᠭᠡ᠂ ᠱᠦᠷᠭᠡᠢ ᠬᠠᠭᠠᠯᠭ᠎ᠠ ︵ᠱᠠ ᠬᠦ ᠺᠸᠤ︶ ᠶᠢᠨ ᠦᠷᠳᠡᠭᠡ ᠵᠠᠮ ᠵᠡᠷᠭᠡ ᠲᠠᠪᠤᠨ  ᠦᠷᠳᠡᠭᠡ ᠵᠠᠮ ᠪᠠᠶᠢᠭᠤᠯᠪᠠ᠃ ᠡᠳᠡᠭᠡᠷ ᠲᠠᠪᠤᠨ ᠶᠡᠭᠡ ᠦᠷᠳᠡᠭᠡ ᠵᠠᠮ ᠨᠢ ᠪᠦᠬᠦ ᠦᠪᠤᠷ ᠮᠤᠩᠭᠤᠯ ᠤᠷᠣᠨ ᠢ  ᠦᠨᠳᠦᠰᠦᠨ ᠳᠤ ᠪᠠᠨ ᠬᠤᠯᠪᠤᠭᠰᠠᠨ ᠪᠠᠶᠢᠨ᠎ᠠ᠃ ᠵᠠᠮ ᠪᠦᠷᠢ ᠳᠤ ᠪᠠᠭ᠎ᠠ ᠳᠤ ᠪᠠᠨ 6 ᠦᠷᠳᠡᠭᠡ᠂ ᠤᠯᠠᠨ ᠳᠤ ᠪᠠᠨ  16 ᠦᠷᠳᠡᠭᠡ ᠲᠠᠢ ᠪᠦᠭᠡᠳ 300 — 750 ᠨᠡᠷᠡᠰ ᠦᠷᠳᠡᠭᠡᠨ ᠠᠯᠪᠠᠳᠣ ᠲᠠᠢ ᠪᠠᠶᠢᠳᠠᠭ᠃ ᠦᠷᠳᠡᠭᠡ  ᠪᠦᠷᠢ ᠳᠤ ᠦᠷᠳᠡᠭᠡ ᠬᠠᠮᠢᠶᠠᠷᠬᠤ ᠮᠤᠩᠭᠤᠯ ᠲᠤᠰᠠᠯᠠᠭᠴᠢ ᠲᠦᠰᠢᠮᠡᠯ ᠨᠢᠭᠡ ᠬᠦᠮᠦᠨ᠂ ᠪᠢᠴᠢᠭᠡᠴᠢ ᠬᠤᠶᠡᠷ ᠬᠦᠮᠦᠨ ᠢ  ᠲᠤᠮᠢᠯᠠᠨ ᠬᠠᠭᠠᠯᠭ᠎ᠠ ᠪᠤᠭᠤᠮᠳᠠ ᠳᠤ ᠰᠠᠭᠤᠯᠭᠠᠨ ᠦᠷᠳᠡᠭᠡᠴᠢᠨ ᠬᠢᠭᠡᠳ ᠦᠷᠳᠡᠭᠡᠨ ᠤ ᠠᠯᠪᠠ ᠶᠢ ᠬᠠᠮᠢᠶᠠᠷᠣᠭᠤᠯᠳᠠᠭ  ᠪᠠᠶᠢᠪᠠ᠃ ᠤᠯᠠᠭ᠎ᠠ ᠦᠷᠳᠡᠭᠡ ᠳᠤ ᠬᠦᠳᠡᠯᠮᠤᠷᠢᠯᠡᠳᠡᠭ ᠨᠢ ᠴᠦᠮ ᠮᠤᠩᠭᠤᠯ ᠤᠨ ᠠᠯᠪᠠᠳᠣ ᠨᠡᠷ ᠶᠤᠮ᠃ ᠲᠡᠳᠡᠨᠡᠷ  ᠦᠩᠭᠡᠷᠡᠨ ᠭᠠᠷᠬᠤ ᠠᠯᠪᠠᠨ ᠤ ᠬᠦᠮᠦᠰ ᠲᠤ ᠬᠤᠨᠤᠭ ᠪᠠ ᠬᠤᠭᠤᠯᠠ ᠬᠠᠩᠭᠠᠬᠤ ᠶᠢᠨ ᠬᠠᠮᠳᠣ᠂ ᠲᠡᠷᠭᠡ ᠮᠤᠷᠢ ᠵᠡᠷᠭᠡ  ᠵᠠᠮ ᠬᠠᠷᠢᠯᠴᠠᠭᠠᠨ ᠤ ᠪᠠᠭᠠᠵᠢ ᠪᠡᠯᠡᠳᠭᠡᠨ ᠦᠭᠴᠦ᠂ ᠡᠳ᠋ ᠪᠠᠷᠠᠭ᠎ᠠ᠂ ᠪᠢᠴᠢᠭ ᠮᠠᠲᠧᠷᠢᠶᠠᠯ᠂ ᠰᠣᠷᠠᠭ ᠮᠡᠳᠡᠭᠡ  ᠲᠠᠮᠵᠢᠭᠤᠯᠵᠦ᠂ ᠤᠯᠠᠭ᠎ᠠ ᠦᠷᠳᠡᠭᠡ ᠪᠠᠷ ᠶᠠᠪᠤᠭᠴᠢᠳ ᠢ ᠨᠠᠭᠠᠰᠢ ᠴᠠᠭᠠᠰᠢ ᠬᠦᠷᠭᠡᠵᠦ ᠲᠤᠰᠬᠤ ᠵᠡᠷᠭᠡ ᠨᠦᠰᠡᠷ  ᠬᠦᠨᠳᠦ ᠠᠯᠪᠠ ᠬᠠᠭᠠᠬᠤ ᠮᠦᠷᠳᠡᠭᠡᠨ ᠠᠮᠢᠳᠣᠷᠠᠯ ᠢᠶᠠᠨ ᠪᠠᠰᠠ ᠦᠪᠡᠷ ᠢᠶᠠᠨ ᠬᠠᠮᠢᠶᠠᠷᠣᠨ᠎ᠠ᠃ ᠲᠡᠳᠡᠨᠡᠷ ᠪᠠᠰᠠ  ᠦᠷᠳᠡᠭᠡ ᠪᠠᠷ ᠦᠩᠭᠡᠷᠡᠨ ᠭᠠᠷᠬᠤ ᠨᠤᠶᠠᠳ ᠤᠨ ᠪᠤᠯᠢᠶᠡᠨ ᠲᠡᠭᠡᠷᠡᠮᠳᠡᠯ ᠳᠤ ᠦᠷᠭᠦᠯᠵᠢ ᠤᠴᠠᠷᠠᠵᠦ᠂    ᠡᠪ  ᠦᠭᠡᠶᠢᠳᠡᠪᠡᠯ ᠡᠯᠳᠡᠭᠳᠡᠨ ᠲᠠᠰᠢᠭᠤᠷᠳᠠᠭᠳᠠᠵᠦ ᠠᠬᠤᠢ ᠪᠠᠶᠢᠳᠠᠯ ᠨᠢ ᠲᠦᠢᠯ ᠤᠨ ᠡᠮᠭᠡᠨᠢᠯᠳᠡᠢ ᠪᠠᠶᠢᠳᠠᠭ᠃   ᠴᠢᠩ ᠤᠯᠤᠰ ᠤᠨ ᠵᠠᠰᠠᠭ ᠤᠨ ᠤᠷᠳᠣᠨ ᠤ ᠮᠤᠩᠭᠤᠯ ᠣᠷᠣᠨ ᠳᠠᠬᠢ ᠨᠤᠶᠠᠷᠬᠠᠯ ᠢᠶᠠᠨ ᠬᠠᠮᠠᠭᠠᠯᠠᠬᠤ ᠶᠢᠨ  ᠲᠦᠯᠥᠭᠡ ᠪᠠᠶᠢᠭᠤᠯᠤᠭᠰᠠᠨ ᠦᠷᠳᠡᠭᠡ ᠵᠠᠮ ᠤᠳ ᠨᠢ ᠪᠤᠰᠣᠳᠴᠢ ᠲᠡᠭᠡᠷ᠎ᠡ ᠪᠠᠨ ᠮᠤᠩᠭᠤᠯ ᠤᠷᠣᠨ ᠬᠢᠭᠡᠳ ᠲᠤᠳᠣᠷ  ᠤᠷᠣᠨ ᠤ ᠬᠤᠭᠤᠷᠣᠨᠳᠣᠬᠢ ᠠᠵᠦ ᠠᠬᠤᠢ ᠶᠢᠨ ᠬᠠᠷᠢᠯᠴᠠᠭ᠎ᠠ ᠶᠢ ᠴᠢᠩᠭᠠᠳᠬᠠᠬᠤ ᠦᠢᠯᠡᠳᠦᠯ ᠭᠠᠷᠭᠠᠪᠠ᠃ ᠲᠡᠷᠡ  ᠦᠶ᠎ᠡ ᠶᠢᠨ ᠡᠯ᠎ᠡ ᠭᠠᠵᠠᠷ ᠤᠨ ᠦᠷᠳᠡᠭᠡ ᠵᠠᠮ ᠨᠢ ᠦᠨᠳᠦᠰᠦᠨ ᠳᠤ ᠪᠠᠨ ᠪᠦᠷ ᠬᠤᠳᠠᠯᠳᠣᠭᠠᠨ ᠤ ᠵᠠᠮ ᠪᠤᠯᠵᠦ  ᠪᠠᠶᠢᠭᠰᠠᠨ ᠶᠤᠮ᠃    ᠴᠢᠩ ᠤᠯᠤᠰ ᠤᠨ ᠲᠦᠪ ᠵᠠᠰᠠᠭ ᠤᠨ ᠲᠠᠯ᠎ᠠ ᠠᠴᠠ ᠭᠠᠳᠠᠭᠠᠳᠣ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ  ᠶᠠᠮᠤᠨ ᠬᠢᠭᠡᠳ ᠴᠡᠷᠢᠭ ᠤᠨ ᠶᠠᠮᠤᠨ ᠠᠴᠠ ᠤᠯᠠᠭ᠎ᠠ ᠥᠷᠳᠡᠭᠡ ᠶᠢ ᠡᠷᠬᠢᠯᠡᠨ ᠬᠠᠮᠢᠶᠠᠷᠴᠦ᠂ ᠤᠷᠣᠨ ᠨᠤᠳᠤᠭ ᠤᠨ  ᠵᠠᠩᠵᠤᠨ᠂ ᠳᠦᠲᠦᠩ᠂ ᠰᠠᠶᠢᠳ ᠲᠤ ᠰᠢᠭᠤᠳ ᠬᠤᠪᠢᠶᠠᠨ ᠵᠠᠬᠢᠷᠣᠭᠤᠯᠪᠠ᠃ ᠡᠬᠦᠨ ᠤ ᠬᠠᠮᠳᠣ᠂ ᠪᠠᠰᠠ ᠤᠯᠠᠭ᠎ᠠ  ᠥᠷᠳᠡᠭᠡ ᠶᠢᠨ ᠬᠠᠮᠢᠶᠠᠷᠣᠯᠳᠠ ᠶᠢᠨ ᠲᠤᠬᠠᠢ ᠨᠡᠯᠢᠶᠡᠳ ᠪᠦᠷᠢᠨ ᠪᠦᠳᠦᠨ ᠲᠦᠷᠢᠮ ᠲᠤᠭᠳᠠᠭᠠᠯ ᠲᠤᠭᠳᠠᠭᠠᠭᠰᠠᠨ  ᠪᠠᠶᠢᠨ᠎ᠠ᠃ ᠤᠯᠠᠭ᠎ᠠ ᠥᠷᠳᠡᠭᠡ ᠪᠠᠷ ᠶᠠᠪᠤᠭᠴᠢᠳ ᠡᠷᠭᠡᠪᠰᠢ ᠫᠢᠶᠤᠤ ᠲᠡᠮᠳᠡᠭ ᠪᠠᠶᠢᠬᠤ ᠬᠡᠷᠡᠭᠳᠡᠢ︔ ᠴᠡᠷᠢᠭ  ᠵᠠᠰᠠᠭ ᠤᠨ ᠨᠤᠶᠠᠳ ᠠᠯᠪᠠᠨ ᠤ ᠪᠤᠰᠣ ᠶᠠᠪᠤᠳᠠᠯ ᠢᠶᠠᠷ ᠤᠯᠠᠭ᠎ᠠ ᠥᠷᠳᠡᠭᠡ ᠶᠢ ᠬᠡᠷᠡᠭᠯᠡᠵᠦ ᠪᠤᠯᠬᠤ ᠦᠭᠡᠢ︔ ᠤᠯᠠᠭ᠎ᠠ  ᠥᠷᠳᠡᠭᠡ ᠪᠠᠷ ᠶᠠᠪᠤᠭᠴᠢᠳ ᠤᠯᠠᠭ᠎ᠠ ᠥᠷᠳᠡᠭᠡ ᠶᠢ ᠬᠢᠬᠠᠨ ᠪᠤᠯᠢᠶᠠᠵᠦ ᠪᠤᠯᠬᠤ ᠦᠭᠡᠢ︔ ᠤᠯᠠᠭ᠎ᠠ ᠥᠷᠳᠡᠭᠡ ᠶᠢᠨ  ᠲᠠᠯ᠎ᠠ ᠠᠴᠠ ᠲᠤᠭᠳᠠᠭᠠᠯ ᠶᠤᠰᠣᠭᠠᠷ ᠭᠠᠷᠬᠤ ᠬᠦᠮᠦᠰ ᠲᠤ ᠤᠯᠠᠭ᠎ᠠ ᠶᠢᠨ ᠮᠤᠷᠢ ᠪᠠ ᠰᠢᠭᠦᠰᠦᠨ ᠤ ᠬᠤᠨᠢ ᠵᠢᠴᠢ  ᠬᠤᠨᠤᠭ ᠬᠠᠩᠭᠠᠵᠦ ᠦᠭᠬᠦ ᠬᠡᠷᠡᠭᠳᠡᠢ ᠭᠡᠵᠡᠢ᠃    1692 ᠤᠨ ᠳᠤ ᠴᠢᠩ ᠤᠯᠤᠰ ᠤᠨ ᠵᠠᠰᠠᠭ ᠤᠨ ᠭᠠᠵᠠᠷ ᠠᠴᠠ ᠪᠡᠭᠡᠵᠢᠩ ᠠᠴᠠ ᠪᠠᠶᠠᠰᠬᠤᠯᠠᠩ ᠬᠠᠳᠠᠳᠣ  ᠬᠠᠭᠠᠯᠭ᠎ᠠ ᠪᠠᠷ ᠥᠩᠭᠡᠷᠡᠬᠦ ᠬᠤᠷᠴᠢᠨ ᠤ ᠡᠯ᠎ᠡ ᠬᠤᠰᠢᠭᠤ ᠬᠥᠷᠬᠦ ᠮᠤᠩᠭᠤᠯ ᠥᠷᠳᠡᠭᠡ ᠶᠢ ᠪᠠᠶᠢᠭᠤᠯᠪᠠ᠃  ᠲᠦᠰᠢᠶᠡᠳᠦ ᠬᠤᠰᠢᠭᠤ ᠪᠠᠷ ᠦᠩᠭᠡᠷᠡᠵᠦ ᠪᠠᠶᠢᠭᠰᠠᠨ ᠪᠠᠶᠠᠰᠬᠤᠯᠠᠩ ᠬᠠᠳᠠᠳᠣ ᠬᠠᠭᠠᠯᠭ᠎ᠠ ᠪᠠᠷ ᠨᠡᠪᠳᠡᠷᠡᠬᠦ ᠵᠠᠮ ᠨᠢ  ᠨᠡᠶᠢᠳᠡ 18 ᠤᠯᠠᠭ᠎ᠠ ᠦᠷᠳᠡᠭᠡ ᠲᠠᠢ᠃ ᠡᠭᠦᠨ ᠤ ᠲᠤᠳᠣᠷ᠎ᠠ 2 ᠦᠷᠳᠡᠭᠡ ᠨᠢ ᠲᠤᠰ ᠬᠤᠰᠢᠭᠤᠨ ᠤ ᠬᠢᠯᠢ ᠳᠤ  ᠪᠠᠶᠢᠪᠠ᠃ ᠳᠣᠰ ᠬᠤᠰᠢᠭᠤ ᠶᠢᠨ ᠬᠢᠯᠢ ᠳᠤ ᠪᠤᠷᠤ ᠡᠷᠬᠢ ︵ᠤᠳᠣ ᠶᠢᠨ ᠪᠠᠷᠠᠭᠤᠨ ᠳᠠᠪᠢᠨ︶᠂ ᠨᠤᠮᠴᠢ ᠶᠢᠨ ᠬᠠᠭ ︵ ᠤᠳᠣ ᠶᠢᠨ ᠵᠡᠭᠦᠨ ᠳᠠᠪᠢᠨ︶ ᠬᠤᠶᠠᠷ ᠥᠷᠳᠡᠭᠡ ᠶᠢ ᠪᠠᠶᠢᠭᠤᠯᠪᠠ᠃     ᠮᠤᠩᠭᠤᠯ ᠤᠯᠠᠭ᠎ᠠ ᠦᠷᠳᠡᠭᠡ ᠪᠠᠶᠢᠭᠤᠯᠤᠭᠳᠠᠭᠰᠠᠨ ᠤ ᠡᠬᠢ ᠪᠠᠷ᠂ ᠦᠷᠳᠡᠭᠡ ᠪᠦᠷᠢ ᠳᠤ 50 ᠵᠠᠷᠣᠴᠠ  ᠲᠤᠬᠢᠷᠠᠭᠤᠯᠵᠤ᠂ ᠮᠤᠷᠢ ᠦᠭᠡᠷ ᠬᠤᠨᠢ ᠪᠠᠷ ᠦᠷᠳᠡᠭᠡᠨ ᠤ ᠰᠦᠢᠳᠭᠡᠯ ᠬᠢᠨ᠎ᠡ᠃ ᠦᠷᠳᠡᠭᠡ ᠪᠦᠷᠢ ᠳᠤ ᠨᠢᠭᠡ  ᠪᠤᠱᠤᠭᠤ ᠲᠤᠬᠢᠷᠠᠭᠤᠯᠵᠦ᠂ ᠰᠡᠭᠦᠯ ᠳᠤ ᠨᠡᠮᠡᠭᠡᠳ 2 ᠬᠦᠮᠦᠨ ᠪᠤᠯᠭᠠᠵᠦ᠂ ᠦᠷᠳᠡᠭᠡᠨ ᠤ ᠶᠠᠪᠤᠳᠠᠯ ᠢ  ᠬᠠᠮᠢᠶᠠᠷᠣᠭᠤᠯᠪᠠ᠂ ᠦᠷᠳᠡᠭᠡ ᠪᠦᠷᠢ ᠳᠤ 50 ᠮᠤᠩᠭᠤᠯ ᠦᠨᠳᠣᠰᠣᠳᠡᠨ ᠤ ᠡᠷᠦᠭᠡ ᠰᠠᠭᠤᠷᠢᠰᠢᠵᠦ ᠴᠡᠷᠢᠭ ᠤᠨ  ᠠᠯᠪᠠ ᠬᠠᠭᠠᠳᠠᠭ ᠪᠠᠶᠢᠭᠰᠠᠨ ᠠᠴᠠ ᠭᠠᠵᠠᠷ ᠤᠨ ᠨᠡᠷ᠎ᠡ ᠪᠤᠯᠵᠤ᠂ ᠲᠠᠪᠢᠨ ᠦᠷᠳᠡᠭᠡ ᠭᠡᠪᠡ᠃ ᠲᠠᠷᠣᠢ ᠲᠠᠪᠢᠨ  ᠡᠷᠦᠭᠡ ᠶᠢᠨ ᠦᠷᠳᠡᠭᠡ ᠭᠡᠰᠡᠨ ᠤᠳᠬ᠎ᠠ ᠲᠠᠢ ᠦᠭᠡ ᠪᠤᠯᠤᠨ᠎ᠠ᠃ ᠴᠢᠩ ᠤᠯᠤᠰ ᠤᠨ ᠥᠶ᠎ᠡ ᠳᠤ ᠲᠦᠰᠢᠶᠡᠳᠦ ᠬᠤᠰᠢᠭᠤ ᠨᠢ ᠵᠢᠷᠢᠮ ᠠᠶᠢᠮᠠᠭ ᠤᠨ ᠭᠤᠤᠯ ᠬᠡᠰᠡᠭ ᠣᠷᠣᠨ ᠪᠠᠶᠢᠵᠦ᠂  ᠠᠶᠢᠮᠠᠭ ᠤᠨ ᠡᠯ᠎ᠡ ᠬᠤᠰᠢᠭᠤ ᠬᠤᠭᠤᠷᠤᠨᠳᠣ ᠪᠠᠨ ᠵᠡᠭᠦᠨ ᠥᠵᠥᠮᠥᠴᠢᠨ ᠲᠠᠢ ︽ᠬᠠᠭᠤᠷᠠᠢ ᠵᠠᠮ︾ ᠢᠶᠠᠷ  ᠨᠡᠪᠳᠡᠷᠡᠯᠴᠡᠵᠤ᠂ ᠨᠡᠶᠢᠰᠯᠡᠯ ᠳᠤ ᠤᠷᠤᠬᠤ ᠭᠡᠪᠡᠯ ᠮᠤᠩᠭᠤᠯ ᠤᠯᠠᠭ᠎ᠠ ᠥᠷᠳᠡᠭᠡ ᠶᠢ ᠳᠠᠮᠵᠢᠨ ᠪᠠᠶᠠᠰᠬᠤᠯᠠᠩ ᠬᠠᠳᠠᠳᠣ  ᠬᠠᠭᠠᠯᠭ᠎ᠠ ᠪᠠᠷ ᠥᠩᠭᠡᠷᠡᠬᠦ ᠪᠤᠶᠤ ᠸᠠᠩ ᠨᠤᠶᠠᠨ ᠤ ᠠᠯᠪᠠ ᠪᠠᠷᠢᠬᠤ ᠵᠠᠮ ᠢᠶᠠᠷ ᠱᠠᠨᠠᠬ᠎ᠠ ᠪᠤᠭᠤᠮᠳᠠ ᠪᠠᠷ ᠥᠩᠭᠡᠷᠡᠨ᠎ᠡ᠃  ᠳᠣᠬᠠᠢ ᠶᠢᠨ ᠥᠶ᠎ᠡ ᠳᠤ ᠵᠠᠮ ᠳᠡᠭᠡᠭᠡᠪᠤᠷᠢ ᠨᠢ ᠭᠤᠤᠯᠳᠠᠭᠤ ᠮᠤᠷᠢ ᠤᠨᠤᠬᠤ᠂ ᠳᠡᠮᠡᠭᠡ ᠪᠠᠷ ᠠᠴᠢᠬᠤ ᠪᠠ ᠬᠠᠩᠬᠠᠢ  ᠳᠡᠷᠭᠡ ᠶᠢ ᠠᠰᠢᠭᠯᠠᠵᠤ ᠪᠠᠶᠢᠵᠠᠢ ᠃ ᠵᠠᠬᠢᠳᠠᠯ ᠴᠢᠮᠡᠭᠡ ᠪᠠ ᠰᠣᠷᠠᠭ ᠵᠠᠩᠭᠢ ᠶᠢ ᠭᠤᠤᠯᠳᠠᠭᠤ ᠮᠤᠩᠭᠤᠯ ᠤᠯᠠᠭ᠎ᠠ  ᠥᠷᠳᠡᠭᠡ ᠲᠤ ᠲᠥᠰᠢᠭᠯᠡᠨ ᠳᠠᠮᠵᠢᠭᠤᠯᠵᠤ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号