︽ᠲᠡᠯᠡᠬᠡᠢ ᠶᠢᠨ ᠡᠬᠡ ᠬᠡᠯᠡᠨ ᠤ ᠡᠳᠤᠷ︾ ᠤᠨ ᠢᠷᠡᠯᠳᠠ
ᠨᠡᠶᠢᠲᠡᠯᠡᠭᠰᠡᠨ ᠴᠠᠭ᠄
2018-07-06
    ᠵᠢᠯ ᠪᠦᠷᠢ ᠶᠢᠨ 2 ᠳ᠋ᠤᠭᠠᠷ ᠰᠠᠷ᠎ᠠ ᠶᠢᠨ 21 ᠤ ᠡᠳᠤᠷ ᠪᠤᠯ ︽ᠲᠡᠯᠡᠬᠡᠢ ᠶᠢᠨ ᠡᠬᠡ ᠬᠡᠯᠡᠨ ᠤ ᠡᠳᠤᠷ︾  ᠪᠤᠯᠤᠨ᠎ᠠ᠃ ᠲᠡᠭᠡᠪᠡᠯ ᠡ᠊ᠨᠠ ᠡᠳᠤᠷ ᠤᠨ ᠢᠷᠠᠯᠳᠠ ᠶᠠᠮᠠᠷ ᠤᠴᠢᠷ ᠤᠳᠬ᠎ᠠ ᠲᠠᠢ ᠪᠤᠢ᠃     1999 ᠤᠨ ᠤ 11 ᠳ᠋ᠤᠭᠡᠷ ᠰᠠᠷ᠎ᠠ ᠳᠤ ᠤᠯᠠᠨ ᠤᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ ᠰᠤᠶᠤᠯ  ᠰᠤᠷᠭᠠᠨ ᠬᠦᠮᠦᠵᠢᠯ ᠤᠨ ᠵᠤᠬᠢᠶᠠᠨ ᠪᠠᠶᠢᠭᠤᠯᠤᠯᠳᠠ ᠶᠢᠨ ᠡᠩ ᠤᠨ ᠶᠡᠭᠡ ᠬᠤᠷᠠᠯ ᠠᠴᠠ 2000 ᠤᠨ ᠠᠴᠠ ᠡᠬᠢᠯᠡᠨ  ᠵᠢᠯ ᠪᠤᠯᠭᠠᠨ ᠤ 2 ᠳ᠋ᠤᠭᠠᠷ ᠰᠠᠷ᠎ᠠ ᠶᠢᠨ 21 ᠤ ᠡᠳᠤᠷ ᠢ ︽ᠲᠡᠯᠡᠬᠡᠢ ᠶᠢᠨ ᠡᠬᠡ ᠬᠡᠯᠡᠨ ᠤ ᠡᠳᠤᠷ︾ ᠪᠤᠯᠭᠠᠨ  ᠲᠡᠮᠳᠡᠭᠯᠡᠬᠦ ᠶᠢ ᠲᠤᠩᠬᠠᠭᠯᠠᠵᠤ᠂ ᠡᠬᠡ ᠬᠡᠯᠡ ᠪᠠᠨ ᠲᠦᠭᠡᠮᠡᠯᠵᠢᠬᠦᠯᠬᠦ ᠬᠦᠳᠡᠯᠭᠡᠭᠡᠨ ᠢ ᠠᠬᠢᠭᠤᠯᠵᠤ᠂ ᠪᠦᠬᠦ ᠪᠦᠮᠪᠤᠷᠴᠡᠭ  ᠲᠡᠭᠡᠷᠡᠬᠢ ᠤᠯᠠᠩᠬᠢ ᠬᠡᠯᠡᠨ ᠤ ᠤᠰᠠᠳᠬᠤ ᠶᠢ ᠵᠤᠭᠰᠤᠭᠠᠬᠤ ᠶᠢ ᠵᠤᠷᠢᠵᠠᠢ᠃     2 ᠳ᠋ᠤᠭᠠᠷ ᠰᠠᠷ᠎ᠠ ᠶᠢᠨ 21 ᠤ ᠡᠳᠤᠷ ᠢ ᠡᠬᠡ ᠬᠡᠯᠡᠨ ᠤ ᠡᠳᠤᠷ ᠢᠶᠠᠷ ᠲᠤᠭᠳᠠᠭᠠᠭᠰᠠᠨ ᠤᠴᠢᠷ ᠨᠢ ᠲᠤᠬᠠᠢ ᠶᠢᠨ  ᠦᠶ᠎ᠠ ᠶᠢ ᠪᠧᠩᠭᠠᠯ ᠤᠯᠤᠰ ᠤᠨ ᠲᠤᠰᠠᠭᠠᠷ ᠲᠤᠭᠳᠠᠨᠢᠯ ᠲᠠᠢ ᠬᠤᠯᠪᠤᠭ᠎ᠠ ᠲᠠᠢ᠃ 1952 ᠤᠨ ᠳᠤ ᠫᠠᠺᠢᠰᠲ᠋ᠠᠨ ᠤ  ᠬᠠᠷᠢᠶᠠᠨ ᠳᠤ ᠪᠠᠶᠢᠭᠰᠠᠨ ᠪᠧᠩᠭᠠᠯᠴᠤᠳ ᠦᠪᠠᠷ ᠤᠨ ᠡᠬᠡ ᠬᠡᠯᠡ ᠪᠠᠨ ᠠᠯᠪᠠᠨ ᠤ ᠬᠡᠯᠡ ᠪᠤᠯᠭᠠᠬᠤ ᠪᠠᠷ ᠵᠠᠰᠠᠭ ᠤᠨ  ᠤᠷᠳᠤᠨ ᠳᠤ ᠪᠠᠨ ᠱᠠᠭᠠᠷᠳᠠᠵᠤ᠂ ᠰᠦᠷᠳᠤ ᠵᠢᠭᠰᠠᠭᠠᠯ ᠶᠠᠪᠤᠭᠤᠯᠤᠭᠰᠠᠨ ᠪᠠᠶᠢᠨ᠎ᠠ᠃ 2 ᠳ᠋ᠤᠭᠠᠷ ᠰᠠᠷ᠎ᠠ ᠶᠢᠨ 21 ᠤ  ᠡᠳᠤᠷ᠂ ᠴᠠᠭᠳᠠᠭᠠᠨ ᠤ ᠲᠠᠯ ᠎ᠠ ᠶᠢᠨ ᠬᠢᠨ ᠡᠬᠡ ᠬᠡᠯᠡᠨ ᠤ ᠪᠠᠨ ᠲᠦᠯᠤᠭᠡ ᠵᠢᠭᠰᠠᠭᠠᠯ ᠶᠠᠪᠤᠭᠤᠯᠤᠭᠰᠠᠨ ᠬᠤᠥᠷ ᠭᠡᠮ  ᠦᠭᠡᠢ ᠤᠯᠠᠨ ᠲᠦᠮᠡᠨ ᠤ ᠦᠭᠡᠳᠠ ᠠᠴᠠ ᠵᠡᠪᠰᠡᠭ ᠬᠦᠳᠡᠯᠭᠡᠨ᠂ ᠵᠢᠭᠰᠠᠭᠠᠯ ᠶᠠᠪᠤᠭᠤᠯᠤᠭᠰᠠᠨ ᠲᠠᠪᠤᠨ ᠬᠦᠮᠤᠨ ᠤ  ᠠᠮᠢ ᠶᠢ ᠬᠤᠷᠤᠭᠠᠵᠠᠢ᠃ ᠬᠤᠵᠢᠮ ᠨᠢ ᠪᠧᠩᠭᠠᠯ ᠤᠯᠤᠰ ᠲᠤᠰᠠᠭᠠᠷ ᠲᠤᠭᠳᠠᠨᠢᠭᠰᠠᠨ ᠤ ᠲᠠᠷᠠᠭ᠎ᠠ᠂ ᠲᠡᠳᠡᠭᠡᠷ ᠠᠮᠢ  ᠦᠷᠡᠭᠳᠡᠭᠰᠡᠳ ᠢᠶᠠᠨ ︽ᠡᠬᠡ ᠬᠡᠯᠡᠨ ᠤ ᠪᠠᠭᠠᠳᠤᠷ︾ ᠢᠶᠠᠷ ᠡᠷᠬᠦᠮᠵᠢᠯᠡᠭᠰᠡᠨ ᠪᠦᠭᠡᠳ ᠲᠤᠷᠠᠰᠬᠠᠯ ᠤᠨ ᠬᠦᠰᠢᠶ᠎ᠠ  ᠪᠤᠰᠬᠠᠵᠤ ᠦᠭᠬᠦᠭᠰᠡᠨ ᠪᠠᠶᠢᠳᠠᠭ᠃ 1953 ᠤᠨ ᠠᠴᠠ ᠡᠬᠢᠯᠡᠨ ᠡᠳᠤᠭᠡ ᠪᠤᠯᠳᠠᠯ᠎ᠠ ᠡ᠊ᠨᠠ ᠡᠳᠤᠷ ᠢ ᠪᠧᠩᠭᠠᠯ ᠤᠨ  ᠤᠯᠤᠰ ᠤᠨ ᠪᠠᠭᠠᠳᠤᠷᠴᠤᠳ ᠤᠨ ᠲᠤᠷᠠᠰᠬᠠᠯ ᠤᠨ ᠡᠳᠤᠷ ᠪᠤᠯᠭᠠᠵᠤ᠂ ᠡᠬᠡ ᠬᠡᠯᠡᠨ ᠤ ᠪᠠᠭᠠᠳᠤᠷᠴᠤᠳ ᠲᠠᠭᠠᠨ ᠡᠷᠬᠦᠬᠦ  ᠬᠠᠶᠢᠷ᠎ᠠ ᠬᠦᠨᠳᠤᠳᠭᠡᠯ ᠢᠶᠠᠷ ᠢᠶᠠᠨ ᠲᠡᠮᠵᠢᠭᠤᠯᠤᠨ᠂ ᠪᠧᠩᠭᠠᠯᠴᠤᠳ ᠤᠨ ᠢᠶᠠᠨ ᠡᠬᠡ ᠬᠡᠯᠡ᠂ ᠦᠪ ᠰᠤᠶᠤᠯ ᠤᠨ  ᠲᠠᠨᠢᠯᠳᠠ ᠤᠬᠠᠮᠰᠠᠷ ᠢ ᠨᠢ ᠰᠡᠷᠬᠦᠭᠡᠨ ᠲᠠᠭᠤᠳᠠᠭᠰᠠᠭᠠᠷ ᠢᠷᠡᠭᠰᠡᠨ ᠶᠤᠮ᠃      ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ︾ ᠠᠴᠠ ᠰᠢᠯᠵᠢᠭᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号