ᠨᠢᠯᠬ᠎ᠠ ᠬᠡᠥᠭᠡᠳ ᠤᠨ ᠮᠤᠩᠭᠤᠯ ᠡᠮ ᠡᠮᠨᠡᠯᠭᠡ ᠶᠢᠨ ᠡᠷᠡᠬᠦᠯ ᠬᠠᠮᠠᠭᠠᠯᠠᠯ ᠤᠨ ᠵᠢᠯᠤᠭᠤᠳᠤᠯᠭ᠎ᠠ
ᠨᠡᠶᠢᠲᠡᠯᠡᠭᠰᠡᠨ ᠴᠠᠭ᠄
2018-08-17
    3 ᠰᠠᠷ᠎ᠠ ᠳᠠᠬᠢ ᠬᠡᠥᠭᠡᠳ ᠤᠨ ᠢᠳᠡᠭᠡᠨ ᠤᠮᠳᠠᠭᠠᠨ ᠤ ᠵᠢᠯᠤᠭᠤᠳᠤᠯᠭ᠎ᠠ    ᠨᠢᠯᠬ᠎ᠠ ᠬᠡᠥᠭᠡᠳ ᠪᠤᠯ ᠰᠦ ᠪᠠᠷ ᠭᠤᠤᠯ ᠢᠳᠡᠭᠡᠨ ᠪᠤᠯᠭᠠᠳᠠᠭ᠃ ᠰᠦ ᠠᠴᠠ ᠤᠨᠳᠤᠤ ᠨᠡᠮᠡᠭᠰᠡᠨ ᠢᠳᠡᠭᠡᠨ ᠢ ᠨᠦᠬᠦᠪᠤᠷᠢ ᠢᠳᠡᠭᠡᠨ ᠭᠡᠨ᠎ᠡ᠃ ᠨᠢᠯᠬ᠎ᠠ ᠬᠡᠥᠭᠡᠳ ᠤᠨ ᠳᠠᠰᠤᠷᠠᠯᠳᠠ ᠦᠬᠡᠢ ᠦᠰᠥᠨ ᠪᠤᠶᠢᠵᠢᠬᠤ ᠶᠢ ᠳᠠᠭᠠᠯᠳᠥᠨ ᠬᠦᠳᠡᠯᠭᠡᠭᠡᠨ ᠨᠢ ᠨᠡᠮᠡᠭᠳᠡᠬᠦ ᠪᠦᠭᠡᠳ ᠰᠢᠩᠭᠡᠭᠡᠯᠳᠡ ᠶᠢᠨ ᠬᠦᠴᠥᠨ ᠨᠢ ᠤᠯᠠᠮ ᠢᠶᠠᠷ ᠳᠡᠬᠦᠯᠳᠡᠷᠵᠢᠵᠤ᠂ ᠢᠳᠡᠭᠡᠨ ᠤ ᠬᠡᠮᠵᠢᠶ᠎ᠡ ᠨᠢ ᠠᠷᠪᠢᠳᠬᠤ ᠲᠤᠯᠠ ᠭᠠᠭᠴᠠᠬᠦ ᠰᠦ ᠪᠠᠷ ᠳᠡᠵᠢᠭᠡᠪᠡᠯ ᠪᠡᠶ᠎ᠡ ᠶᠢᠨ ᠰᠢᠮ᠎ᠡ ᠳᠡᠵᠢᠭᠡᠯ ᠤᠨ ᠬᠡᠷᠡᠭᠴᠡᠭᠡ ᠶᠢ ᠬᠥᠢᠴᠡᠳ ᠬᠠᠨᠭ᠍ᠭᠠᠵᠤ ᠴᠢᠳᠠᠬᠤ ᠦᠬᠡᠢ ᠪᠤᠯᠳᠠᠭ᠂ ᠡᠶᠢᠮᠥ ᠠᠴᠠ ᠨᠦᠬᠦᠪᠤᠷᠢ ᠢᠳᠡᠭᠡᠨ ᠨᠡᠮᠡᠵᠤ ᠢᠳᠡᠬᠦᠯᠬᠦ ᠬᠡᠷᠡᠭᠳᠡᠢ᠃    ᠨᠦᠬᠦᠪᠤᠷᠢ ᠢᠳᠡᠭᠡᠨ ᠢ ᠨᠡᠮᠡᠵᠤ ᠢᠳᠡᠬᠦᠯᠬᠦ ᠳᠡᠭᠡᠨ ᠨᠢᠯᠬ᠎ᠠ ᠬᠡᠥᠭᠡᠳ ᠤᠨ ᠭᠠᠯ ᠤᠨ ᠢᠯᠴᠢ ᠪᠠ ᠰᠢᠩᠭᠡᠭᠡᠯᠳᠡ ᠶᠢᠨ ᠴᠢᠳᠠᠪᠤᠷᠢ ᠶᠢ ᠦᠨᠳᠥᠰᠥᠯᠡᠵᠤ᠂ ᠢᠳᠡᠭᠡᠨ ᠢ ᠴᠦᠭᠡᠨ ᠠᠴᠠ ᠠᠷᠪᠢᠨ᠂ ᠰᠢᠩᠭᠡᠨ ᠠᠴᠠ ᠦᠳᠭᠡᠨ ᠂ ᠨᠠᠷᠢᠯᠢᠭ ᠠᠴᠠ ᠪᠦᠳᠥᠬᠦᠯᠢᠭ᠂ ᠨᠢᠭᠡ ᠵᠥᠢᠯ ᠠᠴᠠ ᠤᠯᠠᠨ ᠵᠥᠢᠯ ᠢ ᠨᠡᠮᠡᠵᠤ ᠢᠳᠡᠬᠦᠯᠬᠦ ᠵᠠᠷᠴᠢᠮ ᠢ ᠪᠠᠷᠢᠮᠳᠠᠯᠠᠬᠤ ᠬᠡᠷᠡᠭᠳᠡᠢ᠃    ᠬᠡᠥᠭᠡᠳ ᠲᠤ ᠨᠦᠬᠦᠪᠤᠷᠢ ᠢᠳᠡᠭᠡᠨ ᠬᠠᠪᠰᠤᠷᠠᠭᠤᠯᠥᠨ ᠢᠳᠡᠬᠦᠯᠬᠦ ᠳᠡᠭᠡᠨ 1 — 3 ᠰᠠᠷ᠎ᠠ ᠶᠢᠨ ᠨᠢᠯᠬ᠎ᠠ ᠬᠡᠥᠭᠡᠳ ᠪᠤᠯ ᠪᠤᠳᠠᠭᠠᠨ ᠰᠦᠮᠥᠰᠥ᠂ ᠦᠭᠡᠷ ᠤᠨ ᠮᠢᠬ᠎ᠠ ᠶᠢᠨ ᠰᠤᠯᠠᠪᠳᠥᠷ ᠱᠦᠯᠥ ᠪᠤᠯᠤᠨ ᠬᠤᠨᠢᠨ ᠮᠢᠬᠠᠨ ᠤ ᠰᠤᠯᠠᠪᠳᠥᠷ ᠱᠦᠯᠥ ᠵᠡᠷᠭᠡ ᠶᠢ ᠡᠳᠥᠷ ᠤᠨ ᠬᠤᠶᠠᠷ ᠤᠳᠠᠭ᠎ᠠ᠂ ᠤᠳᠠᠭ᠎ᠠ ᠪᠦᠷᠢ ᠨᠢᠭᠡ ᠬᠠᠯᠪᠠᠭ᠎ᠠ ᠪᠠᠷ ᠤᠤᠭᠤᠯᠭᠠᠨ᠎ᠠ ᠃ ᠳᠠᠳᠤᠭᠰᠠᠨ ᠤ ᠰᠡᠬᠦᠯᠡᠷ ᠰᠠᠶ᠋ᠢ ᠴᠠᠳᠳᠠᠯ᠎ᠠ ᠤᠤᠭᠤᠯᠭᠠᠵᠤ ᠪᠤᠯᠤᠨ᠎ᠠ᠃ 4 — 6 ᠰᠠᠷ᠎ᠠ ᠶᠢᠨ ᠦᠶᠡᠰ ᠲᠤ ᠡᠬᠢᠯᠡᠨ ᠦᠭᠡᠷ ᠬᠤᠨᠢᠨ ᠮᠢᠬᠠᠨ ᠤ ᠳᠠᠯᠬ᠎ᠠ᠂ ᠵᠦᠭᠡᠯᠡᠨ ᠬᠤᠷᠤᠳ᠂ ᠰᠢᠷ᠎ᠠ ᠲᠤᠰᠥ᠂ ᠦᠷᠥᠮ᠎ᠠ᠂ ᠰᠢᠩᠭᠡᠨ ᠪᠤᠳᠠᠭ᠎ᠠ᠂ ᠦᠨᠳᠡᠭᠡᠨ ᠰᠢᠷ᠎ᠠ᠂ ᠵᠢᠭᠠᠰᠥᠨ ᠮᠢᠬᠠᠨ ᠤ ᠤᠢᠢᠷᠠᠮ᠎ᠠ ᠵᠡᠷᠭᠡ ᠶᠢ ᠨᠡᠮᠡᠵᠤ ᠢᠳᠡᠬᠦᠯᠥᠨ᠎ᠡ᠃ ᠡᠬᠦᠨ ᠳᠤ ᠡᠳᠥᠷ ᠲᠤ ᠬᠤᠶᠠᠷ ᠤᠳᠠᠭ᠎ᠠ᠂ ᠤᠳᠠᠭ᠎ᠠ ᠪᠦᠷᠢ 1 — 2 ᠬᠠᠯᠪᠠᠭ᠎ᠠ ᠪᠠᠷ ᠪᠠᠭ᠎ᠠ ᠪᠠᠭ᠎ᠠ ᠪᠠᠷ ᠨᠡᠮᠡᠵᠤ ᠢᠳᠡᠬᠦᠯᠥᠨ᠎ᠠ᠂ ᠬᠡᠬᠦ ᠳᠡᠭᠡᠨ ᠪᠦᠷ ᠰᠠᠶᠢᠳᠥᠷ ᠴᠢᠨᠠᠵᠤ ᠪᠤᠯᠭᠤᠬᠤ ᠬᠡᠷᠡᠭᠳᠡᠢ᠃ 7 — 9 ᠰᠠᠷ᠎ᠠ ᠳᠤ ᠳᠠᠬᠢᠶᠠᠨ ᠦᠨᠳᠡᠭᠡ᠂ ᠵᠦᠭᠡᠯᠡᠨ ᠭᠤᠯᠢᠷ ᠤᠨ ᠬᠤᠭᠤᠯᠠ᠂ ᠦᠭᠡᠷ ᠤᠨ ᠮᠢᠬᠠᠨ ᠤ ᠳᠠᠯᠬ᠎ᠠ ᠪᠤᠯᠤᠨ ᠵᠢᠭᠠᠰᠥᠨ ᠮᠢᠬ᠎ᠠ᠂ ᠨᠠᠷᠢᠨ ᠬᠡᠷᠴᠢᠭᠰᠡᠨ ᠨᠤᠭᠤᠭ᠎ᠠ᠂ ᠪᠤᠯᠭᠤᠭᠰᠠᠨ ᠲᠦᠮᠥᠰᠥ᠂ ᠪᠤᠭᠤᠷᠰᠤᠭ ᠤᠨ ᠵᠥᠢᠯ ᠢ ᠳᠡᠷᠡ ᠬᠡᠪ ᠢᠶᠠᠷ ᠨᠢ ᠪᠠᠭ᠎ᠠ ᠪᠠᠭ᠎ᠠ ᠪᠠᠷ ᠨᠠᠮᠠᠵᠤ ᠢᠳᠡᠬᠦᠯᠥᠨ᠎ᠠ᠃ 10 — 12 ᠰᠠᠷ᠎ᠠ ᠠᠴᠠ ᠡᠬᠢᠯᠡᠵᠤ ᠵᠦᠭᠡᠯᠡᠨ ᠴᠢᠨᠠᠭᠰᠠᠨ ᠬᠤᠯᠢᠮᠠᠭ ᠢᠳᠡᠭᠡᠨ ᠠᠴᠠ ᠠᠯᠢ ᠶᠢ ᠨᠢ ᠪᠤᠯᠪᠠᠴᠥ ᠪᠠᠭ᠎ᠠ ᠪᠠᠭ᠎ᠠ ᠪᠠᠷ ᠦᠭᠴᠥ ᠪᠤᠯᠤᠨ᠎ᠠ᠃    3 ᠰᠠᠷ᠎ᠠ ᠳᠠᠬᠢ ᠬᠡᠥᠭᠡᠳ ᠤᠨ ᠶᠠᠪᠤᠳᠠᠯ ᠮᠦᠷ ᠤᠨ ᠵᠢᠯᠤᠭᠤᠳᠤᠯᠭ᠎ᠠ    ᠨᠢᠯᠬ᠎ᠠ ᠬᠡᠥᠭᠡᠳ ᠤᠨ ᠦᠶ᠎ᠡ ᠳᠤ ᠬᠡᠥᠭᠡᠳ ᠤᠨ ᠪᠡᠶ᠎ᠡ ᠶᠢᠨ ᠭᠤᠷᠪᠠᠨ ᠮᠠᠬᠠᠪᠤᠳ ᠤᠨ ᠳᠠᠯ᠎ᠠ ᠪᠠᠷ ᠪᠠᠳᠭᠠᠨ ᠴᠢᠨᠠᠷ ᠪᠠᠶᠢᠳᠠᠭ᠃ ᠨᠢᠯᠬ᠎ᠠ ᠬᠡᠥᠭᠡᠳ ᠬᠦᠡᠭᠭᠡᠵᠢᠭᠳᠡᠭᠰᠡᠨ ᠰᠠᠷ᠎ᠠ ᠠᠴᠠ ᠡᠬᠢᠯᠡᠨ ᠭᠠᠳᠠᠭᠠᠳᠥ ᠤᠷᠴᠢᠨ ᠠᠬᠤᠢ ᠲᠠᠢ ᠬᠠᠪᠢᠳᠤᠵᠤ ᠪᠡᠶ᠎ᠡ ᠶᠢᠨ ᠭᠤᠷᠪᠠᠨ ᠮᠠᠬᠠᠪᠤᠳ ᠨᠢ ᠪᠡᠶ᠎ᠡ ᠪᠠᠨ ᠳᠠᠭᠠᠭᠠᠭᠰᠠᠨ ᠠᠵᠢᠯᠯᠠᠭ᠎ᠠ ᠪᠠᠨ ᠡᠬᠢᠯᠡᠨ᠎ᠡ᠃ ᠳᠤᠬᠠᠢᠢᠯᠠᠪᠠᠯ᠄ ᠠᠮᠢᠰᠬᠤᠯ ᠤᠨ ᠪᠤᠢ ᠪᠤᠯᠬᠤ᠂ ᠴᠢᠰᠥᠨ ᠡᠷᠬᠢᠯᠳᠡ ᠬᠤᠪᠢᠷᠠᠬᠤ᠂ ᠰᠦ ᠬᠦᠬᠦᠬᠦ ᠪᠠ ᠰᠢᠩᠭᠡᠭᠡᠯᠳᠡ ᠶᠢᠨ ᠠᠵᠢᠯᠯᠠᠭ᠎ᠠ ᠡᠬᠢᠯᠡᠬᠦ ᠵᠡᠷᠭᠡ ᠬᠤᠪᠢᠷᠠᠯᠳᠠ ᠡᠬᠦᠰᠬᠦ ᠲᠤᠯᠠ ᠶᠠᠪᠤᠳᠠᠯ ᠮᠦᠷ ᠤᠨ ᠳᠠᠯ᠎ᠠ ᠪᠠᠷ ᠤᠨᠴᠠᠭᠠᠢᠢᠯᠠᠨ ᠠᠰᠠᠷᠠᠵᠤ ᠠᠩᠬᠠᠷᠬᠤ ᠬᠡᠷᠡᠭᠳᠡᠢ᠃    1. ᠪᠡᠶ᠎ᠡ ᠶᠢᠨ ᠳᠤᠯᠠᠭᠠᠨ ᠢ ᠬᠠᠮᠠᠭᠠᠯᠠᠵᠤ ᠰᠢᠨ᠎ᠡ ᠰᠤᠷᠭᠤᠭ ᠠᠭᠤᠷ ᠠᠮᠢᠰᠬᠤᠯ ᠲᠠᠢ ᠤᠷᠴᠢᠨ ᠳᠤ ᠪᠠᠶᠢᠯᠭᠠᠬᠤ ᠬᠡᠷᠡᠭᠳᠡᠢ᠃ ᠨᠢᠯᠬ᠎ᠠ ᠬᠡᠥᠭᠡᠳ ᠪᠠᠯᠴᠢᠷ ᠪᠠᠭᠤᠷᠠᠢ ᠲᠤᠯᠠ ᠭᠠᠳᠠᠭᠠᠳᠥ ᠤᠷᠴᠢᠨ ᠠᠬᠤᠢ ᠶᠢᠨ ᠬᠠᠯᠠᠭᠤᠨ ᠬᠥᠢᠳᠡᠨ ᠠᠭᠤᠷ ᠠᠮᠢᠰᠬᠤᠯ ᠯᠤᠭ᠎ᠠ ᠵᠤᠬᠢᠴᠠᠬᠤ ᠴᠢᠳᠠᠪᠤᠷᠢ ᠪᠠᠷ ᠳᠤᠷᠤᠢ ᠪᠠᠶᠢᠳᠠᠭ᠃ ᠢᠯᠠᠩᠭᠤᠶ᠎ᠠ ᠪᠠᠳᠭᠠᠨ ᠮᠠᠬᠠᠪᠤᠳ ᠤᠨ ᠰᠢᠷᠥᠢ ᠤᠰᠥᠨ ᠤ ᠬᠦᠨᠳᠥ ᠬᠥᠢᠳᠡᠨ ᠪᠡᠯᠭᠡ ᠴᠢᠨᠠᠷ ᠠᠴᠠ ᠪᠤᠯᠵᠤ ᠪᠡᠭᠡᠷᠡᠭ᠂ ᠬᠥᠢᠳᠡᠨ ᠢ ᠡᠰᠡᠷᠬᠦᠴᠡᠬᠦ ᠬᠦᠴᠥᠨ ᠴᠢᠳᠠᠯ ᠢᠶᠠᠷ ᠮᠠᠭᠤ ᠤᠴᠢᠷ ᠠᠴᠠ ᠶᠡᠷᠥᠳᠡᠭᠡᠨ ᠭᠡᠷᠡᠯ ᠤᠨ ᠳᠤᠰᠤᠯᠳᠠ ᠪᠠᠷ ᠬᠥᠢᠴᠡᠳ᠂ ᠠᠭᠤᠷ ᠠᠮᠢᠰᠬᠤᠯ ᠢᠶᠠᠷ ᠰᠤᠷᠭᠤᠭ᠂ ᠠᠷᠢᠭᠤᠨ ᠴᠡᠪᠡᠷ᠂ ᠳᠤᠯᠠᠭᠠᠨ ᠪᠦᠯᠢᠶᠡᠨ ᠭᠡᠷ ᠲᠤ ᠪᠠᠶᠢᠯᠭᠠᠵᠤ᠂ ᠬᠡᠳᠥᠷᠬᠡᠢ ᠬᠤᠷᠴᠠ ᠬᠡᠷᠡᠯ ᠢ ᠦᠵᠡᠬᠦ ᠵᠡᠷᠭᠡ ᠠᠴᠠ ᠳᠡᠪᠴᠢᠬᠦ ᠬᠡᠷᠡᠭᠳᠡᠢ᠃ ᠰᠠᠶ᠋ᠢ ᠬᠦᠡᠭᠭᠡᠵᠢᠭᠳᠡᠭᠰᠡᠨ ᠨᠢᠯᠬ᠎ᠠ ᠬᠡᠥᠭᠡᠳ ᠭᠤᠤᠯᠳᠠᠭᠤ ᠦᠷᠥᠴᠡ ᠶᠢᠨ ᠪᠤᠯᠴᠢᠩ ᠢᠶᠠᠨ ᠲᠦᠰᠢᠵᠤ ᠠᠮᠢᠰᠬᠤᠬᠤ ᠪᠦᠭᠡᠳ ᠴᠡᠭᠡᠵᠢᠨ ᠪᠡᠶ᠎ᠡ ᠶᠢᠨ ᠬᠠᠪᠢᠷᠭ᠎ᠠ ᠪᠠ ᠬᠠᠪᠢᠷᠭᠠᠨ ᠪᠤᠯᠴᠢᠩ ᠤᠳ ᠨᠢ ᠵᠦᠭᠡᠯᠡᠨ ᠲᠤᠯᠠ ᠰᠤᠯᠠᠬᠠᠨ ᠪᠠᠭᠯᠠᠵᠤ ᠦᠯᠥᠬᠡᠶᠢᠳᠡᠬᠦ ᠬᠡᠷᠡᠭᠳᠡᠢ᠃ ᠳᠡᠩᠳᠡᠬᠦᠥ ᠴᠢᠩᠭ᠎ᠠ ᠪᠠᠭᠯᠠᠬᠤ ᠪᠤᠶᠤ ᠴᠢᠩᠭ᠎ᠠ ᠦᠯᠥᠬᠡᠶᠢᠳᠡᠪᠡᠯ ᠠᠮᠢᠰᠬᠤᠬᠤ ᠪᠠ ᠴᠢᠰᠥᠨ ᠡᠷᠬᠢᠯᠳᠡ ᠶᠢ ᠨᠢ ᠬᠠᠷᠰᠢᠯᠠᠨ᠎ᠠ᠃    2. ᠠᠷᠠᠰᠥ ᠮᠢᠬ᠎ᠠ ᠶᠢ ᠨᠢ ᠠᠷᠢᠭᠤᠨ ᠴᠡᠪᠡᠷ ᠪᠠᠶᠢᠯᠭᠠᠬᠤ ᠬᠡᠷᠡᠭᠳᠡᠢ᠃ ᠨᠢᠯᠬ᠎ᠠ ᠬᠡᠥᠭᠡᠳ ᠤᠨ ᠠᠷᠠᠰᠥ ᠮᠢᠬ᠎ᠠ ᠨᠢ ᠵᠦᠭᠡᠯᠡᠨ ᠨᠢᠷᠠᠢ᠂ ᠶᠡᠷᠥᠳᠡᠭᠡᠨ ᠪᠠᠭ᠎ᠠ ᠯᠠ ᠱᠦᠷᠬᠦᠭᠡᠭᠳᠡᠪᠡᠯ ᠬᠢᠯᠪᠠᠷᠬᠠᠨ ᠰᠢᠯᠪᠤᠷᠠᠬᠤ ᠲᠤᠯᠠ ᠴᠡᠪᠡᠷ ᠵᠦᠭᠡᠯᠡᠨ ᠪᠠᠭᠯᠠᠪᠴᠢ ᠪᠤᠶᠤ ᠬᠤᠪᠴᠠᠰᠥ ᠬᠤᠨᠠᠷ ᠢ ᠰᠤᠩᠭᠤᠵᠤ ᠬᠡᠷᠡᠭᠯᠡᠪᠡᠯ ᠰᠠᠶᠢᠨ ᠪᠠᠶᠢᠳᠠᠭ᠃ ᠨᠢᠭᠤᠴᠠ ᠪᠠ ᠪᠦᠭᠰᠡ ᠶᠢᠨ ᠬᠡᠰᠡᠭ ᠢ ᠪᠠᠭᠠᠰᠥ ᠰᠢᠭᠡᠰᠥᠨ ᠳᠤ ᠳᠡᠪᠳᠥᠭᠡᠭᠳᠡᠬᠦᠯᠬᠦ ᠦᠬᠡᠢ ᠶᠢᠨ ᠲᠤᠰᠠ ᠳᠤ ᠪᠠᠭᠯᠠᠪᠴᠢ ᠶᠢ ᠦᠷᠬᠦᠯᠵᠢ ᠤᠬᠢᠶᠠᠨ ᠰᠤᠯᠢᠵᠤ ᠪᠠᠶᠢᠬᠤ ᠬᠡᠷᠡᠭᠳᠡᠢ᠃ ᠡᠰᠡ ᠳᠡᠭᠡᠪᠡᠯ ᠪᠠᠭᠯᠠᠪᠴᠢ ᠬᠠᠳᠠᠭᠤᠷᠠᠵᠤ ᠪᠤᠵᠠᠷᠳᠥᠨ ᠠᠷᠠᠰᠥ ᠬᠦᠷᠥᠰᠥ ᠶᠢ ᠱᠦᠷᠬᠦᠭᠡᠵᠤ ᠰᠢᠷᠬᠠᠳᠠᠭᠤᠯᠥᠨ᠎ᠠ᠃ ᠬᠠᠯᠠᠭᠤᠨ ᠤ ᠴᠠᠭ ᠲᠤ ᠽᠠᠨᠳᠠᠨ ᠪᠤᠶᠤ ᠰᠠᠪᠤᠩᠳᠥ ᠪᠦᠯᠢᠶᠠᠨ ᠤᠰᠥ ᠪᠠᠷ ᠦᠷᠬᠦᠯᠵᠢ ᠪᠡᠶ᠎ᠡ ᠶᠢ ᠨᠢ ᠤᠬᠢᠶᠠᠵᠤ᠂ ᠬᠦᠵᠥᠬᠦᠥ᠂ ᠰᠤᠭᠤ᠂ ᠴᠠᠪᠢ ᠵᠡᠷᠭᠡ ᠠᠳᠤᠷᠢᠶ᠎ᠠ ᠠᠷᠪᠢᠨ ᠬᠡᠰᠡᠭ ᠲᠤᠨᠢ ᠦ ᠪᠤᠶᠤ ᠳᠡᠨᠡᠭᠡᠷ ᠤᠨ ᠨᠤᠨᠳᠠᠭ ᠰᠠᠴᠤᠵᠤ ᠦᠭᠬᠦᠨ᠎ᠠ᠃ ᠬᠡᠷᠪᠡ ᠪᠦᠭᠰᠡ ᠪᠠ ᠨᠢᠷᠤᠭᠤ ᠨᠢ ᠤᠯᠠᠶᠢᠵᠤ ᠬᠦᠪᠳᠥᠷᠥᠥ ᠭᠠᠷᠪᠠᠯ ᠳᠠᠪᠤᠰᠥ ᠲᠠᠢ ᠪᠦᠯᠢᠶᠡᠨ ᠤᠰᠥ ᠪᠠᠷ ᠤᠬᠢᠶᠠᠵᠤ ᠡᠭᠡᠭᠡᠷᠡᠭᠰᠡᠨ ᠤ ᠰᠡᠬᠦᠯᠡᠷ ᠬᠦᠨᠵᠢᠳ ᠪᠤᠶᠤ ᠪᠤᠷᠴᠠᠭ ᠤᠨ ᠲᠤᠰᠤ ᠲᠦᠷᠬᠢᠵᠤ ᠦᠭᠬᠦᠨ᠎ᠡ᠃    3. ᠬᠥᠢᠰᠥᠨ ᠬᠡᠰᠡᠭ ᠢ ᠰᠠᠶᠢᠳᠥᠷ ᠬᠠᠮᠠᠭᠠᠯᠠᠵᠤ ᠢᠳᠡᠭᠡᠯᠡᠬᠦ ᠠᠴᠠ ᠰᠡᠷᠬᠡᠶᠢᠯᠡᠬᠦ ᠬᠡᠷᠡᠭᠳᠡᠢ᠃ ᠨᠢᠯᠬ᠎ᠠ ᠬᠡᠥᠭᠡᠳ ᠤᠨ ᠬᠥᠢᠰᠥ ᠨᠢ ᠳᠠᠰᠤᠷᠠᠵᠤ ᠤᠨᠠᠬᠤ ᠠᠴᠠ ᠡᠮᠥᠨ᠎ᠡ ᠬᠥᠢᠰᠥ ᠶᠢ ᠨᠢ ᠪᠤᠭᠤᠭᠰᠠᠨ ᠱᠠ ᠪᠦᠰ ᠢ ᠳᠤᠷᠠᠪᠠᠷ ᠢᠷᠠᠵᠤ ᠦᠵᠡᠵᠤ ᠪᠤᠯᠬᠤ ᠦᠬᠡᠢ ᠪᠦᠭᠡᠳ ᠪᠡᠶ᠎ᠡ ᠶᠢ ᠨᠢ ᠤᠬᠢᠶᠠᠬᠤ ᠳᠠᠭᠠᠨ ᠬᠥᠢᠰᠥᠨ ᠬᠡᠰᠡᠭ ᠢ ᠨᠢ ᠨᠤᠷᠠᠭᠠᠬᠤ ᠠᠴᠠ ᠬᠢᠴᠢᠶᠡᠬᠦ ᠬᠡᠷᠡᠭᠳᠡᠢ᠃ ᠬᠥᠢᠰᠥ ᠨᠢ ᠳᠠᠰᠤᠷᠠᠵᠤ ᠤᠨᠠᠭᠰᠠᠨ ᠤ ᠰᠡᠬᠦᠯᠡᠷ᠂ ᠬᠡᠷᠪᠡ ᠬᠥᠢᠰᠥ ᠠᠴᠠ ᠨᠢ ᠰᠢᠬᠦᠰᠥ ᠭᠠᠷᠴᠥ᠂ ᠳᠤᠭᠤᠷᠢᠨ ᠳᠤᠨᠢ ᠤᠯᠠᠶᠢᠵᠤ ᠬᠠᠪᠤᠳᠤᠭᠰᠠᠨ ᠪᠤᠯ 75% ᠶᠢᠨ ᠰᠫᠢᠷᠲ ᠢᠶᠠᠷ ᠠᠷᠢᠭᠤᠳᠬᠠᠭᠰᠠᠨ ᠤ ᠳᠠᠷᠠᠭ᠎ᠠ ᠳᠠᠷᠠᠮ ᠪᠤᠯᠤᠨ ᠰᠢᠷ᠎ᠠ ᠮᠤᠳᠥᠨ ᠤ ᠳᠤᠷᠠᠰᠥᠨ ᠳᠠᠯᠬ᠎ᠠ ᠶᠢ ᠰᠠᠴᠤᠵᠤ ᠦᠭᠬᠦᠨ᠎ᠠ᠃ ᠬᠥᠢᠰᠥ ᠨᠢ ᠤᠨᠠᠭᠠᠳ ᠡᠷᠡᠬᠦᠯ ᠪᠤᠯᠤᠭᠰᠠᠨ ᠤ ᠰᠡᠬᠦᠯᠡᠷ ᠷᠦᠳᠠ ᠶᠢᠨ ᠳᠠᠯᠬ᠎ᠠ ᠶᠢ ᠰᠢᠷ᠎ᠠ ᠲᠤᠰᠥ ᠪᠤᠶᠤ ᠬᠦᠨᠵᠢᠳ ᠤᠨ ᠲᠤᠰᠥ ᠲᠠᠢ ᠨᠠᠶᠢᠷᠠᠭᠤᠯᠥᠨ ᠬᠠᠶᠠ ᠬᠥᠢᠰᠥᠨ ᠳᠤᠨᠢ ᠲᠦᠷᠬᠢᠵᠤ ᠪᠠᠶᠢᠪᠠᠯ ᠬᠤᠳᠤᠭᠤᠳᠥ ᠬᠡᠳᠡᠰᠥᠨ ᠤ ᠢᠯᠴᠢ ᠶᠢ ᠰᠡᠯᠪᠢᠵᠤ᠂ ᠬᠡᠢ ᠶᠢ ᠳᠠᠷᠤᠨ᠂ ᠰᠢᠩᠭᠡᠭᠡᠯᠳᠡ ᠶᠢ ᠰᠠᠶᠢᠵᠢᠷᠠᠭᠤᠯᠥᠨ᠎ᠠ᠃    4. ᠬᠠᠯᠳᠠᠪᠤᠷᠢᠳᠥ ᠡᠪᠡᠳᠴᠢᠨ ᠠᠴᠠ ᠰᠡᠷᠬᠡᠶᠢᠯᠡᠵᠤ᠂ ᠠᠶᠤᠵᠤ ᠰᠤᠴᠢᠬᠤ ᠠᠴᠠ ᠬᠢᠴᠢᠶᠡᠬᠦ ᠬᠡᠷᠡᠭᠳᠡᠢ᠃ ᠨᠢᠯᠬ᠎ᠠ ᠬᠡᠥᠭᠡᠳ ᠤᠨ ᠡᠯ᠎ᠡ ᠡᠷᠭᠡᠳᠡᠨ ᠪᠠ ᠮᠡᠳᠡᠷᠡᠯ ᠤᠨ ᠰᠢᠰᠲ᠋ᠧᠮ ᠨᠢ ᠴᠦᠮ ᠪᠦᠷᠢᠨ ᠪᠤᠶᠢᠵᠢᠵᠤ ᠬᠥᠢᠴᠡᠭᠡᠳᠥᠢ ᠲᠤᠯᠠ ᠠᠯᠢᠪᠠ ᠳᠠᠯ᠎ᠠ ᠶᠢ ᠨᠢ ᠪᠦᠷ ᠶᠡᠭᠡ ᠬᠦᠮᠥᠰ ᠠᠴᠠ ᠰᠠᠨᠠᠭᠠᠴᠢᠯᠠᠭ᠎ᠠ ᠲᠠᠢ ᠪᠠᠷ ᠦᠰᠴᠥ ᠪᠤᠶᠢᠵᠢᠬᠤ ᠳᠤᠨᠢ ᠠᠰᠢᠭᠳᠠᠢ ᠨᠦᠬᠦᠴᠡᠯ ᠢ ᠪᠦᠷᠢᠯᠳᠥᠬᠦᠯᠥᠨ ᠦᠭᠴᠥ᠂ ᠠᠰᠢᠭ ᠦᠬᠡᠢ ᠮᠠᠭᠤ ᠤᠴᠢᠷ ᠠᠴᠠ ᠳᠡᠪᠴᠢᠬᠦᠯᠬᠦ ᠬᠡᠷᠡᠭᠳᠡᠢ᠃            ︵︽ᠮᠤᠩᠭᠤᠯ ᠬᠢᠳᠡᠳ ᠡᠮ ᠡᠮᠨᠡᠯᠭᠡ ᠶᠢᠨ ᠦᠢᠯᠡᠴᠢᠯᠡᠭᠡ︾ ᠠᠴᠠ ᠪᠠᠭᠤᠯᠭᠠᠪᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号