ᠠᠮᠢᠳᠤᠷᠠᠯ ᠤᠨ ᠠᠶᠢᠵᠠᠮ ᠳᠦᠷᠭᠡᠨ᠂ ᠠᠵᠢᠯ ᠤᠨ ᠳᠠᠷᠤᠭᠠᠰᠤ ᠬᠦᠨᠳᠦ ᠠᠴᠠ ᠪᠤᠯᠵᠤ ᠤᠯᠠᠩᠭᠢ ᠬᠦᠮᠦᠨ ᠤ | ᠠᠵᠢᠯᠯᠠᠵᠤ ᠠᠮᠠᠷᠠᠬᠤ ᠨᠢ ᠵᠢᠮ᠎ᠠ ᠬᠠᠤᠯᠢ ᠦᠭᠡᠢ᠂ ᠢᠳᠡᠭᠡᠨ ᠤ ᠰᠢᠮ᠎ᠠ ᠳᠡᠵᠢᠭᠡᠯ ᠨᠢ ᠳᠡᠩᠴᠡᠭᠦᠷᠢ ᠦᠭᠡᠢ᠂ ᠳᠠᠪᠤᠰᠤ | ᠳᠤᠰᠤ ᠦᠭᠡᠬᠦ ᠡᠯᠪᠡᠭ ᠢᠳᠡᠭᠡᠨ ᠢᠳᠡᠬᠦ ᠨᠢ ᠢᠯᠡᠭᠦᠦ ᠪᠠᠶᠢᠭ᠎ᠠ ᠵᠡᠷᠭᠡ ᠠᠴᠠ ᠪᠤᠯᠵᠤ᠂ ᠬᠤᠳᠤᠭᠤᠳᠤ ᠡᠪᠭᠦ᠋ᠢᠷᠡᠬᠦ | ᠪᠠᠶᠢᠳᠠᠯ ᠪᠠᠷᠤᠭ ᠬᠦᠮᠦᠨ ᠪᠤᠯᠭᠠᠨ ᠢ ᠵᠤᠪᠠᠭᠠᠬᠤ ᠪᠤᠯᠵᠤ ᠪᠠᠶᠢᠨ᠎ᠠ᠃ ᠨᠠᠰᠤᠳᠠᠶᠢᠴᠤᠳ ᠤᠨ ᠪᠡᠶ᠎ᠡ ᠶᠢᠨ ᠴᠢᠳᠠᠪᠬᠢ | ᠪᠠᠭᠤᠷᠠᠵᠤ᠂ ᠴᠤᠯᠤ ᠰᠠᠪᠠ ᠨᠢ ᠦᠳᠡᠯᠦᠭᠡᠳ ᠬᠤᠳᠤᠭᠤᠳᠤ ᠡᠪᠭᠦ᠋ᠢᠷᠡᠬᠦ ᠨᠢ ᠡᠩ ᠤᠨ ᠶᠠᠪᠤᠳᠠᠯ ᠪᠤᠯᠵᠤ ᠪᠠᠶᠢᠳᠠᠭ | ᠪᠤᠯ ᠵᠠᠯᠠᠭᠤ ᠢᠳᠡᠷᠴᠦᠳ ᠭᠡᠰᠡᠨ ᠦᠭᠡᠢ ᠤᠯᠠᠩᠭᠢ ᠬᠦᠮᠦᠨ ᠤ ᠬᠤᠳᠤᠭᠤᠳᠤ ᠨᠡᠶᠢᠳᠡᠮ ᠳᠡᠭᠡᠨ ᠳᠡᠶᠢᠮᠦ ᠰᠠᠶᠢᠨ | ᠪᠢᠰᠢ ᠪᠠᠶᠢᠳᠠᠭ᠃ ᠶᠠᠬ ᠳᠡᠶᠢᠮᠦ ᠪᠤᠯᠬᠤᠷ ︽ᠬᠤᠳᠤᠭᠤᠳᠤ ᠪᠠᠨ ᠰᠤᠪᠢᠯᠠᠬᠤ︾ ᠤᠢᠢᠯᠠᠭᠠᠭᠳᠠᠬᠤᠨ ᠤᠢᠢᠷ᠎ᠠ ᠶᠢᠨ | ᠵᠢᠯ ᠳᠤ ᠤᠯᠠᠮ ᠢᠶᠠᠷ ᠵᠠᠢ ᠠᠪᠴᠤ᠂ ᠬᠤᠳᠤᠭᠤᠳᠤ ᠰᠤᠪᠢᠯᠠᠬᠤ ᠤᠯᠠᠨ ᠵᠦᠢᠯ ᠤᠨ ᠪᠦᠲᠦᠭᠡᠭᠳᠡᠭᠦᠨ ᠤ | ᠪᠤᠷᠤᠯᠠᠭᠤᠯᠭ᠎ᠠ ᠰᠠᠶᠢᠵᠢᠷᠠᠭᠰᠠᠭᠠᠷ ᠪᠠᠶᠢᠨ᠎ᠠ᠃ ᠳᠡᠭᠡᠪᠡᠯ ᠡᠳᠡᠭᠡᠷ ᠰᠤᠪᠢᠯᠠᠭ᠎ᠠ ᠶᠢᠨ ᠪᠦᠲᠦᠭᠡᠭᠳᠡᠭᠦᠨ ᠨᠢ ᠦᠨᠡᠭᠡᠷ | ᠬᠤᠳᠤᠭᠤᠳᠤ ᠳᠤ ᠳᠤᠰᠠᠳᠠᠢ ᠪᠤᠯᠪᠠᠤ᠂ ᠬᠦᠮᠦᠰ ᠤᠨ ᠬᠤᠳᠤᠭᠤᠳᠤ ᠪᠠᠨ ᠰᠤᠪᠢᠯᠠᠬᠤ ᠠᠷᠭ᠎ᠠ ᠬᠡᠯᠪᠡᠷᠢ ᠨᠢ ᠵᠦᠪ | ᠪᠠᠶᠢᠳᠠᠭ ᠪᠤᠯᠪᠠᠤ︖ | ▲ ᠡᠪᠡᠳᠴᠢᠨ ᠤ ᠢᠯᠡᠷᠡᠯ ᠢᠶᠠᠷ ᠰᠤᠪᠢᠯᠠᠬᠤ ᠡᠰᠡᠬᠦ ᠪᠠᠨ ᠳᠤᠭᠳᠠᠭᠠᠨ᠎ᠠ | ᠬᠤᠳᠤᠭᠤᠳᠤ ᠳᠡᠭᠡᠭᠰᠢ ᠪᠠᠨ ᠤᠯᠠᠭᠠᠨ ᠬᠤᠭᠤᠯᠠᠢ ᠳᠤᠭᠤᠭᠰᠢ ᠪᠠᠨ ᠨᠠᠷᠢᠨ ᠭᠡᠳᠡᠰᠦ ᠲᠠᠢ ᠬᠤᠯᠪᠤᠯᠳᠤᠵᠤ᠂ | ᠢᠳᠡᠭᠡᠨ ᠤ ᠵᠦᠢᠯ ᠢ ᠪᠤᠯᠪᠠᠰᠤᠷᠠᠭᠤᠯᠵᠤ ᠰᠢᠩᠭᠡᠭᠡᠵᠤ ᠪᠡᠶ᠎ᠡ ᠮᠠᠬᠠᠪᠤᠳ ᠲᠤ ᠰᠢᠮ᠎ᠠ ᠳᠡᠵᠢᠭᠡᠯ ᠪᠠ ᠡᠨᠧᠷᠭᠢ ᠬᠠᠩᠭᠠᠬᠤ | ᠶᠡᠭᠡ ᠡᠭᠦᠷᠭᠡ ᠶᠢ ᠳᠠᠭᠠᠭᠠᠵᠤ ᠪᠠᠶᠢᠳᠠᠭ᠃ | ︽ᠬᠤᠳᠤᠭᠤᠳᠤ ᠡᠪᠭᠦ᠋ᠢᠷᠡᠬᠦ ᠪᠤᠯ ᠨᠢᠭᠡ ᠵᠦᠢᠯ ᠤᠨ ᠤᠯᠠᠷᠢᠯ᠂ ᠴᠠᠭ᠂ ᠨᠠᠰᠤ ᠵᠢᠯ ᠤᠨ ᠢᠯᠭᠠᠭ᠎ᠠ ᠪᠠᠶᠢᠳᠠᠭ | ᠦᠭᠡᠢ ᠡᠪᠡᠳᠴᠢᠨ ᠤ ᠢᠯᠡᠷᠡᠯ ᠪᠤᠯᠤᠨ᠎ᠠ᠃ ᠰᠢᠩᠭᠡᠭᠡᠯᠳᠡ ᠶᠢᠨ ᠰᠠᠯᠠᠭᠠᠨ ᠳᠤ ᠡᠪᠡᠳᠴᠢᠨ ᠦᠵᠡᠭᠦᠯᠬᠦ ᠪᠠᠷ | ᠢᠷᠡᠭᠰᠡᠳ ᠤᠨ 60% ᠨᠢ ᠬᠤᠳᠤᠭᠤᠳᠤ ᠡᠪᠭᠦ᠋ᠢᠷᠡᠬᠦ ᠢᠯᠡᠷᠡᠯ ᠲᠠᠢ ᠪᠠᠶᠢᠳᠠᠭ︾ ᠭᠡᠵᠦ ᠴᠢᠩᠬᠤᠸᠠ ᠶᠡᠭᠡ | ᠰᠤᠷᠭᠠᠭᠤᠯᠢ ᠶᠢᠨ ᠬᠠᠷᠢᠶᠠᠳᠤ ᠪᠡᠭᠡᠵᠢᠩ ᠤᠨ ᠴᠢᠩᠬᠤᠸᠠ ᠴᠠᠩ ᠭᠧᠨ ᠡᠮᠨᠡᠯᠭᠡ ᠶᠢᠨ ᠬᠤᠷᠢᠶᠠᠨ ᠤ ᠰᠢᠩᠭᠡᠭᠡᠯᠳᠡ ᠶᠢᠨ | ᠳᠤᠳᠤᠷ ᠰᠠᠯᠠᠭᠠᠨ ᠤ ᠡᠷᠭᠢᠯᠡᠭᠴᠢ ᠡᠮᠴᠢ ᠳᠠᠩ ᠸᠧᠢ ᠬᠤᠩ ᠳᠠᠨᠢᠯᠴᠠᠭᠤᠯᠵᠤ ᠪᠠᠶᠢᠨ᠎ᠠ᠃ ᠬᠤᠳᠤᠭᠤᠳᠤ ᠨᠢ ᠳᠡᠭᠡᠷ᠎ᠡ | ᠳᠤᠤᠷᠠᠬᠢ ᠶᠢ ᠬᠤᠯᠪᠤᠬᠤ ᠪᠠᠶᠢᠷᠢᠨ ᠳᠤ ᠪᠠᠶᠢᠳᠠᠭ ᠪᠤᠯᠬᠤᠷ ᠠᠯᠢ ᠨᠢᠭᠡᠨ ᠡᠷᠭᠡᠳᠡᠨ ᠡᠪᠡᠳᠴᠢᠯᠡᠭᠰᠡᠨ ᠴᠤ᠂ | ᠵᠢᠱᠢᠶᠡᠯᠡᠪᠡᠯ ᠬᠤᠳᠤᠭᠤᠳᠤᠨ ᠤ ᠦᠮᠡᠨ ᠤ ᠠᠩᠬᠠᠨ ᠤ ᠬᠤᠭᠤᠴᠠᠭ᠎ᠠ᠂ ᠭᠡᠳᠡᠰᠦᠨ ᠤ ᠬᠠᠪᠤᠳᠠᠷ᠂ ᠠᠮᠢᠰᠬᠤᠯ ᠤᠨ | ᠰᠢᠰᠲ᠋ᠧᠮ ᠤᠨ ᠬᠠᠯᠳᠠᠪᠤᠷᠢᠯᠠᠯ᠂ ᠰᠢᠭᠡᠰᠦ ᠱᠦᠭᠦᠷᠡᠭᠦᠯᠬᠦ ᠰᠢᠰᠲ᠋ᠧᠮ ᠤᠨ ᠦᠷᠪᠢᠰᠦᠯ ᠵᠡᠷᠭᠡ ᠨᠢ ᠪᠦᠷ ᠬᠤᠳᠤᠭᠤᠳᠤ | ᠡᠪᠭᠦ᠋ᠢᠷᠡᠬᠦ ᠪᠠᠶᠢᠳᠠᠯ ᠢ ᠪᠤᠢ ᠪᠤᠯᠭᠠᠳᠠᠭ᠃ ᠵᠠᠷᠢᠮ ᠡᠪᠡᠳᠴᠢᠳᠠᠨ ᠰᠢᠯᠳᠠᠭᠠᠨ ᠢ ᠨᠢ ᠳᠤᠳᠤᠯᠠᠭᠰᠠᠨ ᠦᠭᠡᠢ ᠪᠠᠶᠢᠳᠠᠯ | ᠳᠤᠤᠷ᠎ᠠ ᠦᠪᠡᠷ ᠢᠶᠠᠨ ᠡᠵᠡᠨ ᠮᠡᠳᠡᠵᠦ ᠡᠮ ᠤᠤᠭᠤᠬᠤ ᠪᠤᠶᠤ ᠢᠳᠡᠭᠡᠨ ᠤᠮᠳᠠᠭᠠᠨ ᠢᠶᠠᠷ ᠬᠤᠳᠤᠭᠤᠳᠤ ᠪᠠᠨ | ᠰᠤᠪᠢᠯᠠᠬᠤ ᠶᠢ ᠳᠦᠷᠦᠭᠦᠨ ᠳᠤ ᠳᠠᠯᠪᠢᠳᠠᠭ᠃ ᠡᠨᠡ ᠨᠢ ᠦᠨᠡᠨ ᠳᠡᠭᠡᠨ ᠳᠡᠮᠡᠢ ᠦᠢᠯᠡᠳᠦᠯ ᠭᠠᠷᠭᠠᠳᠠᠭ ᠦᠭᠡᠢ | ᠮᠦᠷᠳᠡᠭᠡᠨ ᠨᠡᠩ ᠴᠤ ᠡᠪᠡᠳᠴᠢᠨ ᠢ ᠰᠠᠭᠠᠳᠠᠭᠠᠵᠤ ᠬᠦᠨᠳᠦ ᠨᠤᠴᠢᠳᠠᠢ ᠦᠷ᠎ᠡ ᠳ᠋ᠦᠩ ᠳᠤ ᠬᠦᠷᠴᠦ ᠮᠡᠳᠡᠬᠦ | ᠠᠶᠤᠯ ᠲᠠᠢ ᠪᠠᠶᠢᠳᠠᠭ᠃ ᠳᠡᠶᠢᠮᠦ ᠠᠴᠠ᠂ ᠬᠤᠳᠤᠭᠤᠳᠤ ᠪᠠᠨ ᠰᠤᠪᠢᠯᠠᠬᠤ ᠶᠢᠨ ᠤᠷᠢᠳᠠᠴᠢ ᠨᠦᠬᠦᠴᠡᠯ ᠪᠤᠯ | ᠡᠪᠡᠳᠴᠢᠨ ᠤ ᠰᠢᠯᠳᠠᠭᠠᠨ ᠢ ᠨᠢ ᠳᠤᠳᠤᠯᠠᠵᠤ ᠬᠤᠳᠤᠭᠤᠳᠤ ᠡᠪᠭᠦ᠋ᠢᠷᠡᠬᠦ ᠪᠠᠶᠢᠳᠠᠯ ᠢ ᠪᠤᠢ ᠪᠤᠯᠭᠠᠵᠤ ᠪᠠᠶᠢᠭ᠎ᠠ ᠨᠢ | ᠴᠤᠬᠤᠮ ᠶᠠᠭᠤ ᠪᠤᠯᠬᠤ ᠶᠢ ᠮᠡᠳᠡᠬᠦ ᠶᠠᠪᠤᠳᠠᠯ ᠪᠤᠯᠤᠨ᠎ᠠ᠃ | ᠬᠤᠳᠤᠭᠤᠳᠤᠨ ᠤ ᠡᠪᠡᠳᠴᠢᠨ ᠤ ᠳᠦᠷᠦᠯ ᠵᠦᠢᠯ ᠨᠢ ᠤᠯᠠᠨ᠂ ᠡᠭᠦᠰᠦᠭᠰᠡᠨ ᠰᠢᠯᠳᠠᠭᠠᠨ ᠨᠢ ᠪᠤᠳᠤᠯᠢᠶᠠᠨᠳᠠᠢ | ᠪᠠᠶᠢᠳᠠᠭ᠃ ᠵᠠᠷᠢᠮ ᠬᠤᠳᠤᠭᠤᠳᠤᠨ ᠤ ᠡᠪᠡᠳᠴᠢᠨ ᠢ ᠵᠦᠪᠬᠡᠨ ᠰᠤᠪᠢᠯᠠᠭᠠᠳ ᠪᠤᠯᠬᠤ ᠦᠭᠡᠢ ᠡᠮᠨᠡᠬᠦ ᠭᠡᠷᠡᠭᠳᠡᠢ | ᠪᠠᠶᠢᠳᠠᠭ᠃ ᠵᠢᠱᠢᠶᠡᠯᠡᠪᠡᠯ ᠬᠤᠳᠤᠭᠤᠳᠤᠨ ᠮᠤᠬᠤᠷ ᠤᠨ ᠡᠷᠭᠢᠭᠦᠯᠭᠡᠨ ᠰᠠᠪᠬᠠᠨᠴᠢᠷ ᠪᠠᠺᠲ᠋ᠧᠷᠢ ᠪᠤᠯ ᠬᠤᠳᠤᠭᠤᠳᠤᠨ ᠤ | ᠡᠪᠡᠳᠴᠢᠨ ᠢ ᠡᠭᠦᠰᠭᠡᠳᠡᠭ ᠤᠯᠠᠨ ᠳᠤᠬᠢᠶᠠᠯᠳᠤᠳᠠᠭ ᠡᠯᠧᠮᠧᠨ᠋ᠲ ᠤᠨ ᠨᠢᠭᠡ ᠪᠤᠯᠤᠨ᠎ᠠ᠂ ᠡᠨᠡᠬᠦ ᠪᠠᠺᠲ᠋ᠧᠷᠢ ᠠᠴᠠ ᠪᠤᠯᠵᠤ | ᠬᠤᠳᠤᠭᠤᠳᠤᠨ ᠤ ᠤᠵᠢᠬ ᠴᠢᠨᠠᠷᠳᠠᠢ ᠦᠷᠪᠢᠰᠦᠯ᠂ ᠰᠢᠷᠬᠠᠯᠠᠭ᠎ᠠ᠂ ᠳᠡᠷᠡᠴᠢᠯᠡᠨ ᠬᠠᠪᠤᠳᠠᠷ ᠴᠤ ᠡᠭᠦᠰᠭᠡᠳᠡᠭ᠃ | ᠳᠡᠶᠢᠮᠦ ᠠᠴᠠ ᠡᠪᠡᠳᠴᠢᠳᠠᠳ ᠡᠷᠭᠡᠪᠰᠢ ᠪᠤᠳᠠᠳᠠᠢ ᠪᠠᠶᠢᠳᠠᠯ ᠢᠶᠠᠨ ᠦᠨᠳᠦᠰᠦᠯᠡᠨ ᠡᠮᠴᠢ ᠶᠢᠨ ᠤᠨᠤᠰᠢᠯᠠᠭ᠎ᠠ ᠳᠤ | ᠳᠦᠰᠢᠭᠯᠡᠨ ᠳᠦᠷᠢᠮᠵᠢᠭᠰᠡᠨ ᠡᠮᠴᠢᠯᠡᠭᠡᠨ ᠤ ᠠᠷᠭ᠎ᠠ ᠬᠡᠮᠵᠢᠶ᠎ᠠ ᠠᠪᠬᠤ ᠭᠡᠷᠡᠭᠳᠡᠢ᠃ | ︽ᠰᠡᠳᠭᠢᠯ ᠤᠨ ᠡᠪᠡᠳᠴᠢᠨ︾ ᠠᠴᠠ ᠪᠤᠯᠵᠤ ᠬᠤᠳᠤᠭᠤᠳᠤ ᠡᠪᠭᠦ᠋ᠢᠷᠡᠬᠦ ᠪᠠᠶᠢᠳᠠᠯ ᠴᠤ ᠭᠠᠷᠳᠠᠭ᠂ ᠡᠳᠡᠭᠡᠷ ᠢ | ᠰᠠᠨᠠᠭ᠎ᠠ ᠰᠡᠳᠭᠢᠯ ᠢ ᠳᠠᠶᠢᠪᠤᠰᠢᠷᠠᠭᠤᠯᠬᠤ ᠠᠷᠭ᠎ᠠ ᠪᠠᠷ ᠨᠠᠮᠳᠠᠭᠤᠯᠵᠤ ᠪᠤᠯᠳᠠᠭ᠂ ᠵᠢᠱᠢᠶᠡᠯᠡᠪᠡᠯ ᠴᠢᠳᠠᠪᠬᠢ ᠶᠢᠨ | ᠴᠢᠨᠠᠷᠳᠠᠢ ᠰᠢᠩᠭᠡᠭᠡᠯᠳᠡ ᠮᠠᠭᠤᠳᠠᠬᠤ ᠪᠤᠶᠤ ᠴᠢᠳᠠᠪᠬᠢ ᠶᠢᠨ ᠴᠢᠨᠠᠷᠳᠠᠢ ᠬᠤᠳᠤᠭᠤᠳᠤ ᠨᠤᠭᠤᠯᠤᠭᠤᠷ ᠭᠡᠳᠡᠰᠦᠨ ᠤ | ᠡᠪᠡᠳᠴᠢᠨ ᠤ ᠬᠤᠪᠢ ᠳᠤ ᠠᠪᠴᠤ ᠬᠡᠯᠡᠪᠡᠯ ᠭᠡᠴᠡᠭᠦᠦ ᠶᠡᠭᠡ ᠠᠭᠤᠷᠯᠠᠬᠤ ᠮᠡᠳᠦ ᠶᠢᠨ ᠰᠡᠳᠭᠢᠯ ᠤᠨ ᠬᠦᠳᠡᠯᠭᠡᠭᠡᠨ | ᠪᠤᠶᠤ ᠨᠠᠵᠠᠭᠠᠢ ᠤᠪᠤᠷ ᠪᠠᠶᠢᠳᠠᠯ ᠨᠢ ᠡᠪᠡᠳᠴᠢᠨ ᠤ ᠭᠤᠤᠯ ᠰᠢᠯᠳᠠᠭᠠᠨ ᠪᠤᠯᠳᠠᠭ᠃ ᠰᠠᠨᠠᠭ᠎ᠠ ᠰᠡᠳᠭᠢᠯ ᠢ ᠨᠢ | ᠳᠠᠶᠢᠪᠤᠰᠢᠷᠠᠭᠤᠯᠬᠤ ᠴᠢᠬᠤᠯᠠᠳᠠᠢ ᠢᠢᠮᠦ ᠡᠪᠡᠳᠴᠢᠨ ᠳᠤ ᠵᠦᠪᠬᠡᠨ ᠰᠤᠪᠢᠯᠠᠭ᠎ᠠ ᠶᠢ ᠴᠢᠬᠤᠯᠠᠴᠢᠯᠠᠪᠠᠯ ᠳᠡᠮᠡᠢ | ᠦᠢᠯᠡᠳᠦᠯ ᠭᠠᠷᠭᠠᠵᠤ ᠳᠡᠶᠢᠯᠬᠦ ᠦᠭᠡᠢ ᠨᠢ ᠯᠠᠪᠳᠠᠢ᠃ | ▲ ᠵᠠᠩᠭᠢᠯᠠᠭ᠎ᠠ ᠨᠢ ᠠᠮᠢᠳᠤᠷᠠᠯ ᠤᠨ ᠳᠠᠳᠬᠠᠯ ᠳᠤ ᠪᠤᠢ | ᠬᠤᠳᠤᠭᠤᠳᠤ ᠡᠪᠭᠦ᠋ᠢᠷᠡᠪᠡᠯ ᠦᠪᠡᠷ ᠢᠶᠠᠨ ᠳᠠᠭᠠᠮᠠᠬᠯᠠᠵᠤ ᠡᠮᠨᠡᠵᠦ ᠪᠤᠯᠬᠤ ᠦᠭᠡᠢ᠂ ᠡᠷᠭᠡᠪᠰᠢ ᠡᠮᠨᠡᠯᠭᠡ ᠶᠢᠨ | ᠬᠤᠷᠢᠶᠠᠨ ᠳᠤ ᠤᠴᠢᠵᠤ ᠳᠤᠰᠬᠠᠢ ᠮᠡᠷᠭᠡᠵᠢᠯ ᠤᠨ ᠪᠠᠶᠢᠴᠠᠭᠠᠯᠳᠠ ᠬᠢᠯᠭᠡᠵᠦ ᠡᠪᠡᠳᠴᠢᠨ ᠤ ᠰᠢᠯᠳᠠᠭᠠᠨ ᠢ ᠨᠢ | ᠳᠤᠳᠤᠯᠠᠬᠤ ᠭᠡᠷᠡᠭᠳᠡᠢ ᠭᠡᠵᠦ ᠳᠤᠰᠬᠠᠢ ᠮᠡᠷᠭᠡᠵᠢᠯᠳᠡᠳ ᠦᠵᠡᠵᠦ ᠪᠠᠶᠢᠨ᠎ᠠ᠃ ᠡᠳᠦᠷ ᠳᠤᠳᠤᠮ ᠳᠦᠷᠪᠡᠨ ᠳᠠᠯ᠎ᠠ ᠶᠢᠨ | ᠰᠠᠶᠢᠨ ᠰᠠᠶᠢᠬᠠᠨ ᠠᠮᠢᠳᠤᠷᠠᠯ ᠤᠨ ᠳᠠᠳᠬᠠᠯ ᠢ ᠪᠤᠢ ᠪᠤᠯᠭᠠᠵᠤ ᠬᠤᠳᠤᠭᠤᠳᠤᠨ ᠤ ᠪᠠᠨ ᠡᠷᠡᠭᠦᠯ ᠮᠡᠨᠳᠦ ᠶᠢ ᠪᠠᠳᠤᠯᠠᠬᠤ | ᠭᠡᠷᠡᠭᠳᠡᠢ ᠭᠡᠵᠦ ᠳᠡᠳᠡ ᠰᠠᠨᠠᠭᠤᠯᠵᠤ ᠪᠠᠶᠢᠨ᠎ᠠ᠃ | ᠢᠳᠡᠭᠡᠨ ᠤ ᠰᠢᠮ᠎ᠡ ᠳᠡᠵᠢᠭᠡᠯ ᠢ ᠳᠡᠩᠴᠡᠭᠦᠷᠢ ᠲᠠᠢ ᠪᠠᠶᠢᠯᠭᠠᠨ᠎ᠠ᠃ ᠰᠠᠭᠤᠭᠠᠯᠢ ᠠᠷᠠᠳ ᠤᠨ ᠰᠢᠮ᠎ᠠ | ᠳᠡᠵᠢᠭᠡᠯ ᠤᠨ ᠵᠦᠭᠯᠡᠭᠦᠷ ᠢ ᠦᠨᠳᠦᠰᠦᠯᠡᠵᠦ᠂ ᠡᠳᠦᠷ ᠪᠤᠯᠭᠠᠨ ᠤ ᠢᠳᠡᠭᠡᠨ ᠤᠮᠳᠠᠭᠠᠨ ᠢᠶᠠᠨ ᠳᠡᠩᠴᠡᠭᠦᠷᠢᠳᠠᠢ | ᠳᠤᠬᠢᠷᠠᠭᠤᠯᠬᠤ ᠭᠡᠷᠡᠭᠳᠡᠢ᠃ ᠡᠯᠪᠡᠭ ᠳᠡᠯᠪᠡᠭ ᠢᠳᠡᠭᠡᠨ ᠤ ᠮᠠᠲ᠋ᠧᠷᠢᠶᠠᠯ ᠢ ᠡᠪᠳᠡᠢ ᠳᠤᠬᠢᠷᠠᠭᠤᠯᠵᠤ ᠢᠳᠡᠬᠦ ᠨᠢ | ᠬᠦᠮᠦᠨ ᠤ ᠪᠡᠶ᠎ᠡ ᠶᠢᠨ ᠡᠯ᠎ᠠ ᠵᠦᠢᠯ ᠤᠨ ᠰᠢᠮ᠎ᠠ ᠳᠡᠵᠢᠭᠡᠯ ᠤᠨ ᠪᠦᠷᠢᠯᠳᠦᠭᠦᠨ ᠢᠶᠠᠨ ᠰᠢᠩᠭᠡᠭᠡᠨ ᠠᠪᠬᠤ ᠳᠤ | ᠠᠰᠢᠬᠳᠠᠢ ᠪᠠᠶᠢᠵᠤ᠂ ᠡᠯ᠎ᠠ ᠡᠷᠭᠡᠳᠡᠨ ᠤ ᠡᠳᠦᠷ ᠳᠤᠳᠤᠮ ᠤᠨ ᠬᠡᠪ ᠤᠨ ᠠᠵᠢᠯᠯᠠᠭ᠎ᠠ ᠶᠢ ᠪᠠᠳᠤᠯᠠᠳᠠᠭ᠃ 1 | ᠬᠤᠪᠢ ᠶᠢᠨ ᠵᠢᠭᠠᠰᠤ ᠮᠢᠬ᠎ᠠ ᠶᠢ 3 ᠬᠤᠪᠢ ᠶᠢᠨ ᠢᠳᠡᠰᠢᠨ ᠨᠤᠭᠤᠭ᠎ᠠ ᠲᠠᠢ ᠵᠤᠬᠢᠴᠠᠭᠤᠯᠵᠤ ᠢᠳᠡᠨ᠎ᠠ᠂ ᠡᠳᠦᠷ | ᠪᠤᠯᠭᠠᠨ 200 — 350 ᠭᠷᠡᠮ ᠵᠢᠮᠢᠰ ᠢᠳᠡᠨ᠎ᠠ᠂ ᠵᠢᠮᠢᠰ ᠤᠨ ᠰᠢᠭᠦᠰᠦ ᠪᠠᠷ ᠵᠢᠮᠢᠰ ᠢ ᠤᠷᠤᠯᠠᠭᠤᠯᠵᠤ ᠪᠤᠯᠬᠤ | ᠦᠭᠡᠢ ᠭᠡᠰᠡᠨ ᠰᠠᠨᠠᠭᠤᠯᠭ᠎ᠠ ᠦᠭᠴᠤ ᠪᠠᠶᠢᠨ᠎ᠠ᠃ | ᠠᠵᠢᠯᠯᠠᠵᠤ ᠠᠮᠠᠷᠠᠬᠤ ᠢᠳᠡᠵᠦ ᠤᠤᠭᠤᠬᠤ ᠪᠠᠨ ᠳᠢᠭ ᠲᠠᠢ ᠪᠠᠶᠢᠯᠭᠠᠨ᠎ᠠ᠃ ᠡᠳᠦᠷ ᠳᠤᠳᠤᠮ ᠤᠨ ᠠᠵᠢᠯᠯᠠᠵᠤ | ᠠᠮᠠᠷᠠᠬᠤ ᠪᠠᠨ ᠰᠠᠶᠢᠳᠤᠷ ᠵᠤᠬᠢᠴᠠᠭᠤᠯᠵᠤ᠂ ᠰᠦᠨᠢᠵᠢᠨ ᠰᠠᠭᠤᠬᠤ ᠦᠭᠡᠢ᠂ ᠰᠢᠨᠵᠢᠯᠡᠬᠦ ᠤᠬᠠᠭᠠᠨᠴᠢ ᠪᠠᠷ ᠵᠤᠬᠢᠰᠳᠠᠢ | ᠳᠠᠮᠢᠷ ᠤᠨ ᠬᠦᠳᠡᠯᠭᠡᠭᠡᠨ ᠬᠢᠵᠦ᠂ ᠢᠳᠡᠭᠡᠨ ᠤᠮᠳᠠᠭᠠᠨ ᠢᠶᠠᠨ ᠳᠢᠭ ᠲᠠᠢ ᠪᠠᠶᠢᠯᠭᠠᠨ᠂ ᠰᠠᠶᠢᠨ ᠵᠠᠵᠢᠯᠵᠤ ᠳᠠᠶᠢᠪᠤᠩ | ᠵᠠᠯᠭᠢᠨ᠂ ᠭᠡᠳᠦᠷᠡᠳᠡᠯ᠎ᠠ ᠢᠳᠡᠵᠦ ᠤᠤᠭᠤᠬᠤ ᠶᠢ ᠴᠡᠭᠡᠷᠯᠡᠬᠦ ᠭᠡᠷᠡᠭᠳᠡᠢ᠃ ᠤᠷᠳᠤ ᠬᠤᠭᠤᠴᠠᠭ᠎ᠠ ᠪᠠᠷ ᠬᠤᠭᠤᠯᠠ | ᠢᠳᠡᠬᠦ ᠦᠭᠡᠢ ᠪᠤᠯ ᠬᠤᠳᠤᠭᠤᠳᠤ ᠬᠤᠭᠤᠰᠤᠨ ᠠᠵᠢᠯᠯᠠᠵᠤ᠂ ᠬᠤᠳᠤᠭᠤᠳᠤᠨ ᠬᠦᠴᠢᠯ ᠤᠨ ᠱᠦᠭᠦᠷᠡᠯ ᠨᠢ | ᠠᠷᠪᠢᠳᠪᠠᠯ ᠬᠤᠳᠤᠭᠤᠳᠤ ᠶᠢ ᠡᠪᠡᠳᠭᠡᠨᠠ᠃ ᠭᠡᠳᠦᠷᠡᠳᠡᠯ᠎ᠠ ᠢᠳᠡᠵᠦ ᠤᠤᠭᠤᠪᠠᠯ ᠬᠤᠳᠤᠭᠤᠳᠤᠨ ᠤ | ᠳᠠᠭᠠᠭᠠᠴᠠ ᠠᠴᠠ ᠤᠭᠵᠤᠮ ᠳᠠᠪᠠᠵᠤ᠂ ᠳᠦᠷᠭᠡᠨ ᠢᠶᠠᠷ ᠬᠤᠳᠤᠭᠤᠳᠤ ᠶᠢ ᠳᠡᠯᠡᠭᠳᠡᠭᠦᠯᠵᠦ᠂ ᠬᠤᠳᠤᠭᠤᠳᠤ | ᠭᠡᠳᠡᠰᠦᠨ ᠤ ᠬᠡᠪ ᠤᠨ ᠰᠢᠩᠭᠡᠭᠡᠯᠳᠡ ᠶᠢᠨ ᠠᠵᠢᠯᠯᠠᠭ᠎ᠠ ᠶᠢ ᠰᠠᠮᠠᠭᠤᠷᠠᠭᠤᠯᠵᠤ᠂ ᠬᠦᠨᠳᠦ ᠨᠢ ᠬᠤᠳᠤᠭᠤᠳᠤᠨ ᠠᠴᠠ | ᠴᠢᠰᠦ ᠭᠠᠷᠬᠤ ᠪᠠᠶᠢᠳᠠᠯ ᠳᠤ ᠴᠤ ᠬᠦᠷᠴᠦ ᠮᠡᠳᠡᠨ᠎ᠠ᠃ ᠰᠠᠶᠢᠨ ᠵᠠᠵᠢᠯᠵᠤ ᠳᠠᠶᠢᠪᠤᠩ ᠵᠠᠯᠬᠢᠬᠤ ᠨᠢ ᠢᠳᠡᠭᠡᠨ ᠢ | ᠬᠦᠢᠴᠡᠳ ᠳᠠᠯᠬᠠᠳᠠᠵᠤ᠂ ᠬᠤᠳᠤᠭᠤᠳᠤᠨ ᠤ ᠰᠢᠩᠭᠡᠭᠡᠯᠳᠡ ᠶᠢᠨ ᠳᠠᠷᠤᠭᠠᠰᠤ ᠶᠢ ᠪᠠᠭᠤᠷᠠᠭᠤᠯᠬᠤ ᠪᠠᠷ ᠪᠠᠷᠠᠬᠤ ᠦᠭᠡᠢ | ᠭᠡᠳᠦ ᠠᠷᠪᠢᠨ ᠬᠡᠢ ᠬᠤᠳᠤᠭᠤᠳᠤᠨ ᠳᠤ ᠤᠷᠤᠬᠤ ᠶᠢ ᠬᠤᠷᠢᠬᠯᠠᠵᠤ ᠬᠤᠳᠤᠭᠤᠳᠤ ᠬᠦᠭᠡᠭᠡᠬᠦ᠂ ᠭᠡᠭᠡᠷᠡᠬᠦ ᠠᠴᠠ | ᠵᠠᠶᠢᠯᠠᠰᠬᠢᠵᠤ ᠪᠤᠯᠦᠨ᠎ᠠ᠃ | ᠳᠠᠪᠤᠰᠤ ᠶᠡᠬᠡᠳᠡᠢ᠂ ᠬᠦᠢᠳᠡᠨ ᠳᠦᠭᠦᠬᠡᠢ ᠢᠳᠡᠭᠡᠨ ᠢᠳᠡᠬᠦ ᠦᠭᠡᠢ᠃ ᠤᠳᠤᠭᠰᠠᠨ᠂ ᠳᠠᠪᠤᠰᠤᠯᠠᠬᠰᠠᠨ ᠢᠳᠡᠭᠡᠨ | ᠪᠠᠭ᠎ᠠ ᠢᠳᠡ᠂ ᠡᠳᠡᠭᠡᠷ ᠳᠠᠪᠤᠰᠤ ᠶᠡᠭᠡ ᠢᠳᠡᠭᠡᠨ ᠨᠢ ᠬᠤᠳᠤᠭᠤᠳᠤᠨ ᠤ ᠰᠠᠯᠢᠰᠤᠳᠤ ᠪᠦᠷᠭᠦᠪᠴᠢ ᠶᠢ ᠰᠢᠭᠤᠳ | ᠬᠤᠬᠢᠷᠠᠭᠤᠯᠵᠤ᠂ ᠬᠤᠳᠤᠭᠤᠳᠤᠨ ᠤ ᠦᠮᠡᠨ ᠤ ᠠᠶᠤᠯ ᠢ ᠨᠡᠮᠡᠭᠳᠡᠭᠦᠯᠳᠡᠭ᠃ ᠬᠦᠢᠳᠡᠨ ᠳᠦᠭᠦᠬᠡᠢ ᠢᠳᠡᠭᠡᠨ ᠨᠢ | ᠬᠤᠳᠤᠭᠤᠳᠤᠨ ᠤ ᠳᠤᠯᠠᠭᠠᠨ ᠢ ᠳᠦᠷᠭᠡᠨ ᠢᠶᠠᠷ ᠪᠠᠭᠤᠷᠠᠭᠤᠯᠵᠤ᠂ ᠴᠢᠰᠦᠨ ᠤ ᠡᠷᠭᠢᠯᠳᠡ ᠶᠢ ᠨᠢ ᠪᠠᠭᠠᠰᠬᠠᠨ᠂ | ᠴᠢᠳᠠᠪᠬᠢ ᠶᠢᠨ ᠳᠡᠩᠴᠡᠭᠦᠷᠢ ᠶᠢ ᠠᠯᠳᠠᠭᠳᠠᠭᠤᠯᠳᠠᠭ᠃ ᠰᠢᠨ᠎ᠠ ᠰᠤᠷᠭᠤᠭ᠂ ᠴᠡᠪᠡᠷ᠂ ᠪᠦᠯᠢᠶᠡᠨ ᠵᠦᠭᠡᠯᠡᠨ ᠢᠳᠡᠭᠡᠨ | ᠢᠳᠡᠬᠦ ᠶᠢ ᠠᠩᠬᠠᠷᠴᠤ᠂ ᠬᠤᠭᠤᠯᠠ ᠬᠢᠬᠦ ᠳᠡᠭᠡᠨ ᠳᠠᠪᠤᠰᠤ ᠳᠤᠰᠤ ᠶᠢ ᠬᠡᠮᠵᠢᠶ᠎ᠠ ᠲᠠᠢ ᠭᠡᠷᠡᠭᠯᠡᠬᠦ ᠶᠢ ᠬᠢᠴᠢᠶᠡᠪᠡᠯ | ᠵᠤᠬᠢᠨ᠎ᠠ᠃ | ᠤᠷᠮ᠎ᠠ ᠰᠡᠳᠭᠢᠯᠭᠡ ᠪᠠᠶᠠᠰᠤᠩᠭᠤᠢ ᠪᠠᠶᠢᠬᠤ ᠶᠢ ᠠᠩᠬᠠᠷ᠃ ᠤᠷᠮ᠎ᠠ ᠰᠡᠳᠭᠢᠯᠭᠡ ᠶᠢᠨ ᠬᠤᠪᠢ ᠳᠤ | ᠢᠳᠡᠪᠬᠢ ᠲᠠᠢ ᠪᠠᠶᠢᠬᠤ ᠨᠢ ᠰᠡᠳᠭᠢᠯ ᠰᠠᠨᠠᠭᠠᠨ ᠠᠴᠠ ᠪᠤᠯᠤᠭᠰᠠᠨ ᠴᠢᠳᠠᠪᠬᠢ ᠶᠢᠨ ᠴᠢᠨᠠᠷᠳᠠᠢ ᠬᠤᠳᠤᠭᠤᠳᠤ | ᠭᠡᠳᠡᠰᠦᠨ ᠤ ᠡᠪᠡᠳᠴᠢᠨ ᠳᠤ ᠨᠡᠷᠪᠡᠭᠳᠡᠬᠦ ᠠᠶᠤᠯ ᠢ ᠪᠠᠭᠤᠷᠠᠭᠤᠯᠳᠠᠭ︔ ᠵᠤᠪᠠᠭ᠋ᠤ᠂ ᠪᠤᠬᠢᠨᠢᠳᠤᠬᠤ ᠮᠡᠳᠦ ᠶᠢᠨ ᠤᠷᠮ᠎ᠠ | ᠰᠡᠳᠭᠢᠯᠭᠡ ᠶᠢᠨ ᠨᠠᠵᠠᠭᠠᠢ ᠪᠠᠶᠢᠳᠠᠯ ᠠᠴᠠ ᠬᠤᠯᠠ ᠪᠠᠶᠢᠪᠠᠯ᠂ ᠬᠤᠳᠤᠭᠤᠳᠤᠨ ᠤ ᠡᠷᠡᠭᠦᠯ ᠮᠡᠨᠳᠦ ᠳᠤ ᠳᠤᠰᠠᠳᠠᠢ | ᠪᠠᠶᠢᠳᠠᠭ᠃ | ᠳᠡᠭᠡᠷ᠎ᠡ ᠶᠠᠷᠢᠬᠰᠠᠨ ᠲᠦᠷᠪᠡᠨ ᠳᠠᠯ᠎ᠠ ᠠᠴᠠ ᠭᠠᠳᠠᠨ᠎ᠠ᠂ ᠳᠠᠮᠠᠬᠢ ᠳᠠᠳᠠᠬᠤ ᠪᠠᠨ ᠪᠤᠯᠢᠵᠤ᠂ ᠠᠷᠢᠬᠢ ᠶᠢ | ᠬᠡᠮᠵᠢᠶ᠎ᠠ ᠲᠠᠢ ᠤᠤᠭᠤᠵᠤ᠂ ᠭᠠᠰᠢᠭᠤᠨ ᠴᠠᠢ ᠦᠳᠭᠡᠨ ᠺᠤᠹᠧ ᠪᠠᠭ᠎ᠠ ᠤᠤᠭᠤᠨ᠂ ᠪᠢᠩᠯᠠᠩ ᠠᠴᠠ ᠬᠤᠯᠠ | ᠪᠠᠶᠢᠭᠠᠷᠠᠢ ᠭᠡᠵᠦ ᠳᠤᠰᠬᠠᠢ ᠮᠡᠷᠭᠡᠵᠢᠯᠳᠡᠳ ᠰᠠᠨᠠᠭᠤᠯᠵᠤ ᠪᠠᠶᠢᠨ᠎ᠠ᠃ | ▲ ᠦᠪᠡᠷ ᠤᠨ ᠪᠠᠶᠢᠳᠠᠯ ᠳᠠᠭᠠᠨ ᠳᠤᠬᠢᠷᠠᠭᠤᠯᠵᠤ ᠰᠤᠪᠢᠯᠠᠨ᠎ᠠ | ᠬᠤᠳᠤᠭᠤᠳᠤ ᠪᠠᠨ ᠰᠤᠪᠢᠯᠠᠨ᠎ᠠ ᠭᠡᠵᠦ ᠶᠠᠷᠢᠬᠤ ᠠᠴᠠ ᠪᠢᠰᠢ᠂ ᠶᠠᠭᠠᠬᠢᠵᠤ ᠰᠤᠪᠢᠯᠠᠪᠠᠯ ᠵᠤᠬᠢᠨ᠎ᠠ ᠭᠡᠳᠡᠭ ᠢ | ᠰᠠᠶᠢᠨ ᠮᠡᠳᠡᠳᠡᠭ ᠬᠦᠮᠦᠨ ᠴᠦᠭᠡᠨ᠂ ᠬᠠᠷᠢᠨ ᠵᠠᠷᠢᠮ ᠶᠠᠭᠤᠮᠠᠨ ᠤ ᠦᠢᠯᠡᠳᠦᠯ ᠢ ᠰᠤᠬᠤᠷ ᠪᠠᠯᠠᠢ ᠪᠠᠷ ᠢᠳᠡᠭᠡᠭᠰᠡᠨ ᠨᠢ | ᠤᠯᠠᠨ ᠪᠠᠶᠢᠳᠠᠭ᠃ ︽ᠬᠦᠮᠦᠨ ᠬᠦᠮᠦᠨ ᠤ ᠬᠤᠳᠤᠭᠤᠳᠤ ᠪᠠᠨ ᠰᠤᠪᠢᠯᠠᠬᠤ ᠱᠠᠭᠠᠷᠳᠠᠯᠭ᠎ᠠ ᠨᠢ ᠠᠳᠠᠯᠢ ᠦᠭᠡᠢ | ᠪᠠᠶᠢᠳᠠᠭ᠂ ᠠᠳᠠᠯᠢᠬᠠᠨ ᠠᠷᠭ᠎ᠠ ᠪᠤᠶᠤ ᠢᠳᠡᠭᠡᠨ ᠢ ᠠᠳᠠᠯᠢ ᠪᠤᠰᠤ ᠡᠪᠡᠳᠴᠢᠳᠠᠨ ᠳᠤ ᠠᠳᠠᠯᠢ ᠪᠤᠰᠤ ᠪᠠᠷ ᠭᠡᠷᠡᠭᠯᠡᠬᠦ | ᠭᠡᠷᠡᠭᠳᠡᠢ ᠪᠠᠶᠢᠳᠠᠭ︾ ᠭᠡᠵᠦ ᠳᠠᠩ ᠬᠤᠩ ᠸᠧᠢ ᠶᠠᠷᠢᠵᠤ ᠪᠠᠶᠢᠨ᠎ᠠ᠃ | ᠳᠤᠳᠤᠷᠭ᠎ᠠ ᠶᠢᠨ ᠰᠢᠩᠭᠡᠨ ᠪᠤᠳᠠᠭ᠎ᠠ᠂ ᠪᠤᠳᠠᠭᠠᠨ ᠤ ᠵᠤᠳᠠᠩ᠂ ᠭᠤᠯᠢᠷ ᠲᠠᠢ ᠱᠦᠯᠦ ᠬᠤᠳᠤᠭᠤᠳᠤ ᠶᠢ | ᠬᠠᠮᠠᠭᠠᠯᠠᠳᠠᠭ᠂ ᠳᠡᠶᠢᠮᠦ ᠤᠤ︖ ᠳᠤᠳᠤᠷᠭ᠎ᠠ ᠶᠢᠨ ᠰᠢᠩᠭᠡᠨ ᠪᠤᠳᠠᠭ᠎ᠠ᠂ ᠪᠤᠳᠠᠭᠠᠨ ᠤ ᠵᠤᠳᠠᠩ᠂ ᠭᠤᠯᠢᠷ ᠲᠠᠢ | ᠱᠦᠯᠦ ᠵᠡᠷᠭᠡ ᠶᠢ ᠭᠤᠤᠯ ᠬᠤᠭᠤᠯᠠ ᠪᠤᠯᠭᠠᠵᠤ ᠢᠳᠡᠬᠦ ᠨᠢ ᠴᠢᠳᠠᠪᠬᠢ ᠶᠢᠨ ᠴᠢᠨᠠᠷᠳᠠᠢ ᠰᠢᠩᠭᠡᠭᠡᠯᠳᠡ ᠮᠠᠭᠤᠳᠠᠬᠤ | ᠪᠠᠶᠢᠳᠠᠯ ᠲᠠᠢ ᠡᠪᠡᠳᠴᠢᠳᠠᠨ ᠳᠤ ᠠᠪᠴᠤ ᠬᠡᠯᠡᠪᠡᠯ ᠵᠤᠬᠢᠰᠳᠠᠢ ᠠᠷᠭ᠎ᠠ ᠬᠡᠮᠵᠢᠶ᠎ᠠ ᠪᠤᠯᠤᠨ᠎ᠠ᠃ ᠡᠳᠡᠭᠡᠷ ᠢᠳᠡᠭᠡᠨ ᠳᠤ | ᠴᠠᠷᠳᠠᠭᠤᠯ ᠡᠯᠪᠡᠭ ᠠᠭᠤᠯᠤᠭᠳᠠᠳᠠᠭ ᠪᠤᠯᠬᠤᠷ ᠰᠢᠩᠭᠡᠭᠡᠯᠳᠡ ᠶᠢᠨ ᠰᠢᠰᠲ᠋ᠧᠮ ᠤᠨ ᠴᠢᠳᠠᠪᠬᠢ ᠶᠢ ᠰᠡᠯᠪᠢᠬᠦ | ᠦᠢᠯᠡᠳᠦᠯ ᠲᠠᠢ᠂ ᠬᠤᠳᠤᠭᠤᠳᠤ ᠭᠡᠳᠡᠰᠦᠨ ᠳᠠᠬᠢ ᠠᠰᠢᠬᠳᠤ ᠪᠠᠺᠲ᠋ᠧᠷᠢ ᠶᠢᠨ ᠳᠡᠩᠴᠡᠭᠦᠷᠢ ᠶᠢ ᠪᠠᠳᠤᠯᠠᠬᠤ ᠳᠤ | ᠠᠰᠢᠬᠳᠠᠢ ᠪᠠᠶᠢᠵᠤ ᠬᠦᠮᠦᠨ ᠤ ᠪᠡᠶ᠎ᠡ ᠳᠤ ᠡᠨᠧᠷᠭᠢ ᠬᠠᠩᠭᠠᠳᠠᠭ᠃ ᠭᠡᠪᠡᠴᠦ ᠬᠤᠳᠤᠭᠤᠳᠤᠨ ᠤ ᠭᠡᠰᠡᠭ ᠤᠨ ᠬᠠᠪᠤᠳᠠᠷ | ᠂ ᠦᠷᠪᠢᠰᠦᠯ ᠪᠠ ᠰᠢᠷᠬᠠᠯᠠᠭ᠎ᠠ ᠶᠢᠨ ᠡᠪᠡᠳᠴᠢᠳᠠᠨ ᠳᠤ ᠠᠪᠴᠤ ᠬᠡᠯᠡᠪᠡᠯ ᠳᠤᠳᠤᠷᠭ᠎ᠠ ᠶᠢᠨ ᠰᠢᠩᠭᠡᠨ ᠪᠤᠳᠠᠭ᠎ᠠ᠂ | ᠪᠤᠳᠠᠭᠠᠨ ᠤ ᠵᠤᠳᠠᠩ᠂ ᠭᠤᠯᠢᠷ ᠲᠠᠢ ᠱᠦᠯᠦ ᠵᠡᠷᠭᠡ ᠶᠢ ᠢᠳᠡᠬᠦ ᠶᠢ ᠵᠦᠪᠬᠡᠨ ᠡᠮᠴᠢᠯᠡᠭᠡᠨ ᠤ ᠬᠠᠪᠰᠤᠷᠤᠮᠵᠢ ᠪᠤᠯᠭᠠᠵᠤ | ᠂ ᠡᠮ ᠪᠠ ᠪᠤᠰᠤᠳ ᠡᠮᠴᠢᠯᠡᠭᠡᠨ ᠤ ᠮᠡᠷᠭᠡᠵᠢᠯ ᠤᠨ ᠵᠠᠰᠠᠯᠳᠠ ᠲᠠᠢ ᠤᠶᠠᠯᠳᠤᠭᠤᠯᠤᠬᠰᠠᠨ ᠰᠤᠪᠢᠯᠠᠭ᠎ᠠ ᠪᠠᠷ ᠦᠵᠡᠵᠦ | ᠪᠤᠯᠤᠨ᠎ᠠ᠃ ᠡᠭᠦᠨ ᠠᠴᠠ ᠭᠠᠳᠠᠨ᠎ᠠ᠂ ᠳᠤᠳᠤᠷᠭ᠎ᠠ ᠶᠢᠨ ᠰᠢᠩᠭᠡᠨ ᠪᠤᠳᠠᠭ᠎ᠠ᠂ ᠪᠤᠳᠠᠭᠠᠨ ᠤ ᠵᠤᠳᠠᠩ᠂ ᠭᠤᠯᠢᠷ ᠲᠠᠢ | ᠱᠦᠯᠦ ᠵᠡᠷᠭᠡ ᠢᠳᠡᠭᠡᠨ ᠤ ᠭᠤᠤᠯ ᠪᠦᠷᠢᠯᠳᠤᠭᠦᠨ ᠨᠢ ᠨᠡᠭᠦᠷᠡᠰᠦ ᠤᠰᠤᠨ ᠤ ᠨᠢᠭᠡᠳᠪᠦᠷᠢ ᠪᠤᠯᠬᠤᠷ ᠬᠤᠳᠤᠭᠤᠳᠤᠨ ᠤ | ᠡᠪᠡᠳᠴᠢᠨ ᠲᠠᠢ ᠰᠢᠬᠢᠷ ᠰᠢᠵᠢᠩ ᠡᠪᠡᠳᠴᠢᠳᠠᠨ ᠪᠠᠶᠢᠩᠭᠤ ᠢᠳᠡᠵᠤ ᠪᠤᠯᠬᠤ ᠦᠭᠡᠢ᠃ | ᠵᠦᠭᠡᠢ ᠶᠢᠨ ᠰᠢᠭᠦᠷᠡᠰᠦ᠂ ᠠᠰᠢᠬᠳᠤ ᠪᠠᠺᠲ᠋ᠧᠷᠢ ᠶᠢᠨ ᠡᠮ ᠨᠢ ᠰᠢᠩᠭᠡᠭᠡᠯᠳᠡ ᠶᠢ ᠠᠬᠢᠭᠤᠯᠳᠠᠭ ᠤᠤ︖ ᠡᠳᠡᠭᠡᠷ | ᠰᠢᠮ᠎ᠡ ᠳᠡᠵᠢᠭᠡᠯ ᠤᠨ ᠢᠳᠡᠭᠡᠨ ᠨᠢ ᠬᠤᠳᠤᠭᠤᠳᠤ ᠶᠢ ᠰᠤᠪᠢᠯᠠᠬᠤ ᠳᠤ ᠵᠤᠬᠢᠬᠤ ᠰᠠᠶᠢᠨ ᠳᠠᠯ᠎ᠠ ᠲᠠᠢ ᠪᠠᠶᠢᠳᠠᠭ᠂ | ᠭᠡᠪᠡᠴᠦ ᠴᠠᠭ ᠲᠠᠢ ᠬᠡᠮᠵᠢᠶ᠎ᠠ ᠲᠠᠢ ᠢᠳᠡᠬᠦ ᠶᠢ ᠠᠩᠬᠠᠷᠬᠤ ᠭᠡᠷᠡᠭᠳᠡᠢ᠃ ᠠᠰᠢᠬᠳᠤ ᠪᠠᠺᠲ᠋ᠧᠷᠢ ᠶᠢᠨ ᠤᠷᠳᠤ | ᠬᠤᠭᠤᠴᠠᠭ᠎ᠠ ᠪᠠᠷ ᠪᠡᠶ᠎ᠡ ᠶᠢᠨ ᠭᠠᠳᠠᠨ᠎ᠠ ᠠᠴᠠ ᠨᠦᠬᠦᠪᠠᠯ᠂ ᠬᠦᠮᠦᠨ ᠤ ᠪᠡᠶ᠎ᠡ ᠳᠤ ᠪᠠᠺᠲ᠋ᠧᠷᠢ ᠶᠢᠨ ᠡᠮ ᠢ ᠳᠠᠭᠠᠭᠠᠬᠤ | ᠭᠠᠵᠢ ᠦᠢᠯᠡᠳᠦᠯ ᠭᠠᠷᠭᠠᠬᠤ ᠠᠶᠤᠯ ᠲᠠᠢ ᠪᠠᠶᠢᠳᠠᠭ᠂ ᠳᠡᠶᠢᠮᠦ ᠠᠴᠠ ᠡᠮᠴᠢ ᠶᠢᠨ ᠵᠢᠯᠤᠭᠤᠳᠤᠯᠭ᠎ᠠ ᠶᠢ ᠰᠤᠨᠤᠰᠬᠤ | ᠭᠡᠷᠡᠭᠳᠡᠢ᠃ | ᠦᠨᠢᠶᠡᠨ ᠰᠦ᠂ ᠪᠢᠩᠭᠠᠨ ᠬᠤᠳᠤᠭᠤᠳᠤᠨ ᠤ ᠰᠠᠯᠢᠰᠤᠳᠤ ᠪᠦᠷᠭᠦᠪᠴᠢ ᠶᠢ ᠬᠠᠮᠠᠭᠠᠯᠠᠨ᠎ᠠ ᠤᠤ︖ | ᠬᠤᠳᠤᠭᠤᠳᠤᠨ ᠡᠪᠡᠳᠴᠢᠳᠠᠨ ᠳᠤ ᠰᠢᠷ᠎ᠠ ᠬᠤᠰᠤᠬᠤ ᠬᠤᠳᠤᠭᠤᠳᠤ ᠬᠦᠭᠡᠭᠡᠬᠦ ᠪᠠᠶᠢᠳᠠᠯ ᠭᠠᠷᠬᠤ ᠦᠶ᠎ᠠ ᠳᠤ | ᠬᠠᠯᠠᠭᠤᠨ ᠰᠦ ᠤᠤᠭᠤᠪᠠᠯ ᠡᠪᠡᠳᠴᠢᠨ ᠤ ᠪᠠᠶᠢᠳᠠᠯ ᠢ ᠨᠠᠮᠳᠠᠭᠤᠯᠳᠠᠭ᠃ ᠡᠨᠡ ᠨᠢ ᠦᠨᠢᠶᠡᠨ ᠰᠦ ᠬᠤᠳᠤᠭᠤᠳᠤᠨ ᠤ | ᠬᠦᠴᠢᠯ ᠢ ᠰᠢᠩᠭᠡᠷᠡᠭᠦᠯᠵᠦ᠂ ᠦᠨᠢᠶᠡᠨ ᠰᠦ ᠳᠠᠬᠢ ᠤᠭᠤᠷᠠᠭ ᠨᠢ ᠬᠤᠳᠤᠭᠤᠳᠤᠨ ᠤ ᠰᠠᠯᠢᠰᠤᠳᠤ ᠪᠦᠷᠭᠦᠪᠴᠢ ᠶᠢᠨ | ᠭᠠᠳᠠᠷᠭᠤ ᠳᠤ ᠳᠦᠷ ᠴᠠᠭ ᠤᠨ ᠬᠠᠮᠠᠭᠠᠯᠠᠬᠤ ᠪᠦᠷᠭᠦᠪᠴᠢ ᠶᠢ ᠪᠤᠢ ᠪᠤᠯᠭᠠᠳᠠᠭ ᠠᠴᠠ ᠪᠤᠯᠤᠭᠰᠠᠨ ᠶᠤᠮ᠃ ᠭᠡᠪᠡᠴᠦ | ᠦᠷᠭᠦᠯᠵᠢ ᠦᠨᠢᠶᠡᠨ ᠰᠦ ᠤᠤᠭᠤᠬᠤ ᠨᠢ ᠬᠤᠳᠤᠭᠤᠳᠤᠨ ᠤ ᠡᠪᠡᠳᠴᠢᠳᠠᠢ ᠬᠦᠮᠦᠨ ᠳᠤ ᠳᠡᠶᠢᠮᠦ ᠰᠠᠶᠢᠨ ᠪᠢᠰᠢ | ᠪᠠᠶᠢᠵᠤ ᠮᠡᠳᠡᠨ᠎ᠠ᠃ ᠤᠨᠴᠠᠭᠠᠢᠢᠯᠠᠨ ᠬᠤᠳᠤᠭᠤᠳᠤᠨ ᠤ ᠰᠢᠷᠬᠠᠯᠠᠭ᠎ᠠ ᠶᠢᠨ ᠡᠪᠡᠳᠴᠢᠳᠠᠨ ᠬᠡᠷᠪᠡ ᠬᠦᠴᠢᠯ ᠢ ᠳᠠᠷᠤᠬᠤ | ᠵᠠᠰᠠᠯᠭ᠎ᠠ ᠬᠢᠵᠦ ᠪᠠᠶᠢᠭ᠎ᠠ ᠪᠤᠯ ᠤᠷᠳᠤ ᠬᠤᠭᠤᠴᠠᠭ᠎ᠠ ᠪᠠᠷ ᠦᠨᠢᠶᠡᠨ ᠰᠦ ᠤᠤᠭᠤᠵᠤ ᠪᠤᠯᠬᠤ ᠦᠭᠡᠢ᠂ ᠡᠰᠡᠪᠡᠯ | ᠡᠮᠴᠢᠯᠡᠭᠡᠨ ᠤ ᠦᠢᠯᠡᠳᠦᠯ ᠢ ᠨᠦᠯᠦᠭᠡᠯᠡᠨ᠎ᠠ᠂ ᠨᠡᠩ ᠴᠤ ᠬᠤᠳᠤᠭᠤᠳᠤᠨ ᠤ ᠰᠠᠯᠢᠰᠦᠳᠤ ᠪᠦᠷᠭᠦᠪᠴᠢ ᠶᠢᠨ | ᠬᠤᠬᠢᠷᠠᠯ ᠢ ᠬᠦᠨᠳᠦᠷᠡᠭᠦᠯᠵᠦ ᠮᠡᠳᠡᠨ᠎ᠠ᠃ | ᠵᠠᠬ᠎ᠠ ᠳᠡᠯᠭᠡᠭᠦᠷ ᠳᠡᠭᠡᠷ᠎ᠡ ᠪᠤᠷᠤᠯᠠᠭᠤᠯᠵᠤ ᠪᠠᠶᠢᠭ᠎ᠠ ᠵᠠᠷᠢᠮ ᠬᠤᠳᠤᠭᠤᠳᠤ ᠶᠢ ᠰᠤᠪᠢᠯᠠᠬᠤ ᠦᠢᠯᠡᠳᠦᠯ ᠲᠠᠢ ᠭᠡᠳᠡᠭ | ᠪᠢᠩᠭᠠᠨ ᠤ ᠪᠦᠷᠢᠯᠳᠤᠭᠦᠨ ᠤ ᠬᠤᠪᠢ ᠳᠤ ᠠᠪᠴᠤ ᠦᠵᠡᠪᠡᠯ᠂ ᠡᠳᠡᠭᠡᠷ ᠪᠢᠩᠭᠠᠨ ᠳᠤ ᠠᠭᠤᠯᠤᠭᠳᠠᠵᠤ ᠪᠠᠶᠢᠭ᠎ᠠ | ᠱᠦᠯᠳᠦᠯᠢᠭ ᠴᠢᠨᠠᠷᠳᠠᠢ ᠨᠡᠭᠦᠷᠡᠰᠦᠬᠦ᠋ᠴᠢᠯ ᠤᠨ ᠤᠰᠤᠳᠦ᠋ᠷᠦᠭᠴᠢᠳᠦ ᠨᠠᠳ᠋ᠷᠢ ᠨᠢ ᠢᠯᠡᠭᠦᠳᠡᠭᠰᠡᠨ ᠬᠤᠳᠤᠭᠤᠳᠤᠨ ᠤ | ᠬᠦᠴᠢᠯ ᠢ ᠰᠠᠭᠠᠷᠮᠠᠬᠵᠢᠭᠤᠯᠵᠤ᠂ ᠰᠢᠷ᠎ᠡ ᠬᠤᠰᠤᠬᠤ ᠪᠠᠶᠢᠳᠠᠯ ᠢ ᠨᠠᠮᠳᠠᠭᠤᠯᠳᠠᠭ᠃ ᠭᠡᠪᠡᠴᠦ ᠬᠤᠳᠤᠭᠤᠳᠤ ᠶᠢ | ᠬᠠᠮᠠᠭᠠᠯᠠᠬᠤ ᠪᠤᠳᠠᠳᠠᠢ ᠦᠢᠯᠡᠳᠦᠯ ᠪᠠᠶᠢᠳᠠᠭ ᠦᠭᠡᠢ᠂ ᠳᠡᠶᠢᠮᠦ ᠠᠴᠠ ᠡᠳᠡᠭᠡᠷ ᠪᠢᠩᠭᠠᠨ ᠢ ᠬᠤᠭᠤᠯᠠᠨ ᠤ ᠤᠷᠤᠨ ᠳᠤ | ᠢᠳᠡᠵᠦ ᠪᠤᠯᠬᠤ ᠦᠭᠡᠢ᠂ ᠬᠠᠷᠢᠨ ᠵᠠᠷᠢᠮ ᠰᠢᠩᠭᠡᠨ ᠢᠳᠡᠭᠡᠨ ᠢᠶᠠᠷ ᠳᠠᠷᠤᠭᠤᠯᠵᠤ ᠢᠳᠡᠨ᠂ ᠤᠵᠢᠬ ᠬᠤᠳᠤᠭᠤᠳᠤᠨ | ᠦᠷᠪᠢᠰᠦᠯ᠂ ᠬᠤᠳᠤᠭᠤᠳᠤᠨ ᠰᠢᠷᠬᠠᠯᠠᠭ᠎ᠠ ᠵᠡᠷᠭᠡ ᠡᠪᠡᠳᠴᠢᠨ ᠤ ᠢᠯᠡᠰᠢᠷᠡᠬᠤ ᠬᠤᠭᠤᠴᠠᠭᠠᠨ ᠤ ᠨᠦᠬᠦᠪᠦᠷᠢ | ᠬᠤᠭᠤᠯᠠ ᠪᠤᠯᠭᠠᠵᠤ ᠪᠤᠯᠤᠨ᠎ᠠ᠃ | ᠭᠠ ᠶᠢᠨ ᠱᠦᠯᠦ ᠬᠤᠳᠤᠭᠤᠳᠤ ᠶᠢ ᠳᠤᠯᠠᠭᠠᠴᠠᠭᠤᠯᠳᠠᠭ ᠤᠤ︖ ᠬᠦᠮᠦᠰ ᠳᠦᠭᠦᠬᠡᠢ ᠭᠠ ᠲᠠᠢ ᠤᠰᠤ ᠪᠤᠶᠤ | ᠪᠤᠷᠮ᠎ᠠ ᠳᠦᠭᠦᠬᠡᠢ ᠭᠠ ᠲᠠᠢ ᠤᠰᠤ ᠤᠤᠭᠤᠵᠤ ᠬᠤᠳᠤᠭᠤᠳᠤ ᠪᠠᠨ ᠬᠠᠯᠠᠭᠠᠵᠤ ᠬᠦᠢᠳᠡᠨ ᠢ ᠳᠠᠭᠤᠳᠠᠭ᠃ ᠳᠦᠭᠦᠬᠡᠢ | ᠭᠠ ᠨᠢ ᠭᠦᠢᠳᠡᠨ ᠬᠡᠢ ᠶᠢ ᠠᠷᠢᠯᠭᠠᠬᠤ ᠦᠢᠯᠡᠳᠦᠯ ᠲᠠᠢ᠂ ᠬᠠᠶᠠ ᠤᠤᠭᠤᠪᠠᠯ ᠬᠤᠳᠤᠭᠤᠳᠤ ᠶᠢ ᠳᠤᠯᠠᠭᠠᠴᠠᠭᠤᠯᠬᠤ᠂ | ᠪᠦᠭᠡᠯᠵᠢᠬᠦ ᠶᠢ ᠵᠤᠬᠰᠤᠭᠠᠬᠤ ᠦᠢᠯᠡᠳᠦᠯ ᠲᠠᠢ ᠪᠠᠶᠢᠳᠠᠭ᠂ ᠭᠡᠪᠡᠴᠦ ᠤᠷᠳᠤ ᠬᠤᠭᠤᠴᠠᠭ᠎ᠠ ᠪᠠᠷ ᠤᠤᠭᠤᠵᠤ ᠪᠤᠯᠬᠤ | ᠦᠭᠡᠢ᠃ ᠤᠴᠢᠷ ᠨᠢ ᠳᠦᠭᠦᠬᠡᠢ ᠭᠠ ᠨᠢ ᠰᠡᠳᠡᠯᠳᠡ ᠶᠡᠭᠡ ᠲᠠᠢ ᠢᠳᠡᠭᠡᠨ ᠳᠤ ᠪᠠᠭᠳᠠᠳᠠᠭ᠂ ᠬᠤᠳᠤᠭᠤᠳᠤᠨ ᠤ | ᠡᠪᠡᠳᠴᠢᠳᠠᠢ ᠬᠦᠮᠦᠨ ᠭᠠ ᠲᠠᠢ ᠤᠰᠤ ᠠᠷᠪᠢᠨ ᠤᠤᠭᠤᠪᠠᠯ ᠬᠤᠳᠤᠭᠤᠳᠤᠨ ᠤ ᠰᠠᠯᠢᠰᠤᠳᠤ ᠪᠦᠷᠭᠦᠪᠴᠢ ᠳᠤ | ᠰᠡᠳᠡᠯᠳᠡ ᠦᠭᠴᠦ ᠬᠤᠳᠤᠭᠤᠳᠤᠨ ᠬᠦᠴᠢᠯ ᠤᠨ ᠱᠦᠭᠦᠷᠡᠯᠳᠡ ᠶᠢ ᠨᠡᠮᠡᠭᠳᠡᠭᠦᠯᠵᠦ ᠬᠤᠳᠤᠭᠤᠳᠤᠨ ᠤ ᠡᠪᠭᠦ᠋ᠢᠷᠡᠬᠦ | ᠪᠠᠶᠢᠳᠠᠯ ᠢ ᠬᠦᠨᠳᠦᠷᠡᠭᠦᠯᠦᠨ᠎ᠠ᠃ | ᠬᠤᠳᠤᠭᠤᠳᠤ ᠮᠠᠭᠤ ᠪᠤᠯ ᠬᠠᠷᠠᠰᠤ ᠬᠤᠭᠤᠯᠠ ᠢᠳᠡᠪᠡᠯ ᠰᠠᠶᠢᠨ ᠭᠡᠵᠦ ᠤᠤ︖ ᠬᠦᠮᠦᠰ ᠬᠠᠷᠠᠰᠤ ᠬᠤᠭᠤᠯᠠ | ᠰᠢᠩᠭᠡᠬᠦ ᠨᠢ ᠠᠮᠠᠷ ᠭᠡᠵᠦ ᠦᠵᠡᠭᠡᠳ ᠬᠤᠳᠤᠭᠤᠳᠤ ᠮᠠᠭᠤ ᠬᠦᠮᠦᠨ ᠬᠠᠷᠠᠰᠤ ᠬᠤᠭᠤᠯᠠ ᠢᠳᠡᠪᠡᠯ ᠰᠠᠶᠢᠨ ᠭᠡᠵᠦ | ᠪᠤᠳᠤᠳᠠᠭ᠃ ᠦᠨᠡᠨ ᠳᠡᠭᠡᠨ᠂ ᠮᠢᠬᠠᠨ ᠤ ᠵᠦᠢᠯ ᠳᠤ ᠤᠷᠭᠤᠮᠠᠯ ᠤᠨ ᠳᠦᠷᠦᠯ ᠤᠨ ᠢᠳᠡᠭᠡᠨ ᠳᠤ ᠪᠠᠶᠢᠳᠠᠭ ᠦᠭᠡᠢ | ᠤᠯᠠᠨ ᠵᠦᠢᠯ ᠤᠨ ᠰᠢᠮ᠎ᠡ ᠳᠡᠵᠢᠭᠡᠯᠳᠦ ᠡᠳ᠋ ᠠᠭᠤᠯᠤᠭᠳᠠᠵᠤ ᠪᠠᠶᠢᠳᠠᠭ᠂ ᠵᠢᠱᠢᠶᠡᠯᠡᠪᠡᠯ ᠰᠠᠶᠢᠨ ᠴᠢᠨᠠᠷ ᠤᠨ ᠤᠭᠤᠷᠠᠭ | ᠂ ᠵᠠᠷᠢᠮ ᠦᠭᠡᠭᠦᠨ ᠬᠦᠴᠢᠯ ᠪᠠ B ᠪᠦᠯᠦᠭ ᠤᠨ ᠸᠢᠲ᠋ᠠᠮᠢᠨ ᠠᠭᠤᠯᠤᠭᠳᠠᠵᠤ ᠪᠠᠶᠢᠳᠠᠭ᠃ ᠬᠤᠳᠤᠭᠤᠳᠤᠨ ᠤ | ᠰᠠᠯᠢᠰᠦᠳᠦ ᠪᠦᠷᠭᠦᠪᠴᠢ ᠶᠢ ᠰᠡᠯᠪᠢᠬᠦ ᠪᠠ ᠳᠠᠬᠢᠨ ᠤᠷᠭᠤᠬᠤ ᠳᠤ ᠪᠦᠷ ᠬᠦᠷᠦᠯᠴᠡᠭᠦ᠋ᠢᠴᠡ ᠰᠠᠶᠢᠨ ᠴᠢᠨᠠᠷ ᠤᠨ | ᠤᠭᠤᠷᠠᠭ ᠱᠠᠭᠠᠷᠳᠠᠭᠳᠠᠳᠠᠭ᠃ ᠬᠤᠳᠤᠭᠤᠳᠤ ᠮᠠᠭᠤ ᠬᠦᠮᠦᠨ ᠮᠢᠬ᠎ᠠ ᠶᠢ ᠵᠢᠵᠢᠭᠯᠡᠵᠦ ᠳᠠᠪᠳᠠᠭᠠᠳ ᠵᠢᠩᠨᠡᠬᠦ ᠪᠤᠶᠤ | ᠴᠢᠨᠠᠵᠤ ᠢᠳᠡᠵᠦ ᠪᠤᠯᠤᠨ᠎ᠠ᠃ | ᠪᠠᠭ᠎ᠠ ᠪᠠᠭ᠎ᠠ ᠪᠠᠷ ᠤᠯᠠᠨ ᠤᠳᠠᠭ᠎ᠠ ᠬᠤᠭᠤᠯᠠᠯᠠᠪᠠᠯ ᠰᠠᠶᠢᠨ ᠤᠤ︖ ᠠᠯᠢ ᠤᠯᠠᠨ ᠬᠤᠳᠤᠭᠤᠳᠤᠨ ᠤ | ᠰᠢᠷᠬᠠᠯᠠᠭ᠎ᠠ ᠲᠠᠢ ᠡᠪᠡᠳᠴᠢᠳᠠᠨ ︽ᠪᠠᠭ᠎ᠠ ᠪᠠᠭ᠎ᠠ ᠪᠠᠷ ᠤᠯᠠᠨ ᠤᠳᠠᠭ᠎ᠠ ᠬᠤᠭᠤᠯᠠᠯᠠᠬᠤ︾ ᠠᠷᠭ᠎ᠠ ᠶᠢ ᠪᠠᠳᠤ | ᠢᠳᠡᠭᠡᠳᠡᠭ᠃ ᠭᠡᠳᠡᠯ᠎ᠠ᠂ ᠢᠳᠡᠭᠡᠨ ᠨᠢ ᠬᠤᠳᠤᠭᠤᠳᠤᠨ ᠳᠤ ᠤᠷᠤᠳᠠᠭ ᠯᠡ ᠶᠤᠮ ᠪᠤᠯ ᠬᠤᠳᠤᠭᠤᠳᠤᠨ ᠤ | ᠰᠠᠯᠢᠰᠤᠳᠤ ᠪᠦᠷᠭᠦᠪᠴᠢ ᠳᠤ ᠰᠡᠳᠡᠯᠳᠡ ᠦᠭᠴᠦ᠂ ᠬᠤᠳᠤᠭᠤᠳᠤᠨ ᠤ ᠬᠦᠷᠪᠡᠯᠵᠡᠨ ᠬᠦᠳᠡᠯᠬᠦ ᠨᠢ ᠳᠦᠷᠭᠡᠰᠬᠦ ᠪᠠᠷ | ᠪᠠᠷᠠᠬᠤ ᠦᠭᠡᠢ᠂ ᠬᠤᠳᠤᠭᠤᠳᠤᠨ ᠬᠦᠴᠢᠯ ᠵᠢᠴᠢ ᠬᠤᠳᠤᠭᠤᠳᠤᠨ ᠤ ᠤᠭᠤᠷᠠᠭᠳᠤ ᠢᠰᠭᠡᠭᠦᠷ ᠤᠨ ᠱᠦᠭᠦᠷᠡᠯ ᠢ | ᠨᠡᠮᠡᠭᠳᠡᠭᠦᠯᠵᠦ᠂ ᠰᠢᠷᠬᠠᠯᠠᠭ᠎ᠠ ᠶᠢᠨ ᠡᠳᠡᠭᠡᠷᠡᠯᠳᠡ ᠳᠤ ᠠᠰᠢᠬ ᠦᠭᠡᠢ ᠪᠠᠶᠢᠳᠠᠭ᠃ ᠬᠤᠳᠤᠭᠤᠳᠤᠨ ᠤ | ᠰᠢᠷᠬᠠᠯᠠᠭ᠎ᠠ ᠲᠠᠢ ᠡᠪᠡᠳᠴᠢᠳᠠᠨ ᠳᠤ ᠠᠪᠴᠤ ᠬᠡᠯᠡᠪᠡᠯ ᠡᠳᠦᠷ ᠤᠨ ᠭᠤᠷᠪᠠᠨ ᠡᠷᠡᠨ ᠤ ᠬᠤᠭᠤᠯᠠᠨ ᠤ ᠴᠠᠭ᠂ | ᠬᠡᠮᠵᠢᠶ᠎ᠠ ᠶᠢ ᠰᠠᠶᠢᠳᠤᠷ ᠪᠠᠷᠢᠮᠳᠠᠯᠠᠵᠤ᠂ ᠦᠯᠦᠰᠬᠦ ᠪᠠ ᠴᠠᠳᠬᠤᠯᠳᠠᠬᠤ ᠠᠴᠠ ᠵᠠᠶᠢᠯᠠᠰᠬᠢᠬᠦ ᠭᠡᠷᠡᠭᠳᠡᠢ᠃ | ︵ᠡᠬᠡ ᠪᠢᠴᠢᠭ ᠵᠢᠷᠤᠭ ᠢ ᠠᠷᠠᠳ ᠤᠨ ᠰᠦᠯᠵᠢᠶ᠎ᠠ ᠠᠴᠠ ᠠᠪᠤᠪᠠ︶ | |