ᠬᠤᠳᠤᠭᠤᠳᠤᠨ ᠮᠤᠬᠤᠷ ᠤᠨ ᠢᠷᠭᠢᠭᠦᠯᠭᠡᠨ ᠰᠠᠪᠬᠠᠨᠴᠢᠷ ᠪᠠᠺᠲ᠋ᠧᠷᠢ ᠭᠡᠳᠡᠭ ᠨᠢᠭᠡ ᠵᠦᠢᠯ ᠤᠨ ᠪᠠᠺᠲ᠋ᠧᠷᠢ | ᠪᠠᠶᠢᠳᠠᠭ᠂ ᠴᠡᠪᠡᠷ ᠪᠤᠰᠤ ᠢᠳᠡᠭᠡᠨ ᠤᠮᠳᠠᠭᠠᠨ ᠪᠤᠯ ᠳᠡᠭᠦᠨ ᠤ ᠭᠤᠤᠯ ᠪᠤᠯᠬᠤ ᠡᠬᠢ ᠰᠤᠷᠪᠤᠯᠵᠢ ᠪᠤᠯᠤᠨ᠎ᠠ᠃ ᠪᠦᠬᠦ | ᠳᠡᠯᠡᠬᠡᠢ ᠶᠢᠨ 50% ᠶᠢᠨ ᠬᠦᠮᠦᠨ ᠤ ᠬᠤᠳᠤᠭᠤᠳᠤᠨ ᠳᠤ ᠪᠦᠷ ᠢᠢᠮᠦ ᠨᠢᠭᠡ ᠵᠦᠢᠯ ᠤᠨ ᠪᠠᠺᠲ᠋ᠧᠷᠢ ᠤᠷᠤᠰᠢᠨ | ᠦᠷᠡᠵᠢᠵᠦ ᠪᠠᠶᠢᠳᠠᠭ᠃ ᠤᠯᠠᠩᠭᠢ ᠬᠤᠳᠤᠭᠤᠳᠤᠨ ᠦᠮᠡᠨ᠂ ᠬᠤᠳᠤᠭᠤᠳᠤᠨ ᠦᠷᠪᠢᠰᠦᠯ᠂ ᠬᠤᠳᠤᠭᠤᠳᠤᠨ | ᠰᠢᠷᠬᠠᠯᠠᠭ᠎ᠠ ᠲᠠᠢ ᠡᠪᠡᠳᠴᠢᠳᠠᠨ ᠤ ᠪᠡᠶ᠎ᠡ ᠳᠤ ᠪᠦᠷ ᠬᠤᠳᠤᠭᠤᠳᠤᠨ ᠮᠤᠬᠤᠷ ᠤᠨ ᠡᠷᠭᠢᠭᠦᠯᠭᠡᠨ ᠰᠠᠪᠬᠠᠨᠴᠢᠷ | ᠪᠠᠺᠲ᠋ᠧᠷᠢ ᠲᠠᠢ ᠪᠠᠶᠢᠭ᠎ᠠ ᠶᠢ ᠢᠯᠡᠷᠡᠭᠦᠯᠦᠭᠰᠡᠨ ᠪᠠᠶᠢᠨ᠎ᠠ᠃ ᠤᠯᠠᠩᠭᠢ ᠬᠠᠯᠳᠠᠪᠤᠷᠢᠯᠠᠬᠳᠠᠭᠰᠠᠳ ᠲᠤ ᠤᠨᠴᠠᠭᠠᠢ ᠢᠯᠡᠷᠡᠯ | ᠭᠠᠷᠳᠠᠭ ᠦᠭᠡᠢ᠂ ᠭᠡᠪᠡᠴᠦ 10% — 15% ᠶᠢᠨ ᠬᠠᠯᠳᠠᠪᠤᠷᠢᠯᠠᠬᠳᠠᠭᠰᠠᠳ ᠲᠤ ᠬᠤᠳᠤᠭᠤᠳᠤᠨ ᠰᠢᠷᠬᠠᠯᠠᠭ᠎ᠠ | ᠡᠭᠦᠰᠳᠡᠭ᠃ | ★ ᠬᠤᠳᠤᠭᠤᠳᠤ ᠡᠪᠭᠦ᠋ᠢᠷᠡᠬᠦ ᠰᠢᠨᠵᠢ᠄ | 1. ᠡᠪᠡᠳᠬᠦ᠃ ᠡᠪᠡᠳᠬᠦ ᠪᠤᠯ ᠬᠤᠳᠤᠭᠤᠳᠤᠨ ᠡᠪᠡᠳᠴᠢᠨ ᠤ ᠭᠤᠤᠯ ᠢᠯᠡᠷᠡᠯ ᠪᠤᠯᠤᠨ᠎ᠠ᠃ ᠡᠪᠡᠳᠬᠦ ᠢᠯᠡᠷᠡᠯ | ᠭᠠᠷᠭᠠᠳᠠᠭ ᠰᠢᠯᠳᠠᠭᠠᠨ ᠨᠢ ᠳᠠᠭᠠᠷᠠᠬᠤ᠂ ᠬᠡᠢ ᠵᠠᠩᠭᠢᠷᠠᠬᠤ᠂ ᠴᠢᠰᠦ ᠬᠤᠷᠠᠬᠤ ᠵᠡᠷᠭᠡ ᠠᠴᠠ ᠪᠤᠯᠳᠠᠭ᠂ ᠡᠪᠡᠳᠬᠦ ᠨᠢ | ᠴᠤ ᠳᠤᠩᠰᠢᠵᠤ ᠡᠪᠡᠳᠬᠦ᠂ ᠬᠠᠳᠬᠤᠯᠠᠵᠤ ᠡᠪᠡᠳᠬᠦ᠂ ᠵᠠᠩᠭᠢᠷᠠᠵᠤ ᠡᠪᠡᠳᠬᠦ ᠬᠡᠭᠦᠴᠢᠯᠡᠨ ᠠᠳᠠᠯᠢ ᠦᠭᠡᠢ ᠪᠠᠶᠢᠳᠠᠭ᠃ | | 2. ᠬᠡᠢ ᠳᠦᠭᠦᠷᠡᠬᠦ᠃ ᠭᠡᠳᠡᠰᠦ ᠳᠦᠭᠦᠷᠡᠬᠦ ᠪᠤᠯ ᠮᠦᠨ ᠬᠤᠳᠤᠭᠤᠳᠤᠨ ᠡᠪᠡᠳᠴᠢᠨ ᠤ ᠭᠤᠤᠯ ᠢᠯᠡᠷᠡᠯ ᠤᠨ | ᠨᠢᠭᠡ ᠪᠤᠯᠤᠨ᠎ᠠ᠃ ᠬᠤᠳᠤᠭᠤᠳᠤ ᠳᠡᠯᠢᠭᠦᠦ ᠶᠢᠨ ᠠᠵᠢᠯᠯᠠᠭ᠎ᠠ ᠮᠠᠭᠤᠳᠠᠬᠤ᠂ ᠳᠠᠭᠠᠷᠠᠵᠤ ᠳᠠᠭᠯᠠᠷᠠᠬᠤ ᠪᠤᠶᠤ ᠪᠤᠰᠤᠳ | ᠰᠢᠯᠳᠠᠭᠠᠨ ᠠᠴᠠ ᠪᠤᠯᠵᠤ ᠬᠤᠳᠤᠭᠤᠳᠤᠨ ᠳᠤᠳᠤᠷᠠᠬᠢ ᠬᠡᠢ ᠪᠡᠶᠡᠳᠦ ᠶᠢ ᠴᠠᠭ ᠳᠤᠬᠠᠢ ᠳᠤᠨᠢ᠂ ᠬᠡᠪ ᠤᠨ | ᠪᠠᠶᠢᠳᠠᠯ ᠢᠶᠠᠷ ᠭᠠᠳᠠᠭᠰᠢᠯᠠᠭᠤᠯᠵᠤ ᠳᠡᠶᠢᠯᠬᠦ ᠦᠭᠡᠢ ᠪᠤᠯ ᠬᠤᠳᠤᠭᠤᠳᠤᠨ ᠳᠤ ᠬᠡᠢ ᠳᠦᠭᠦᠷᠡᠬᠦ ᠪᠠᠶᠢᠳᠠᠯ ᠭᠠᠷᠳᠠᠭ᠃ | 3. ᠡᠰᠡ ᠰᠢᠩᠭᠡᠭᠡᠬᠦ᠃ ᠤᠯᠠᠨ ᠵᠦᠢᠯ ᠤᠨ ᠰᠢᠯᠳᠠᠭᠠᠨ ᠠᠴᠠ ᠪᠤᠯᠵᠤ ᠬᠤᠳᠤᠭᠤᠳᠤ ᠬᠡᠪ ᠤᠨ | ᠠᠵᠢᠯᠯᠠᠭ᠎ᠠ ᠶᠢᠨ ᠳᠠᠭᠠᠤ ᠢᠳᠡᠭᠡᠨ ᠢ ᠰᠢᠩᠭᠡᠭᠡᠵᠦ ᠳᠡᠶᠢᠯᠬᠦ ᠦᠭᠡᠢ ᠪᠤᠶᠤ ᠬᠤᠳᠤᠭᠤᠳᠤ ᠭᠡᠳᠡᠰᠦᠨ ᠤ ᠬᠦᠷᠪᠡᠯᠵᠡᠯ ᠨᠢ | ᠭᠡᠳᠦ ᠤᠳᠠᠭᠠᠨ ᠪᠤᠯᠬᠤ ᠵᠡᠷᠭᠡ ᠠᠴᠠ ᠪᠤᠯᠵᠤ ᠡᠰᠡ ᠰᠢᠩᠭᠡᠭᠡᠬᠦ ᠪᠠᠶᠢᠳᠠᠯ ᠢᠯᠡᠷᠡᠨ᠎ᠠ᠃ | 4. ᠠᠮᠳᠠ ᠮᠡᠳᠡᠬᠦ ᠦᠭᠡᠢ᠃ ᠬᠢᠳᠠᠳ ᠡᠮᠨᠡᠯᠭᠡ ᠳᠤ᠂ ᠳᠡᠯᠢᠭᠦᠦ ᠳᠤᠷᠦ᠋ᠢᠳᠠᠪᠠᠯ᠂ ᠬᠡᠯᠡ ᠠᠮᠳᠠ ᠮᠡᠳᠡᠬᠦ | ᠦᠭᠡᠢ ᠪᠤᠯᠵᠤ᠂ ᠢᠳᠡᠭᠡᠨ ᠤ ᠳᠤᠷᠠᠰᠢᠯ ᠦᠭᠡᠢ ᠪᠤᠯᠤᠨ᠎ᠠ ᠭᠡᠳᠡᠭ᠃ | 5. ᠠᠮᠠ ᠭᠠᠰᠢᠭᠤᠨ ᠤᠷᠭᠢᠬᠤ᠃ ᠠᠮᠠ ᠭᠠᠰᠢᠭᠤᠨ ᠤᠷᠭᠢᠬᠤ ᠪᠤᠯ ᠡᠯᠢᠭᠡ ᠰᠦᠰᠦᠨ ᠳᠤ ᠬᠠᠯᠠᠭᠤᠨ | ᠰᠢᠷᠭᠤᠭᠰᠠᠨ ᠤ ᠨᠡᠶᠢᠳᠡᠯᠢᠭ ᠢᠯᠡᠷᠡᠯ᠂ ᠰᠦᠰᠦᠨ ᠤ ᠬᠡᠢ ᠳᠡᠭᠡᠭᠰᠢ ᠬᠦᠭᠡᠷᠦᠭᠰᠡᠨ ᠢᠯᠡᠷᠡᠯ ᠪᠤᠯᠤᠨ᠎ᠠ᠃ | 6. ᠴᠢᠷᠠᠢ ᠶᠢᠨ ᠦᠩᠭᠡ᠃ ᠬᠤᠳᠤᠭᠤᠳᠤᠨ ᠡᠪᠡᠳᠴᠢᠨ ᠳᠤ ᠨᠡᠷᠪᠡᠭᠳᠡᠭᠡᠳ ᠤᠳᠠᠭᠰᠠᠨ ᠡᠪᠡᠳᠴᠢᠳᠠᠨ ᠤ | ᠴᠢᠷᠠᠢ ᠦᠩᠭᠡ ᠨᠢ ᠰᠢᠷᠠᠪᠳᠤᠷ ᠪᠤᠯᠵᠤ ᠦᠩᠭᠡ ᠠᠯᠳᠠᠳᠠᠭ᠃ | 7. ᠬᠡᠯᠡᠨ ᠤ ᠦᠩᠭᠦᠷ ᠤᠨ ᠦᠩᠭᠡ᠃ ᠡᠷᠡᠭᠦᠯ ᠬᠦᠮᠦᠨ ᠤ ᠬᠡᠯᠡ ᠬᠦᠢᠭᠡᠨ ᠤᠯᠠᠭᠠᠨ ᠦᠩᠬᠡ ᠲᠠᠢ᠂ ᠨᠢᠮᠭᠡᠨ | ᠴᠠᠭᠠᠨ ᠦᠩᠭᠦᠷ ᠲᠠᠢ ᠪᠠᠶᠢᠳᠠᠭ᠃ ᠬᠤᠳᠤᠭᠤᠳᠤᠨ ᠡᠪᠡᠳᠴᠢᠨ ᠤ ᠠᠩᠬᠠᠨ ᠤ ᠬᠤᠭᠤᠴᠠᠭᠠᠨ ᠳᠤ ᠬᠡᠯᠡᠨ ᠤ | ᠦᠩᠭᠦᠷ ᠰᠢᠷᠠᠯᠠᠵᠤ᠂ ᠠᠮᠠᠨ ᠠᠴᠠ ᠦᠨᠦᠷ ᠭᠠᠷᠳᠠᠭ᠃ ᠡᠪᠡᠳᠴᠢᠨ ᠤᠳᠠᠪᠠᠯ ᠬᠡᠯᠡᠨ ᠤ ᠦᠩᠭᠦᠷ ᠳᠠᠭᠢᠭᠠᠳ | ᠴᠠᠭᠠᠨ ᠪᠤᠯᠵᠤ᠂ ᠬᠤᠷᠭᠤᠰᠤᠯᠠᠪᠠᠯ ᠬᠡᠯᠡ ᠵᠤᠵᠠᠭᠠᠷᠠᠵᠤ᠂ ᠡᠪᠡᠳᠬᠦ ᠢᠯᠡᠷᠡᠯ ᠲᠠᠢ ᠡᠪᠡᠳᠴᠢᠳᠠᠨ ᠤ ᠬᠡᠯᠡ ᠳᠡᠭᠡᠷ᠎ᠡ | ᠳᠤᠯᠪᠤ ᠭᠠᠷᠤᠨ᠎ᠠ᠃ | 8. ᠳᠤᠷ᠎ᠠ ᠪᠤᠯᠬᠢᠵᠤ ᠪᠦᠭᠡᠯᠵᠢᠬᠦ᠃ ᠢᠳᠡᠭᠡᠨ ᠤᠮᠳᠠᠭᠠᠨ ᠬᠡᠮᠵᠢᠶ᠎ᠡ ᠳᠤᠮᠵᠢᠶ᠎ᠠ ᠪᠠᠨ ᠠᠯᠳᠠᠬᠤ᠂ ᠬᠠᠯᠠᠭᠤᠨ | ᠬᠦᠢᠳᠡᠨ ᠬᠠᠷᠰᠢᠬᠰᠠᠨ ᠠᠴᠠ ᠪᠤᠯᠤᠭᠰᠠᠨ ᠬᠤᠳᠤᠭᠤᠳᠤᠨ ᠤ ᠡᠪᠡᠳᠴᠢᠨ ᠪᠤᠯ ᠳᠤᠷ᠎ᠠ ᠪᠤᠯᠬᠢᠵᠤ ᠪᠦᠭᠡᠯᠵᠢᠬᠦ | ᠢᠯᠡᠷᠡᠯ ᠲᠠᠢ᠃ | 9. ᠭᠡᠭᠡᠷᠡᠬᠦ᠃ ᠤᠷᠮ᠎ᠠ ᠰᠡᠳᠭᠢᠯᠭᠡ ᠲᠠᠢ ᠬᠤᠯᠪᠤᠭ᠎ᠠ ᠲᠠᠢ᠂ ᠬᠡᠷᠡᠭᠦᠯ ᠬᠢᠬᠦ᠂ ᠳᠠᠷᠤᠭᠠᠰᠤ ᠬᠦᠨᠳᠦᠷᠦᠭᠰᠡᠨ | ᠵᠡᠷᠭᠡ ᠠᠴᠠ ᠪᠤᠯᠤᠭᠰᠠᠨ ᠬᠤᠳᠤᠭᠤᠳᠤᠨ ᠡᠪᠡᠳᠴᠢᠨ ᠳᠤ ᠭᠡᠭᠡᠷᠡᠬᠦ ᠢᠯᠡᠷᠡᠯ ᠭᠠᠷᠳᠠᠭ᠃ | 10. ᠪᠤᠬᠢᠨᠢᠳᠤᠬᠤ᠃ ᠡᠨᠡ ᠨᠢ ᠬᠡᠢ ᠰᠢᠯᠤᠭᠤᠨ ᠪᠢᠰᠢ᠂ ᠬᠡᠢ ᠠᠶᠤᠤᠯᠢᠬᠠᠢ ᠳᠤ ᠬᠤᠷᠠᠭᠰᠠᠨ ᠤᠨᠴᠠᠯᠢᠬ ᠲᠠᠢ | ᠂ ᠠᠭᠤᠷ ᠤᠴᠠᠭᠠᠷ ᠶᠡᠭᠡ᠂ ᠤᠷᠮ᠎ᠠ ᠦᠭᠡᠢ ᠪᠠᠶᠢᠳᠠᠯ ᠲᠠᠢ ᠬᠦᠮᠦᠰ ᠲᠤ ᠠᠮᠠᠷᠬᠠᠨ ᠢᠯᠡᠷᠡᠳᠡᠭ᠃ | 11. ᠬᠡᠢ ᠵᠠᠩᠭᠢᠷᠠᠬᠤ᠃ ᠳᠡᠯᠢᠭᠦᠦ ᠬᠤᠳᠤᠭᠤᠳᠤ ᠳᠤᠷᠦ᠋ᠢᠳᠠᠭᠰᠠᠳ ᠪᠤᠶᠤ ᠳᠡᠯᠢᠭᠦᠦ ᠳᠤᠨᠢ ᠬᠦᠢᠳᠡᠨ ᠬᠡᠢ | ᠰᠢᠷᠭᠤᠭᠰᠠᠨ ᠬᠦᠮᠦᠰ ᠲᠤ ᠢᠯᠡᠭᠦᠦ ᠢᠯᠡᠷᠡᠳᠡᠭ᠃ | 12. ᠰᠢᠷ᠎ᠡ ᠬᠤᠰᠤᠬᠤ᠃ ᠡᠨᠡ ᠪᠤᠯ ᠬᠤᠳᠤᠭᠤᠳᠤᠨ ᠡᠪᠡᠳᠴᠢᠳᠠᠨ ᠳᠤ ᠠᠪᠴᠤ ᠬᠡᠯᠡᠪᠡᠯ ᠦᠷᠭᠦᠯᠵᠢ | ᠳᠤᠬᠢᠶᠠᠯᠳᠤᠳᠠᠭ ᠡᠪᠡᠳᠴᠢᠨ ᠤ ᠢᠯᠡᠷᠡᠯ ᠪᠤᠯᠤᠨ᠎ᠠ᠃ | 13. ᠳᠠᠮᠢᠷᠳᠠᠵᠤ᠂ ᠳᠦᠷᠪᠡᠨ ᠮᠦᠴᠢ ᠰᠤᠯᠳᠠᠶᠢᠬᠤ᠃ ᠡᠪᠡᠳᠴᠢᠨ ᠤᠳᠠᠪᠠᠯ ᠳᠠᠮᠢᠷ ᠳᠤᠷᠦ᠋ᠢᠳᠠᠵᠤ᠂ | ᠳᠠᠮᠢᠷᠳᠠᠬᠤ᠂ ᠬᠦᠳᠡᠯᠬᠦ ᠳᠤᠷ᠎ᠠ ᠦᠭᠡᠢ᠂ ᠳᠦᠷᠪᠡᠨ ᠮᠦᠴᠢ ᠰᠤᠯᠳᠠᠶᠢᠬᠤ ᠢᠯᠡᠷᠡᠯ ᠭᠠᠷᠳᠠᠭ᠃ 14. ᠪᠢᠯᠢᠭ ᠴᠢᠨᠠᠷ | ᠳᠤᠷᠦ᠋ᠢᠳᠠᠵᠤ ᠬᠠᠯᠠᠭᠤᠨ ᠶᠡᠬᠡᠰᠪᠡᠯ ᠬᠤᠷᠭᠤᠰᠤ ᠬᠠᠳᠠᠨ᠎ᠠ᠃ ᠬᠡᠷᠪᠡ ᠬᠤᠷᠭᠤᠰᠤ ᠰᠢᠩᠭᠡᠨ ᠪᠠᠶᠢᠪᠠᠯ ᠳᠡᠯᠢᠭᠦᠦ ᠶᠢᠨ | ᠠᠵᠢᠯᠯᠠᠭ᠎ᠠ ᠬᠡᠪ ᠤᠨ ᠪᠠᠶᠢᠳᠠᠯ ᠢᠶᠠᠨ ᠠᠯᠳᠠᠭᠰᠠᠨ ᠢᠯᠡᠷᠡᠯ ᠪᠤᠯᠤᠨ᠎ᠠ᠃ | ★ ᠬᠤᠳᠤᠭᠤᠳᠤ ᠡᠪᠭᠦ᠋ᠢᠷᠡᠬᠦ ᠠᠴᠠ ᠰᠡᠷᠭᠡᠶᠢᠯᠡᠬᠦ᠄ | 1. ᠰᠦᠨᠢᠵᠢᠨ ᠰᠠᠭᠤᠬᠤ ᠠᠴᠠ ᠵᠠᠶᠢᠯᠠᠰᠬᠢᠵᠤ᠂ ᠰᠠᠨᠠᠭ᠎ᠠ ᠰᠡᠳᠭᠢᠯ ᠢᠶᠠᠨ ᠳᠠᠶᠢᠪᠤᠩ ᠦᠭᠡᠳᠡᠷᠭᠡᠭ ᠪᠠᠶᠢᠯᠭᠠᠨ᠎ᠠ | ᠃ ᠠᠵᠢᠯ ᠤᠨ ᠳᠠᠷᠤᠭᠠᠰᠤ ᠶᠡᠬᠡᠳᠡᠬᠦ᠂ ᠭᠡᠳᠦ ᠶᠠᠳᠠᠷᠠᠬᠤ᠂ ᠤᠷᠮ᠎ᠠ ᠦᠭᠡᠢ ᠦᠶ᠎ᠠ ᠳᠤ ᠬᠤᠳᠤᠭᠤᠳᠤᠨ ᠤ | ᠬᠦᠴᠢᠯ ᠤᠨ ᠢᠯᠭᠠᠷᠠᠭᠤᠯᠤᠯᠳᠠ ᠨᠡᠮᠡᠭᠳᠡᠵᠦ ᠰᠢᠷ᠎ᠠ ᠬᠤᠰᠤᠬᠤ᠂ ᠳᠤᠷ᠎ᠠ ᠪᠤᠯᠬᠢᠬᠤ ᠪᠠᠶᠢᠳᠠᠯ ᠭᠠᠷᠳᠠᠭ᠃ ᠭᠡᠳᠦ | ᠰᠢᠬᠢᠷᠯᠢᠭ᠂ ᠱᠤᠷᠪᠤᠭ᠂ ᠭᠤᠱᠤᠭᠤᠨ᠂ ᠬᠦᠴᠢᠯᠢᠭ᠂ ᠬᠦᠢᠳᠡᠨ᠂ ᠬᠠᠯᠠᠭᠤᠨ ᠢᠳᠡᠭᠡᠨ ᠪᠠᠭ᠎ᠠ ᠢᠳᠡᠨ᠎ᠠ᠃ | 2. ᠳᠤᠰᠤᠨ ᠳᠤ ᠪᠤᠴᠠᠯᠭᠠᠭᠰᠠᠨ ᠢᠳᠡᠭᠡᠨ ᠪᠠᠭ᠎ᠠ ᠢᠳᠡᠨ᠎ᠠ᠃ ᠳᠤᠰᠤᠨ ᠳᠤ ᠪᠤᠴᠠᠯᠭᠠᠭᠰᠠᠨ ᠢᠳᠡᠭᠡᠨ ᠢ | ᠰᠢᠩᠭᠡᠭᠡᠬᠦ ᠳᠤ ᠬᠦᠴᠢᠷ᠂ ᠰᠢᠩᠭᠡᠭᠡᠯᠳᠡ ᠶᠢᠨ ᠵᠠᠮ ᠤᠨ ᠳᠠᠷᠤᠭᠠᠰᠤ ᠶᠢ ᠨᠡᠮᠡᠭᠳᠡᠭᠦᠯᠵᠦ᠂ ᠠᠷᠪᠢᠨ ᠢᠳᠡᠪᠡᠯ | ᠰᠢᠩᠭᠡᠭᠡᠵᠦ ᠳᠡᠶᠢᠯᠬᠦ ᠦᠭᠡᠢ ᠠᠴᠠ ᠪᠤᠯᠵᠤ ᠴᠢᠰᠦᠨ ᠤ ᠦᠭᠡᠬᠦ ᠶᠢ ᠦᠨᠳᠦᠷᠵᠢᠭᠦᠯᠵᠦ ᠡᠷᠡᠭᠦᠯ ᠮᠡᠨᠳᠦ ᠳᠤ ᠠᠰᠢᠬ | ᠦᠭᠡᠢ ᠪᠠᠶᠢᠳᠠᠭ᠃ | 3. ᠳᠠᠪᠤᠰᠤᠯᠠᠭᠰᠠᠨ ᠢᠳᠡᠭᠡᠨ ᠪᠠᠭ᠎ᠠ ᠢᠳᠡᠨ᠎ᠠ᠃ ᠳᠠᠪᠤᠰᠤᠯᠠᠭᠰᠠᠨ ᠢᠳᠡᠭᠡᠨ ᠳᠤ ᠳᠠᠪᠤᠰᠤ ᠡᠯᠪᠡᠭ | ᠠᠭᠤᠯᠳᠠᠭ ᠮᠦᠷᠳᠡᠭᠡᠨ ᠵᠠᠷᠢᠮ ᠦᠮᠡᠨ ᠡᠭᠦᠰᠭᠡᠭᠴᠢ ᠢ ᠠᠭᠤᠯᠳᠠᠭ ᠪᠤᠯᠬᠤᠷ ᠬᠡᠮᠵᠢᠶ᠎ᠡ ᠲᠠᠢ ᠢᠳᠡᠭᠰᠡᠨ ᠨᠢ ᠳᠡᠭᠡᠷ᠎ᠡ᠃ | 4. ᠬᠦᠢᠳᠡᠨ ᠳᠦᠭᠦᠭᠡᠢ ᠢᠳᠡᠭᠡᠨ᠂ ᠰᠡᠳᠡᠯᠳᠡ ᠶᠡᠬᠡᠳᠡᠢ ᠢᠳᠡᠭᠡᠨ ᠪᠠᠭ᠎ᠠ ᠢᠳᠡᠨ᠎ᠠ᠃ ᠬᠦᠢᠳᠡᠨ ᠳᠦᠭᠦᠭᠡᠢ | ᠢᠳᠡᠭᠡᠨ ᠪᠠ ᠰᠡᠳᠡᠯᠳᠡ ᠶᠡᠬᠡᠳᠡᠢ ᠢᠳᠡᠭᠡᠨ ᠨᠢ ᠰᠢᠩᠭᠡᠭᠡᠯᠳᠡ ᠶᠢᠨ ᠵᠠᠮ ᠤᠨ ᠰᠠᠯᠢᠰᠦᠳᠦ ᠪᠦᠷᠭᠦᠪᠴᠢ ᠳᠤ ᠬᠦᠴᠦᠳᠠᠢ | ᠰᠡᠳᠡᠯᠳᠡ ᠦᠭᠴᠦ ᠰᠠᠭᠤᠯᠭᠠᠬᠤ ᠪᠤᠶᠤ ᠰᠢᠩᠭᠡᠭᠡᠯᠳᠡ ᠶᠢᠨ ᠵᠠᠮ ᠤᠨ ᠦᠷᠪᠢᠰᠦᠯ ᠡᠭᠦᠰᠭᠡᠳᠡᠭ᠃ | 5. ᠳᠢᠭ ᠲᠠᠢ ᠢᠳᠡᠵᠦ ᠤᠤᠭᠤᠨ᠎ᠠ᠃ ᠢᠳᠡᠵᠦ ᠤᠤᠭᠤᠬᠤ ᠳᠠᠭᠠᠨ ᠳᠢᠭ ᠲᠠᠢ ᠪᠠᠶᠢᠵᠤ᠂ ᠳᠤᠭᠳᠠᠭᠰᠠᠨ | ᠴᠠᠭ ᠳᠤᠭᠳᠠᠭᠰᠠᠨ ᠬᠡᠮᠵᠢᠶ᠎ᠠ ᠶᠢ ᠪᠠᠷᠢᠮᠳᠠᠯᠠᠭᠰᠠᠭᠠᠷ ᠤᠳᠠᠭᠠᠨ ᠳᠠᠭᠠᠨ ᠰᠢᠩᠭᠡᠭᠡᠯᠳᠡ ᠶᠢᠨ ᠰᠢᠰᠲ᠋ᠧᠮ ᠤᠨ ᠪᠤᠯᠵᠤᠯᠳᠤ | ᠤᠢᠢᠯᠳᠠ ᠶᠢ ᠪᠤᠢ ᠪᠤᠯᠭᠠᠵᠤ᠂ ᠰᠢᠩᠭᠡᠭᠡᠯᠳᠡ ᠶᠢᠨ ᠪᠤᠯᠴᠢᠷᠬᠠᠢ ᠶᠢᠨ ᠢᠯᠭᠠᠷᠠᠭᠤᠯᠤᠯᠳᠠ ᠶᠢ ᠵᠢᠮ᠎ᠠ ᠶᠤᠰᠤ ᠲᠠᠢ | ᠪᠤᠯᠭᠠᠵᠤ᠂ ᠰᠢᠩᠭᠡᠭᠡᠯᠳᠡ ᠶᠢ ᠰᠠᠶᠢᠵᠢᠷᠠᠭᠤᠯᠳᠠᠭ᠃ | 6. ᠢᠳᠡᠭᠡᠨ ᠤᠮᠳᠠᠭᠠᠨ ᠤ ︽ᠭᠡᠳᠦ ᠬᠦᠢᠳᠡᠨ ᠭᠡᠳᠦ ᠬᠠᠯᠠᠭᠤᠨ︾ ᠪᠠᠶᠢᠬᠤ ᠠᠴᠠ ᠵᠠᠶᠢᠯᠠᠰᠬᠢᠨ᠎ᠠ᠃ | 7. ᠰᠠᠶᠢᠨ ᠵᠠᠵᠢᠯᠵᠤ ᠶᠠᠭᠠᠷᠠᠯ ᠦᠭᠡᠢ ᠵᠠᠯᠬᠢᠨᠠ᠃ ᠢᠯᠡᠭᠦᠦ ᠵᠠᠵᠢᠯᠪᠠᠯ ᠰᠢᠯᠦᠰᠦᠨ ᠤ ᠰᠢᠩᠭᠡᠨ ᠢ ᠢᠯᠡᠭᠦᠦ | ᠢᠯᠭᠠᠷᠠᠭᠤᠯᠵᠤ᠂ ᠬᠤᠳᠤᠭᠤᠳᠤᠨ ᠤ ᠰᠠᠯᠢᠰᠦᠳᠦ ᠪᠦᠷᠭᠦᠪᠴᠢ ᠶᠢ ᠬᠠᠮᠠᠭᠠᠯᠠᠬᠤ ᠦᠢᠯᠡᠳᠦᠯ ᠲᠠᠢ ᠪᠠᠶᠢᠳᠠᠭ᠃ | 8. ᠤᠰᠤ ᠶᠢ ᠴᠤ ᠴᠠᠭ ᠲᠠᠢ ᠤᠤᠭᠤᠨ᠎ᠠ᠃ ᠦᠷᠯᠦᠭᠡ ᠡᠷᠳᠡ ᠶᠢᠨ ᠦᠯᠦᠨ ᠳᠡᠭᠡᠷ᠎ᠡ ᠪᠠ ᠤᠳᠠᠭ᠎ᠠ | ᠪᠤᠯᠭᠠᠨ ᠤ ᠬᠤᠭᠤᠯᠠᠨ ᠠᠴᠠ 1 ᠴᠠᠭ ᠤᠨ ᠡᠮᠦᠨ᠎ᠠ ᠤᠰᠤ ᠤᠤᠭᠤᠪᠠᠯ ᠰᠠᠶᠢᠨ᠃ ᠬᠤᠭᠤᠯᠠ ᠢᠳᠡᠵᠦ | ᠳᠠᠭᠤᠰᠤᠮᠠᠬᠴᠠ ᠪᠠᠨ ᠤᠰᠤ ᠤᠤᠭᠤᠪᠠᠯ ᠬᠤᠳᠤᠭᠤᠳᠤᠨ ᠤ ᠰᠢᠩᠭᠡᠨ ᠢ ᠰᠢᠩᠭᠡᠷᠡᠭᠦᠯᠵᠦ ᠰᠢᠩᠭᠡᠭᠡᠯᠳᠡ ᠶᠢ | ᠨᠦᠯᠦᠭᠡᠯᠡᠳᠡᠭ᠂ ᠱᠦᠯᠦ ᠪᠠᠷ ᠬᠤᠭᠤᠯᠠ ᠰᠢᠩᠭᠡᠯᠡᠬᠦ ᠨᠢ ᠴᠤ ᠠᠳᠠᠯᠢᠬᠠᠨ ᠨᠦᠯᠦᠭᠡ ᠦᠵᠡᠭᠦᠯᠳᠡᠭ᠃ | 9. ᠬᠤᠳᠤᠭᠤᠳᠤ ᠪᠠᠨ ᠳᠤᠯᠠᠭᠠᠨ ᠪᠠᠶᠢᠯᠭᠠᠨ᠎ᠠ᠃ ᠬᠤᠳᠤᠭᠤᠳᠤ ᠳᠠᠭᠠᠷᠠᠪᠠᠯ ᠬᠤᠳᠤᠭᠤᠳᠤᠨ ᠤ ᠴᠢᠳᠠᠪᠬᠢ ᠶᠢ | ᠮᠠᠭᠤᠳᠠᠭᠤᠯᠳᠠᠭ᠃ | 10. ᠰᠡᠳᠡᠯᠳᠡ ᠠᠴᠠ ᠵᠠᠶᠢᠯᠠᠰᠭᠢᠨ᠎ᠠ᠃ ᠳᠠᠮᠠᠬᠢ ᠳᠠᠳᠠᠬᠤ ᠦᠭᠡᠢ ᠪᠤᠯ ᠰᠠᠶᠢᠨ᠂ ᠳᠠᠮᠠᠬᠢ ᠳᠠᠳᠠᠪᠠᠯ | ᠬᠤᠳᠤᠭᠤᠳᠤᠨ ᠤ ᠴᠢᠰᠦᠨ ᠰᠤᠳᠠᠯ ᠢ ᠠᠪᠴᠢᠭᠤᠯᠵᠤ᠂ ᠬᠤᠳᠤᠭᠤᠳᠤᠨ ᠬᠠᠨ᠎ᠠ ᠶᠢᠨ ᠡᠰ ᠤᠨ ᠴᠢᠰᠦᠨ ᠤ | ᠬᠠᠩᠭᠠᠯᠭ᠎ᠠ ᠶᠢ ᠨᠦᠯᠦᠭᠡᠯᠡᠵᠦ᠂ ᠬᠤᠳᠤᠭᠤᠳᠤᠨ ᠤ ᠰᠠᠯᠢᠰᠦᠳᠦ ᠪᠦᠷᠭᠦᠪᠴᠢ ᠶᠢᠨ ᠡᠪᠡᠳᠴᠢᠨ ᠡᠰᠡᠷᠭᠦᠴᠡᠬᠦ | ᠴᠢᠳᠠᠪᠤᠷᠢ ᠶᠢ ᠪᠠᠭᠤᠷᠠᠭᠤᠯᠤᠨ ᠬᠤᠳᠤᠭᠤᠳᠤᠨ ᠤ ᠡᠪᠡᠳᠴᠢᠨ ᠡᠭᠦᠰᠭᠡᠳᠡᠭ᠃ ᠠᠷᠢᠬᠢ ᠪᠠᠭ᠎ᠠ ᠤᠤᠭᠤᠵᠤ᠂ ᠯᠠᠵᠤᠤ᠂ | ᠬᠤᠵᠤᠤ ᠮᠡᠳᠦ ᠶᠢᠨ ᠰᠡᠳᠡᠯᠳᠡ ᠲᠠᠢ ᠢᠳᠡᠭᠡᠨ ᠪᠠᠭ᠎ᠠ ᠢᠳᠡᠨ᠎ᠠ᠃ | ︵ᠡᠬᠡ ᠪᠢᠴᠢᠭ ᠢ ᠠᠷᠠᠳ ᠤᠨ ᠰᠦᠯᠵᠢᠶ᠎ᠠ ᠠᠴᠠ ᠠᠪᠤᠪᠠ︶ | |