︽ᠬᠡᠰᠢᠭᠳᠡᠨ︾ ᠴᠡᠷᠢᠭ ᠭᠡᠭᠴᠢ ᠶᠠᠮᠠᠷ ᠴᠡᠷᠢᠭ ᠪᠤᠢ
ᠨᠡᠶᠢᠲᠡᠯᠡᠭᠰᠡᠨ ᠴᠠᠭ᠄
2019-04-02
    ︽ᠬᠡᠰᠢᠭᠳᠡᠨ︾ ᠴᠡᠷᠢᠭ ᠭᠡᠭᠴᠢ ᠶᠠᠮᠠᠷ ᠴᠡᠷᠢᠭ ᠪᠤᠢ     ᠲᠡᠥᠬᠡᠨ ᠳᠠᠬᠢ ︽ᠬᠡᠰᠢᠭᠳᠡᠨ︾ ᠪᠤᠯ ᠴᠢᠩᠬᠢᠰ ᠬᠠᠭᠠᠨ ᠤ ᠤᠷᠳᠤ ᠶᠢ ᠬᠠᠮᠠᠭᠠᠯᠠᠬᠤ ᠰᠢᠳᠠᠷ ᠬᠠᠮᠠᠭᠠᠯᠠᠭᠴᠢ ᠬᠦᠮᠤᠰ ᠢ ᠬᠡᠯᠡᠳᠡᠭ᠃ ᠲᠡᠳᠡᠨ ᠤ ᠡᠩ ᠤᠨ ᠴᠠᠭ ᠤᠨ ᠡᠬᠦᠷᠭᠡ ᠪᠤᠯ ᠬᠠᠭᠠᠨ ᠤ ᠰᠢᠳᠠᠷ ᠬᠠᠮᠠᠭᠠᠯᠠᠯ ᠢ ᠬᠦᠢᠴᠡᠳᠭᠡᠵᠤ ᠂ ᠲᠠᠶᠢᠨ ᠪᠠᠶᠢᠯᠳᠤᠭᠠᠨ ᠤ ᠦᠶ᠎ᠠ ᠳᠤ ᠬᠠᠭᠠᠨ ᠤ ᠰᠢᠭᠤᠳ ᠵᠠᠬᠢᠷᠤᠯ ᠢᠶᠠᠷ ᠬᠦᠨᠳᠤ ᠴᠢᠬᠤᠯᠠ ᠡᠬᠦᠷᠭᠡ ᠶᠢ ᠬᠦᠢᠴᠡᠳᠭᠡᠳᠡᠭ᠃ ᠲᠡᠷᠡ ᠨᠢ ︽ᠡᠩ ᠤᠨ ᠡᠳᠤᠷ ᠡᠭᠡᠯᠵᠢᠯᠡᠬᠦ ᠲᠤᠷᠬᠠᠭ ᠴᠡᠷᠢᠭ ᠪᠤᠯᠭᠠᠵᠤ᠂ ᠬᠤᠳᠬᠤᠯᠳᠤᠨ ᠪᠠᠶᠢᠯᠳᠤᠬᠤ ᠡᠳᠤᠷ ᠬᠠᠮᠤᠭ ᠤᠨ ᠲᠡᠷᠢᠬᠦᠨ ᠳᠤ ᠪᠠᠭᠠᠳᠤᠷᠯᠠᠭᠤᠯᠤᠨ ᠶᠠᠪᠤᠭᠤᠯᠬᠤ ᠶᠡᠬᠡᠭᠤᠥᠯ ᠤᠨ ᠴᠡᠷᠢᠭ ᠪᠤᠯᠭᠠᠬᠤ︾ ᠶᠠᠪᠤᠳᠠᠯ ᠪᠤᠯᠤᠨ᠎ᠠ᠃ ᠬᠡᠰᠢᠭᠳᠡᠨ ᠢ ᠪᠠᠰᠠ ︽ᠬᠡᠪᠳᠡᠬᠦᠯ︾ ︽ᠬᠤᠷᠴᠢᠨ︾ ︽ᠲᠤᠷᠬᠠᠭ︾ ᠭᠡᠵᠤ ᠠᠵᠢᠯ ᠡᠬᠦᠷᠭᠡ ᠪᠠᠷ ᠨᠢ ᠨᠠᠷᠢᠨ ᠬᠤᠪᠢᠶᠠᠷᠢᠯᠠᠳᠠᠭ ᠭᠡᠨ᠎ᠠ᠃     ︽ᠬᠡᠰᠢᠭᠳᠡᠨ︾ ᠴᠡᠷᠢᠭ ᠢ ᠬᠡᠵᠢᠶ᠎ᠠ ᠪᠠᠶᠢᠭᠤᠯᠪᠠ    ᠴᠢᠩᠬᠢᠰ ᠬᠠᠭᠠᠨ ᠤ ᠬᠡᠰᠢᠭᠳᠡᠨ ᠴᠡᠷᠢᠭ ᠨᠢ 1204 ᠤᠨ ᠳᠤ ᠨᠠᠢᠮᠠᠠ ᠢ ᠨᠢᠭᠡᠳᠭᠡᠨ ᠠᠪᠬᠤ ᠶᠢᠨ ᠡᠮᠤᠨ᠎ᠠ ᠵᠢᠩᠬᠢᠨᠢ ᠪᠠᠷ ᠪᠠᠶᠢᠭᠤᠯᠪᠡ᠃ ᠲᠡᠷᠠ ᠦᠶ᠎ᠠ ᠳᠤ ᠨᠠᠶᠠᠨ ᠬᠡᠪᠳᠡᠬᠦᠯ᠂ ᠲᠠᠯᠠᠨ ᠲᠤᠷᠬᠠᠭ ᠲᠠᠢ ᠪᠠᠶᠢᠵᠠᠢ᠃ ᠪᠦᠬᠦ ᠮᠤᠩᠭᠤᠯ ᠢ ᠨᠢᠭᠡᠳᠭᠡᠭᠰᠡᠨ ᠤ ᠲᠠᠷᠠᠭ᠎ᠠ᠂ ᠲᠤᠷᠬᠠᠭ ᠨᠠᠢᠮᠠᠠ ᠮᠢᠩᠭ᠎ᠠ᠂ ᠬᠡᠪᠳᠡᠬᠦᠯ᠂ ᠬᠤᠷᠴᠢᠨ ᠢ ᠲᠤᠰ ᠪᠦᠷᠢ ᠮᠢᠩᠭ᠎ᠠ ᠪᠤᠯᠭᠠᠵᠤ᠂ ᠨᠡᠶᠢᠳᠠ ᠲᠦᠮᠡᠨ ᠬᠡᠰᠢᠭᠳᠡᠨ ᠪᠤᠯᠭᠠᠪᠠ᠃        ︽ᠬᠡᠰᠢᠭᠳᠡᠨ︾ ᠴᠡᠷᠢᠭ ᠢ ᠶᠠᠭᠠᠬᠢᠵᠤ ᠵᠤᠬᠢᠶᠠᠨ ᠪᠠᠶᠢᠭᠤᠯᠤᠭᠰᠠᠨ ᠪᠤᠢᠴᠢᠩᠬᠢᠰ ᠬᠠᠭᠠᠨ ᠲᠦᠮᠡᠨ ᠬᠡᠰᠢᠭᠳᠡᠨ ᠢᠶᠠᠨ ᠶᠡᠭᠡ ᠨᠡᠬᠦᠷᠢᠨ ︵ᠮᠦᠩᠯᠢᠭ ᠡᠴᠢᠭᠡ ᠶᠢᠨ ᠬᠦᠪᠡᠬᠦᠨ︶᠂ ᠶᠢᠰᠤᠨᠳᠡᠭᠡ ︵ᠵᠡᠯᠮ᠎ᠠ ᠶᠢᠨ ᠬᠦᠪᠡᠬᠦᠨ︶᠂ ᠦᠭᠡᠯᠡᠨ ᠴᠠᠷᠪᠢ ︵ᠪᠤᠭᠤᠷᠴᠤ ᠶᠢᠨ ᠲᠡᠬᠦᠥ︶᠂ ᠪᠤᠬ᠎ᠠ ︵ᠮᠤᠬᠤᠯᠠᠢ ᠶᠢᠨ ᠲᠡᠬᠦᠥ︶᠂ ᠠᠯᠴᠢᠳᠠᠢ ︵ᠢᠯᠤᠭᠡᠢ ᠶᠢᠨ ᠲᠡᠬᠦᠥ︶᠂ ᠲᠤᠳᠢ ᠴᠠᠷᠪᠢ᠂ ᠲᠤᠭᠤᠯᠬᠤ ᠴᠠᠷᠪᠢ ︵ᠵᠠᠳᠠᠢ ᠶᠢᠨ ᠲᠡᠬᠦᠥ᠂ ᠮᠠᠩᠭᠤᠳ ᠤᠪᠤᠭᠳᠠᠨ︶᠂ ᠴᠠᠨᠠᠢ ︵ᠵᠦᠷᠴᠢᠳᠠᠢ ᠶᠢᠨ ᠲᠡᠬᠦᠥ᠂ ᠤᠷᠤᠨᠠᠷ ᠤᠨ ᠤᠪᠤᠭᠳᠠᠨ︶᠂ ᠠᠬᠤᠳᠠᠢ ︵ᠬᠤᠩᠬᠢᠷᠠᠳ ᠤᠪᠤᠭᠳᠠᠨ᠂ ᠠᠯᠵᠢ ᠨᠤᠶᠠᠨ ᠤ ᠲᠡᠬᠦᠥ︶᠂ ᠠᠷᠬᠠᠢ ᠬᠠᠰᠠᠷ ︵ᠵᠠᠯᠠᠶᠢᠷ ᠤᠪᠤᠭᠳᠠᠨ᠂ ᠰᠠᠴᠠ ᠲᠤᠮᠤᠭ ᠤᠨ ᠬᠦᠪᠡᠬᠦᠨ︶ ᠨᠠᠷ ᠲᠤ ᠲᠤᠰ ᠪᠦᠷᠢ ᠮᠢᠩᠭᠠᠨ ᠬᠦᠮᠤᠨ ᠦᠭᠴᠤ ᠵᠤᠬᠢᠶᠠᠨ ᠪᠠᠶᠢᠭᠤᠯᠵᠠᠢ᠃    ᠲᠤᠷᠬᠠᠭ ᠢᠶᠠᠨ ᠬᠡᠷᠬᠢᠨ ᠵᠤᠬᠢᠶᠠᠨ ᠪᠠᠶᠢᠭᠤᠯᠬᠤ ᠪᠤᠢ    ᠬᠡᠰᠢᠭᠳᠡᠨ ᠴᠡᠷᠢᠭ ᠤᠨ ᠲᠤᠷᠬᠠᠭ ᠤᠳ ᠢᠶᠠᠨ ᠲᠦᠷᠪᠡᠨ ᠡᠭᠡᠯᠵᠢ ᠪᠤᠯᠭᠠᠵᠤ᠂ ᠪᠤᠬ᠎ᠠ᠂ ᠠᠯᠴᠢᠳᠠᠢ᠂ ᠲᠤᠳᠢ᠂ ᠴᠠᠷᠪᠢ᠂ ᠲᠤᠭᠤᠯᠠᠬᠤ ᠴᠠᠷᠪᠢ ᠲᠦᠷᠪᠡ ᠶᠢ ᠲᠤᠷᠬᠠᠭ ᠤᠨ ᠠᠬᠠᠯᠠᠭᠴᠢ ᠪᠤᠯᠭᠠᠵᠠᠢ᠃    ︽ᠬᠡᠰᠢᠭᠳᠡᠨ︾ ᠴᠡᠷᠢᠭ ᠶᠠᠮᠠᠷ ᠦᠢᠯᠡᠳᠤᠯ ᠦᠵᠡᠬᠦᠯᠪᠡ    ᠲᠦᠮᠡᠨ ᠬᠡᠰᠢᠭᠳᠡᠨ ᠪᠤᠯ ᠵᠤᠬᠢᠬᠤ ᠨᠦᠬᠦᠴᠠᠯ ᠪᠡᠷᠢᠮᠵᠢᠶ᠎ᠠ ᠪᠠᠷ ᠰᠤᠩᠭᠤᠨ ᠠᠪᠴᠤ᠂ ᠴᠢᠩᠭ᠎ᠠ ᠬᠠᠳᠠᠭᠤ ᠪᠠᠷ ᠰᠤᠷᠭᠠᠭᠤᠯᠢᠯᠡᠨ ᠬᠦᠮᠤᠵᠢᠬᠦᠯᠵᠤ᠂ ᠨᠠᠷᠢᠨ ᠲᠤᠳᠤᠷᠬᠠᠢ ᠴᠢᠩᠭ᠎ᠠ ᠲᠦᠷᠢᠮ ᠢᠶᠠᠷ ᠠᠵᠢᠯᠯᠠᠳᠠᠭ ᠰᠢᠳᠠᠷ ᠴᠡᠷᠢᠭ ᠪᠤᠯᠤᠨ᠎ᠠ᠃ ᠶᠡᠭᠡ ᠬᠠᠭᠠᠨ ᠤ ᠬᠠᠮᠠᠭᠠᠯᠠᠯ ᠢ ᠬᠠᠷᠢᠭᠤᠴᠠᠬᠤ ᠪᠠᠷ ᠪᠠᠷᠠᠬᠤ ᠦᠭᠡᠢ᠂ ᠲᠡᠷᠠ ᠨᠢ ᠨᠢᠭᠡ ᠴᠡᠷᠢᠭ ᠤᠨ ᠰᠤᠷᠭᠠᠭᠤᠯᠢ ᠶᠢᠨ ᠦᠢᠯᠡᠳᠤᠯ ᠲᠠᠢ ᠪᠠᠶᠢᠪᠠ᠃     ︵︽ᠤᠯᠠᠭᠠᠨᠬᠠᠳᠠ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号