ᠮᠤᠩᠭᠤᠯᠴᠤᠳ ᠤᠨ ᠰᠦ ᠶᠢ ᠲᠡᠭᠡᠳᠤᠯᠡᠬᠦ ᠶᠤᠰᠤᠨ ᠵᠢᠴᠢ ᠴᠠᠭᠠᠨ ᠢᠳᠡᠭᠡᠨ ᠤ ᠲᠤᠬᠠᠢ ᠴᠡᠭᠡᠷ ᠶᠤᠰᠤ
ᠨᠡᠶᠢᠲᠡᠯᠡᠭᠰᠡᠨ ᠴᠠᠭ᠄
2019-04-02
    ᠮᠤᠩᠭᠤᠯᠴᠤᠳ ᠮᠠᠯ ᠤᠨ ᠢᠶᠠᠨ ᠰᠦ ᠶᠢ ᠢᠳᠡᠭᠡᠨ ᠪᠦᠬᠦᠨ ᠤ ᠲᠡᠭᠡᠳᠤ ᠭᠡᠵᠤ ᠶᠡᠬᠡᠳᠠ ᠨᠠᠨᠳᠢᠩᠨᠠᠨ ᠬᠦᠨᠳᠤᠳᠭᠡᠳᠡᠭ᠃ᠠᠯᠢᠪᠠ ᠡᠳ᠋ ᠶᠠᠭᠤᠮᠠᠰ᠂ ᠬᠦᠮᠤᠨ ᠪᠦᠬᠦᠨ ᠤ ᠰᠡᠳᠬᠢᠯ ᠰᠠᠨᠠᠭ᠎ᠠ ᠶᠢ ᠰᠦ ᠰᠢᠭ ᠠᠷᠢᠭᠤᠨ ᠴᠠᠶᠢᠯᠭᠠᠨ ᠪᠠᠶᠢᠭᠠᠰᠠᠢ ᠭᠡᠵᠤ ᠪᠡᠯᠭᠡᠳᠡᠨ ᠢᠷᠤᠭᠡᠳᠡᠭ᠃ ᠬᠠᠨᠢ ᠨᠦᠬᠦᠷ᠂ ᠦᠷ᠎ᠠ ᠬᠡᠥᠬᠡᠳ ᠨᠢ ᠠᠯᠤᠰ ᠬᠤᠯᠠ ᠶᠠᠪᠤᠬᠤ ᠳᠤ ᠵᠢᠷᠤᠮᠳᠤ ᠭᠡᠷᠬᠡᠢ ᠂ ᠬᠠᠯᠠᠮᠵᠢᠯᠠᠯᠳᠤ ᠡᠬᠡ ᠨᠢ ᠲᠦᠷᠤᠭᠡᠨ ᠳᠤᠨᠢ ᠰᠦ ᠲᠤᠰᠤᠭᠠ᠂ ᠬᠤᠶᠢᠨ᠎ᠠ ᠠᠴᠠ ᠨᠢ ᠰᠦ ᠡᠷᠬᠦᠳᠡᠭ᠃    ᠮᠤᠩᠭᠤᠯᠴᠤᠳ ᠰᠦ ᠶᠢ ︽ᠢᠳᠡᠭᠡᠨ ᠤ ᠲᠡᠭᠡᠵᠢ ᠴᠠᠭᠠᠨ ᠰᠦ᠂ ᠢᠳᠡᠭᠡᠯ ᠤᠨ ᠲᠡᠭᠡᠳᠤ ᠴᠠᠭᠠᠨ ᠰᠡᠳᠬᠢᠯ︾ ᠭᠡᠳᠡᠭ᠃ ᠰᠦᠨ ᠤ ᠴᠠᠭᠠᠨ ᠦᠩᠭᠡ ᠶᠢ ᠠᠷᠢᠭᠤᠨ ᠰᠢᠳᠤᠷᠭᠤ᠂ ᠰᠠᠶᠢᠨ ᠰᠠᠶᠢᠬᠠᠨ ᠤ ᠪᠡᠯᠭᠡ ᠲᠡᠮᠳᠡᠭ ᠢᠶᠠᠷ ᠦᠵᠡᠳᠡᠭ᠃ ᠰᠦ ᠰᠠᠭᠠᠯᠢ ᠶᠢᠨ ᠢᠶᠠᠨ ᠲᠡᠭᠡᠵᠢ ᠶᠢ ᠶᠢᠰᠤᠨ ᠨᠦᠭᠡ ᠲᠠᠢ ᠰᠠᠴᠤᠯᠢ ᠪᠠᠷ ᠡᠬᠡ ᠲᠡᠯᠡᠬᠡᠢ ᠠᠭᠤᠯᠠ ᠤᠰᠤᠨ ᠬᠠᠨ ᠲᠡᠭᠷᠢ ᠳᠡᠭᠡᠨ ᠡᠷᠬᠦᠳᠡᠭ ᠨᠢ ᠬᠤᠷᠸ᠎ᠠ ᠲᠡᠯᠡᠬᠡᠢ ᠮᠢᠨᠢ ᠬᠡᠰᠢᠭ ᠪᠤᠶᠠᠨ ᠢᠶᠠᠨ ᠢᠪᠡᠭᠡᠵᠤ ᠲᠡᠳᠬᠦᠬᠦ ᠶᠢ ᠪᠡᠯᠭᠡᠳᠡᠨ ᠬᠦᠰᠡᠭᠰᠡᠨ ᠪᠡᠯᠭᠡᠳᠡᠯ ᠤᠨ ᠲᠡᠭᠡᠳᠤ ᠰᠤᠶᠤᠯ ᠪᠢᠯᠠ᠃    ᠮᠤᠩᠭᠤᠯᠴᠤᠳ ᠴᠠᠭᠠᠨ ᠢᠳᠡᠭᠡᠨ ᠢ ᠶᠡᠷᠤᠳᠡᠭᠡᠨ ᠢᠳᠡᠭᠡᠨ ᠤ ᠲᠡᠭᠡᠳᠤ ᠪᠤᠯᠭᠠᠨ ᠨᠠᠨᠳᠢᠩᠨᠠᠨ ᠦᠵᠡᠳᠡᠭ ᠪᠤᠯᠬᠤᠷ ᠪᠤᠯᠪᠠᠰᠤᠷᠠᠭᠤᠯᠵᠤ ᠡᠳ᠋ᠯᠡᠬᠦ ᠲᠠᠯ᠎ᠠ ᠪᠠᠷ ᠨᠠᠷᠢᠨ ᠶᠤᠰᠤ ᠭᠤᠷᠢᠮ ᠲᠠᠢ ᠪᠠᠶᠢᠳᠠᠭ᠃ ᠲᠡᠭᠡᠵᠤ ᠢᠳᠡᠭᠡ ᠵᠠᠰᠠᠬᠤ ᠪᠤᠶᠤ ᠠᠮᠰᠠᠬᠤ ᠳᠤ ᠲᠤᠯᠤᠭᠠᠢ ᠨᠢᠴᠤᠬᠦᠨ ᠪᠠᠶᠢᠵᠤ ᠪᠤᠯᠳᠠᠭ ᠦᠭᠡᠢ᠃ᠰᠠᠨᠠᠭᠠᠨ ᠳᠤ ᠦᠭᠡᠢ ᠰᠦ ᠠᠰᠬᠠᠪᠠᠯ ᠲᠤᠮᠳᠠ ᠬᠤᠷᠤᠭᠤ ᠪᠠᠷ ᠢᠶᠠᠨ ᠠᠪᠴᠤ ᠲᠤᠬᠤᠨ ᠲᠡᠭᠡᠷ᠎ᠠ ᠪᠠᠨ ᠲᠦᠷᠬᠢᠬᠡᠳ ᠴᠡᠭᠡᠷ ᠢᠶᠠᠨ ᠲᠠᠶᠢᠯᠳᠠᠭ᠃ ᠰᠦᠨ ᠳᠤ ᠴᠢᠰᠤ ᠤᠷᠤᠭᠤᠯᠪᠠᠯ ᠲᠦᠢᠯ ᠤᠨ ᠮᠠᠭᠤ ᠢᠷᠸ᠎ᠠ ᠭᠡᠵᠤ ᠦᠵᠡᠳᠡᠭ᠂ ᠡᠶᠢᠮᠤ ᠠᠴᠠ ᠰᠦ ᠲᠠᠢ ᠴᠠᠢ ᠳᠤ ᠮᠢᠬ᠎ᠠ ᠬᠢᠵᠤ ᠢᠳᠡᠬᠦ ᠶᠢ ᠴᠡᠭᠡᠷᠯᠡᠳᠡᠭ ᠪᠢᠯᠠ᠃     ᠤᠭᠤᠷᠠᠭ ᠢ ᠵᠤᠭᠰᠤᠭ᠎ᠠ ᠪᠠᠷ ᠢᠳᠡᠪᠡᠯ ᠮᠠᠯ ᠨᠢ ᠵᠤᠭᠰᠤᠭ᠎ᠠ ᠪᠠᠷ ᠲᠦᠯᠯᠡᠨ᠎ᠠ ᠭᠡᠬᠦ ᠲᠤᠯᠠ ᠡᠬᠦᠨ ᠢ ᠪᠠᠰᠠ ᠴᠡᠭᠡᠷᠯᠡᠳᠡᠭ᠃ ᠬᠤᠨᠢᠨ ᠰᠦ ᠶᠢᠨ ᠲᠠᠷᠠᠭ ᠢ ᠬᠠᠪᠤᠷ ᠴᠢᠬᠢᠭ ᠪᠠᠮ ᠡᠪᠡᠳᠴᠢᠳᠠᠨ ᠬᠢᠭᠡᠳ ᠬᠤᠳᠠ ᠰᠠᠭᠤᠷᠢᠨ ᠤ ᠬᠦᠮᠤᠨ ᠡᠳ᠋ᠯᠡᠪᠡᠯ ᠬᠤᠥᠷ ᠪᠤᠯᠤᠨ᠎ᠠ ᠭᠡᠵᠤ ᠴᠡᠭᠡᠷᠯᠡᠳᠡᠭ᠃ ᠬᠢᠷᠠᠮ᠎ᠠ ᠬᠢᠬᠦ ᠳᠡᠭᠡᠨ ᠵᠠᠪᠠᠯ ᠤᠰᠤᠨ ᠳᠤ ᠰᠦ ᠪᠠᠨ ᠬᠢᠳᠡᠭ᠂ ᠬᠠᠷᠢᠨ ᠰᠦᠨ ᠳᠤ ᠤᠰᠤ ᠬᠢᠳᠡᠭ ᠦᠭᠡᠢ᠂ ᠡᠰᠠ ᠲᠡᠭᠡᠪᠡᠯ ᠰᠠᠭᠠᠯᠢ ᠶᠢᠨ ᠡᠵᠡᠨ ᠬᠢᠯᠢᠩᠨᠡᠨ᠎ᠠ ᠭᠡᠳᠡᠭ᠃ ᠴᠠᠭᠠᠨ ᠢᠳᠡᠬᠡᠨ ᠢ ᠭᠡᠭᠡᠵᠤ ᠠᠰᠬᠠᠪᠠᠯ ᠠᠮᠠᠨ ᠬᠡᠰᠢᠭ ᠮᠠᠭᠤᠳᠠᠨ᠎ᠠ ᠭᠡᠳᠡᠭ᠃ ᠴᠠᠭᠠᠨ ᠢᠳᠡᠭᠡᠨ ᠳᠤ ᠰᠠᠪᠬ᠎ᠠ ᠬᠡᠷᠡᠭᠯᠡᠪᠡᠯ ᠴᠠᠭᠠᠨ ᠢᠳᠡᠭᠡᠨ ᠤ ᠠᠮᠠᠨ ᠬᠡᠰᠢᠭ ᠬᠠᠵᠠᠶᠢᠨ᠎ᠠ ᠭᠡᠳᠡᠭ᠃ ᠴᠠᠭᠠᠨ ᠢᠳᠡᠭᠡᠨ ᠢ ᠨᠢ ᠢᠳᠡᠭᠡᠨ ᠰᠠᠪᠠ ᠶᠢ ᠨᠢ ᠬᠦᠮᠤᠷᠢᠪᠠᠯ ᠰᠦ ᠴᠠᠭᠠᠨ ᠢᠳᠡᠭᠡᠨ ᠤ ᠡᠬᠦᠳᠠ ᠬᠠᠭᠠᠭᠳᠠᠨ᠎ᠠ ᠭᠡᠳᠡᠭ᠃ ᠴᠠᠭᠠᠨ ᠢᠳᠡᠭᠡᠨ ᠢ ᠤᠷᠢᠳᠤ ᠵᠦᠭ ᠬᠠᠷᠠᠭᠤᠯᠤᠨ ᠠᠶᠠᠭᠠᠯᠠᠵᠤ ᠰᠠᠪᠠᠯᠠᠪᠠᠯ ᠭᠠᠷᠤᠵᠠ ᠨᠢᠭᠤᠷᠯᠡᠨ᠎ᠠ ᠭᠡᠳᠡᠭ᠃ ᠴᠠᠭᠠᠨ ᠢᠳᠡᠭᠡᠨ ᠢ ᠢᠳᠡᠮ ᠬᠤᠷᠤᠭᠤ ᠠᠴᠠ ᠪᠤᠰᠤᠳ ᠬᠤᠷᠤᠭᠤ ᠪᠠᠷ ᠢᠶᠠᠨ ᠡᠷᠬᠦᠯ ᠰᠠᠴᠤᠯᠢ ᠡᠷᠬᠦᠬᠦ ᠪᠤᠶᠤ ᠠᠮᠰᠠᠬᠤ ᠶᠢ ᠴᠡᠭᠡᠷᠯᠡᠳᠡᠭ᠃ ᠴᠠᠭᠠᠨ ᠢᠳᠡᠭᠡᠨ ᠢ ᠵᠤᠭᠰᠤᠭ᠎ᠠ ᠪᠠᠷ ᠪᠤᠶᠤ ᠶᠠᠪᠤᠭᠤᠳᠠ ᠠᠮᠰᠠᠵᠤ ᠢᠳᠡᠬᠦ ᠨᠢ ᠬᠦᠨᠳᠤᠳᠭᠡᠯ ᠤᠨ ᠶᠤᠰᠤ ᠶᠢ ᠠᠯᠳᠠᠭᠰᠨ ᠢᠶᠠᠷ ᠦᠵᠡᠳᠡᠭ᠃ ᠠᠶᠤᠩᠭᠠᠳᠤ ᠪᠤᠷᠤᠭᠠᠨ ᠲᠠᠢ ᠦᠶᠡᠰ ᠠᠶᠢᠷᠠᠭ ᠪᠦᠯᠢᠪᠠᠯ ᠠᠶᠤᠩᠭ᠎ᠠ ᠪᠠᠭᠤᠨ᠎ᠠ ᠭᠡᠳᠡᠭ᠃     ︵︽ᠪᠠᠶᠠᠨᠨᠠᠭᠤᠷ ᠰᠦᠯᠵᠢᠶ᠎ᠠ︾ ᠠᠴᠠ ᠰᠢᠯᠵᠢᠬᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号