1. ᠶᠡᠷᠦᠮᠳᠡᠭ ᠳᠠᠷᠢᠯᠭ᠎ᠠ ᠬᠢᠬᠦ᠄ ᠮᠠᠯ ᠵᠢᠭᠦᠷᠳᠡᠨ ᠤ ᠬᠠᠯᠳᠠᠪᠤᠷᠢᠳᠤ ᠬᠢᠵᠢᠭ ᠪᠤᠯ ᠮᠠᠯ ᠵᠢᠭᠦᠷᠳᠡᠨ ᠤ ᠠᠵᠤ | ᠦᠢᠯᠡᠳᠪᠦᠷᠢᠯᠡᠯ ᠳᠤ ᠬᠦᠨᠳᠤ ᠭᠡᠴᠡᠭᠦᠦ ᠬᠤᠬᠢᠷᠠᠯ ᠤᠴᠠᠷᠠᠭᠤᠯᠳᠠᠭ ᠡᠪᠡᠳᠴᠢᠨ ᠮᠦᠨ᠃ ᠮᠠᠯ ᠵᠢᠭᠦᠷᠳᠡᠨ ᠤ | ᠬᠠᠯᠳᠠᠪᠤᠷᠢᠳᠤ ᠬᠢᠵᠢᠭ ᠭᠡᠮ ᠢ ᠡᠮᠴᠢᠯᠡᠬᠦ ᠡᠮ ᠶᠡᠷᠦ ᠳᠡᠭᠡᠨ ᠪᠠᠶᠢᠬᠤ ᠦᠭᠡᠢ᠂ ᠵᠦᠪᠬᠡᠨ ᠶᠡᠷᠦᠮᠳᠡᠭ ᠸᠠᠺᠼᠢᠨ | ᠳᠠᠷᠢᠵᠤ ᠰᠡᠷᠭᠡᠶᠢᠯᠡᠨ᠎ᠡ᠃ ᠮᠠᠯ ᠵᠢᠭᠦᠷᠳᠡᠨ ᠤ ᠬᠠᠯᠳᠠᠪᠤᠷᠢᠳᠤ ᠬᠢᠵᠢᠭ ᠨᠢ ᠬᠢᠵᠢᠭ ᠡᠭᠦᠰᠭᠡᠭᠴᠢ᠂ ᠬᠠᠯᠳᠠᠪᠤᠷᠢᠯᠠᠬᠤ | ᠦᠩᠭᠡᠷᠡᠯᠳᠡ᠂ ᠠᠮᠠᠷᠬᠠᠨ ᠬᠠᠯᠳᠠᠪᠤᠷᠢᠯᠠᠬᠤ ᠠᠮᠢᠳᠠᠨ ᠵᠡᠷᠭᠡ ᠭᠤᠷᠪᠠᠨ ᠰᠢᠯᠳᠠᠭᠠᠨ ᠠᠴᠠ ᠪᠦᠷᠢᠯᠳᠦᠵᠤ᠂ ᠬᠢᠵᠢᠭ | ᠡᠭᠦᠰᠭᠡᠭᠴᠢ ᠨᠢ ᠭᠤᠤᠯᠳᠠᠭᠤ ᠬᠢᠵᠢᠭ ᠤᠨ ᠪᠠᠺᠲᠧᠷᠢ᠂ ᠬᠢᠵᠢᠭ ᠤᠨ ᠡᠪᠡᠳᠴᠢᠨ ᠤ ᠬᠤᠤᠷ ᠠᠴᠠ ᠢᠷᠡᠯᠳᠡ ᠲᠠᠢ᠃ | ᠮᠠᠯ ᠵᠢᠭᠦᠷᠳᠡᠨ ᠳᠤ ᠬᠠᠯᠳᠠᠪᠤᠷᠢᠯᠠᠬᠤ ᠦᠩᠭᠡᠷᠡᠯᠳᠡ ᠨᠢ ᠬᠢᠵᠢᠭ ᠲᠠᠢ ᠠᠮᠢᠳᠠᠨ᠂ ᠬᠢᠵᠢᠭ ᠲᠠᠢ ᠠᠮᠢᠳᠠᠨ ᠤ | ᠪᠦᠳᠦᠭᠡᠭᠳᠡᠭᠦᠨ᠂ ᠬᠢᠵᠢᠭ ᠤᠨ ᠡᠭᠦᠰᠭᠡᠭᠴᠢ ᠲᠠᠢ ᠡᠳ᠋ ᠭᠡᠷᠡᠭᠰᠡᠯ᠂ ᠡᠪᠡᠰᠤ ᠪᠤᠷᠳᠤᠭ᠎ᠠ᠂ ᠳᠡᠷᠭᠡ ᠳᠡᠭᠡᠭᠡᠪᠦᠷᠢ ᠶᠢᠨ | ᠵᠦᠢᠯ᠂ ᠠᠮᠢᠳᠠᠨ ᠤ ᠠᠴᠢᠶᠠᠯᠠᠨ ᠳᠡᠭᠡᠪᠦᠷᠢᠯᠡᠬᠦ ᠵᠠᠮ ᠤᠨ ᠤᠷᠴᠢᠨ ᠳᠤᠭᠤᠷᠢᠨ᠂ ᠠᠭᠠᠷ ᠤᠨ ᠪᠤᠬᠢᠷᠳᠤᠯ ᠵᠡᠷᠭᠡ ᠲᠠᠢ | ᠮᠠᠰᠢ ᠶᠡᠭᠡ ᠬᠠᠷᠢᠴᠠᠭ᠎ᠠ ᠬᠤᠯᠪᠤᠭ᠎ᠠ ᠲᠠᠢ ᠪᠠᠶᠢᠳᠠᠭ᠃ ᠬᠢᠵᠢᠭ ᠢ ᠰᠡᠷᠭᠡᠶᠢᠯᠡᠬᠦ ᠶᠡᠷᠦᠮᠳᠡᠭ ᠸᠠᠺᠼᠢᠨ ᠳᠠᠷᠢᠭᠰᠠᠨ | ᠠᠮᠢᠳᠠᠨ᠂ ᠳᠤᠰ ᠬᠢᠵᠢᠭ ᠢ ᠡᠰᠡᠷᠭᠦᠴᠡᠬᠦ ᠴᠢᠳᠠᠪᠤᠷᠢ ᠰᠠᠶᠢᠨ ᠪᠠᠶᠢᠳᠠᠭ ᠳᠤᠯᠠ᠂ ᠵᠢᠯ ᠪᠦᠷᠢ ᠶᠢᠨ ᠬᠠᠪᠤᠷ ᠨᠠᠮᠤᠷ ᠤᠨ | ᠬᠤᠶᠠᠷ ᠤᠯᠠᠷᠢᠯ ᠳᠤ ᠬᠤᠶᠠᠷ ᠤᠳᠠᠭ᠎ᠠ ᠬᠢᠵᠢᠭ ᠢ ᠰᠡᠷᠭᠡᠶᠢᠯᠡᠬᠦ ᠳᠠᠷᠢᠯᠭ᠎ᠠ ᠳᠠᠷᠢᠪᠠᠯ ᠬᠢᠵᠢᠭ ᠭᠡᠮ ᠢ ᠤᠷᠢᠳᠴᠢᠯᠠᠨ | ᠰᠡᠷᠭᠡᠶᠢᠯᠡᠬᠦ ᠦᠷ᠎ᠡ ᠪᠦᠳᠦᠮᠵᠢ ᠮᠠᠰᠢ ᠬᠠᠩᠭᠠᠮᠵᠢᠳᠠᠢ ᠪᠠᠶᠢᠳᠠᠭ᠃ ᠭᠠᠵᠠᠷ ᠨᠤᠳᠤᠭ ᠤᠨ ᠤᠨᠴᠠᠯᠢᠭ ᠲᠤ | ᠳᠤᠬᠢᠷᠠᠯᠴᠠᠭᠤᠯᠤᠨ ᠳᠤᠰ ᠭᠠᠵᠠᠷ ᠤᠷᠤᠨ ᠳᠤ ᠤᠯᠠᠨ ᠳᠡᠯᠭᠡᠷᠡᠳᠡᠭ ᠬᠢᠵᠢᠭ ᠭᠡᠮ ᠢ ᠤᠷᠢᠳᠴᠢᠯᠠᠨ ᠰᠡᠷᠭᠡᠶᠢᠯᠡᠬᠦ | ᠳᠠᠷᠢᠯᠭ᠎ᠠ ᠶᠢ ᠡᠷᠴᠢᠮᠳᠠᠢ ᠬᠢᠬᠦ ᠨᠢ ᠮᠠᠯ ᠵᠢᠭᠦᠷᠳᠡᠨ ᠢ ᠡᠷᠡᠭᠦᠯ ᠮᠠᠨᠳᠤ ᠠᠷᠠᠴᠢᠯᠠᠨ ᠳᠡᠵᠢᠭᠡᠬᠦ ᠶᠢᠨ ᠵᠠᠩᠭᠢᠯᠠᠭ᠎ᠠ ᠶᠢᠨ | ᠠᠷᠭ᠎ᠠ ᠪᠠᠷᠢᠯ ᠪᠤᠯᠤᠨ᠎ᠠ᠃ | 2. ᠳᠤᠰᠠᠭᠠᠷᠯᠠᠨ ᠠᠷᠢᠭᠤᠳᠬᠠᠬᠤ᠄ ᠮᠠᠯ ᠵᠢᠭᠦᠷᠳᠡᠨ ᠳᠡᠵᠢᠭᠡᠨ ᠠᠷᠠᠴᠢᠯᠠᠬᠤ ᠳᠤ ᠦᠪᠡᠷᠳᠡᠭᠡᠨ ᠦᠷᠡᠵᠢᠭᠦᠯᠦᠨ | ᠳᠡᠵᠢᠭᠡᠬᠦ ᠶᠢ ᠬᠡᠷᠡᠭᠵᠢᠭᠦᠯᠦᠨ᠎ᠡ᠃ ᠪᠦᠬᠦ ᠰᠦᠷᠦᠭ ᠢ ᠬᠠᠮᠳᠤ ᠤᠷᠤᠭᠤᠯᠵᠤ ᠬᠠᠮᠳᠤ ᠳᠤᠨᠢ ᠬᠠᠰᠢᠶᠠᠯᠠᠯᠳᠠ ᠠᠴᠠ | ᠭᠠᠷᠭᠠᠨ᠎ᠠ᠃ ᠮᠠᠯ ᠵᠢᠭᠦᠷᠳᠡᠨ ᠢ ᠬᠠᠰᠢᠶᠠᠯᠠᠯᠳᠠ ᠳᠤ ᠤᠷᠤᠭᠤᠯᠬᠤ ᠠᠴᠠ ᠡᠮᠦᠨ᠎ᠡ ᠪᠠ ᠬᠠᠰᠢᠶᠠᠯᠠᠯᠳᠠ ᠠᠴᠠ | ᠭᠠᠷᠭᠠᠭᠰᠠᠨ ᠤ ᠰᠡᠭᠦᠯᠡᠷ ᠬᠠᠰᠢᠶ᠎ᠠ ᠪᠠᠶᠢᠷᠢ ᠶᠢ ᠳᠦᠢᠯᠪᠤᠷᠢᠳᠠᠢ ᠠᠷᠢᠭᠤᠳᠬᠠᠯ ᠬᠢᠨ᠎ᠡ᠃ ᠶᠡᠷᠦ ᠶᠢᠨ ᠦᠶᠡᠰ | ᠳᠤᠭᠳᠠᠭᠰᠠᠨ ᠬᠤᠭᠤᠴᠠᠭ᠎ᠠ ᠲᠠᠢ ᠪᠠᠷ ᠬᠠᠰᠢᠶ᠎ᠠ ᠪᠠᠶᠢᠷᠢ ᠶᠢ ᠮᠠᠯ ᠵᠢᠭᠦᠷᠳᠡᠨ ᠲᠠᠢ ᠬᠠᠮᠳᠤ ᠳᠤᠨᠢ ᠠᠷᠢᠭᠤᠳᠬᠠᠯ ᠬᠢᠨ᠎ᠡ | ︔ ᠮᠠᠯ ᠵᠢᠭᠦᠷᠳᠡᠨ ᠢ ᠭᠠᠳᠠᠨ᠎ᠠ ᠠᠴᠠ ᠤᠷᠤᠭᠤᠯᠬᠤ ᠳᠠᠭᠠᠨ ᠡᠷᠡᠭᠦᠯ ᠴᠢᠬᠢᠷᠠᠭ᠂ ᠡᠪᠡᠳᠴᠢᠨ ᠬᠢᠵᠢᠭ ᠦᠭᠡᠢ ᠮᠠᠯ | ᠵᠢᠭᠦᠷᠳᠡᠨ ᠤ ᠳᠠᠯᠠᠪᠠᠢ ᠠᠴᠠ ᠤᠷᠤᠭᠤᠯᠤᠨ ᠳᠡᠵᠢᠭᠡᠨ᠎ᠡ᠃ ᠳᠤᠰᠠᠭᠠᠷᠯᠠᠨ ᠬᠤᠷᠢᠵᠤ ᠳᠡᠵᠢᠭᠡᠨ᠂ ᠰᠠᠷ᠎ᠠ ᠰᠢᠬᠠᠮ | ᠪᠠᠶᠢᠴᠠᠭᠠᠨ ᠰᠢᠨᠵᠢᠯᠡᠵᠤ᠂ ᠬᠢᠵᠢᠭ ᠭᠡᠮ ᠦᠭᠡᠢ ᠪᠤᠯ ᠤᠤᠯ ᠰᠦᠷᠦᠭ ᠲᠤ ᠨᠡᠶᠢᠯᠡᠭᠦᠯᠵᠤ ᠳᠡᠵᠢᠭᠡᠨ᠎ᠡ︔ ᠮᠠᠯ | ᠵᠢᠭᠦᠷᠳᠡᠨ ᠤ ᠳᠡᠵᠢᠭᠡᠯᠭᠡ ᠶᠢᠨ ᠳᠠᠯᠠᠪᠠᠢ ᠳᠤ ᠮᠠᠯ ᠵᠢᠭᠦᠷᠳᠡᠨ ᠢ ᠦᠭᠡᠷ᠎ᠡ ᠮᠠᠯ ᠵᠢᠭᠦᠷᠳᠡᠨ ᠠᠴᠠ ᠳᠤᠰᠠᠭᠠᠷᠯᠠᠨ | ᠳᠡᠵᠢᠭᠡᠪᠡᠯ᠂ ᠠᠵᠤ ᠠᠬᠤᠢ ᠶᠢᠨ ᠦᠷ᠎ᠡ ᠠᠰᠢᠭ᠂ ᠮᠠᠯ ᠵᠢᠭᠦᠷᠳᠡᠨ ᠤ ᠡᠷᠡᠭᠦᠯ ᠮᠡᠨᠳᠤ ᠠᠷᠡᠴᠢᠯᠠᠨ ᠳᠡᠵᠢᠭᠡᠬᠦ ᠳᠤ | ᠮᠠᠰᠢ ᠰᠠᠶᠢᠨ ᠦᠢᠯᠡᠳᠦᠯ ᠦᠵᠡᠭᠦᠯᠳᠡᠭ ᠶᠤᠮ︔ ᠮᠠᠯ ᠵᠢᠭᠦᠷᠳᠡᠨ ᠤ ᠳᠡᠵᠢᠭᠡᠯᠭᠡ ᠶᠢᠨ ᠳᠠᠯᠠᠪᠠᠢ ᠳᠤᠳᠤᠷᠠᠬᠢ ᠢᠯᠠᠭ᠎ᠠ | ᠂ ᠪᠠᠳᠠᠭᠠᠨ᠎ᠠ᠂ ᠬᠤᠯᠤᠭᠠᠨ᠎ᠠ ᠵᠡᠷᠭᠡ ᠬᠢᠵᠢᠭ ᠭᠡᠮ ᠬᠠᠯᠳᠠᠭᠠᠳᠠᠭ ᠬᠤᠤᠷᠳᠤ ᠠᠮᠢᠳᠠᠨ ᠬᠤᠷᠤᠬᠠᠢ ᠶᠢ ᠤᠰᠠᠳᠬᠠᠨ᠂ | ᠡᠭᠦᠨ ᠠᠴᠠ ᠪᠤᠯᠵᠤ ᠮᠠᠯ ᠵᠢᠭᠦᠷᠳᠡᠨ ᠳᠤ ᠬᠢᠵᠢᠭ ᠭᠡᠮ ᠬᠠᠯᠳᠠᠪᠤᠷᠢᠯᠠᠬᠤ ᠶᠢ ᠰᠡᠷᠭᠡᠶᠢᠯᠡᠨ᠎ᠡ︔ ᠮᠠᠯ ᠵᠢᠭᠦᠷᠳᠡᠨ ᠤ | ᠰᠦᠷᠦᠭ ᠳᠤᠳᠤᠷ᠎ᠠ ᠡᠪᠡᠳᠴᠢᠨ ᠲᠠᠢ ᠮᠠᠯ ᠵᠢᠭᠦᠷᠳᠡᠨ ᠢᠯᠡᠷᠡᠪᠡᠯ᠂ ᠳᠠᠷᠤᠢ ᠳᠦᠷᠭᠡᠨ ᠳᠤᠰᠠᠭᠠᠷᠯᠠᠨ ᠬᠤᠷᠢᠵᠤ᠂ | ᠤᠨᠤᠰᠢᠯᠠᠨ ᠵᠠᠰᠠᠵᠤ ᠡᠳᠡᠭᠡᠷᠡᠭᠦᠯᠬᠦ ᠶᠢᠨ ᠬᠠᠮᠳᠤ ᠬᠠᠯᠳᠠᠪᠤᠷᠢᠳᠤ ᠬᠢᠵᠢᠭ ᠪᠤᠯ ᠪᠠᠴᠢᠮ ᠰᠡᠷᠭᠡᠶᠢᠯᠡᠯᠳᠡ ᠶᠢᠨ ᠳᠠᠷᠢᠯᠭ᠎ᠠ | ᠬᠢᠨ᠎ᠡ᠃ ᠬᠢᠵᠢᠭ ᠢᠶᠠᠷ ᠦᠭᠦᠭᠰᠡᠨ ᠠᠮᠢᠳᠠᠨ ᠪᠠ ᠬᠤᠭ ᠪᠤᠳᠠᠰ ᠢ ᠬᠤᠤᠷ ᠦᠭᠡᠢ ᠰᠢᠢᠳᠪᠦᠷᠢᠯᠡᠨ᠎ᠡ᠃ | 3. ᠡᠮᠳᠤ ᠪᠤᠳᠠᠰ ᠢᠶᠠᠷ ᠤᠷᠢᠳᠴᠢᠯᠠᠨ ᠰᠡᠷᠭᠡᠶᠢᠯᠡᠬᠦ᠄ ᠬᠠᠯᠳᠠᠪᠤᠷᠢᠳᠤ ᠬᠢᠵᠢᠭ ᠡᠪᠡᠳᠴᠢᠨ ᠪᠠ ᠮᠦᠯᠵᠢᠭᠦᠷ | ᠬᠤᠷᠤᠬᠠᠢ ᠶᠢᠨ ᠡᠪᠡᠳᠴᠢᠨ ᠪᠤᠯ ᠮᠠᠯ ᠵᠢᠭᠦᠷᠳᠡᠨ ᠤ ᠡᠷᠡᠭᠦᠯ ᠴᠢᠬᠢᠷᠠᠭ ᠢᠶᠠᠷ ᠦᠰᠴᠤ ᠪᠤᠶᠢᠵᠢᠬᠤ ᠳᠤ ᠮᠠᠰᠢ ᠶᠡᠭᠡ | ᠬᠤᠤᠷ ᠨᠦᠯᠦᠭᠡ ᠤᠴᠠᠷᠠᠭᠤᠯᠳᠠᠭ᠃ ᠡᠪᠡᠳᠴᠢᠨ ᠤ ᠬᠤᠤᠷ ᠠᠴᠠ ᠢᠷᠠᠯᠳᠠ ᠲᠠᠢ ᠬᠢᠵᠢᠭ ᠪᠠ ᠵᠠᠷᠢᠮ | ᠪᠠᠺᠲᠧᠷᠢ ᠠᠴᠠ ᠢᠷᠡᠯᠳᠡ ᠲᠠᠢ ᠬᠢᠵᠢᠭ ᠢ ᠵᠦᠪᠬᠡᠨ ᠶᠡᠷᠦᠮᠳᠡᠭ ᠸᠠᠺᠼᠢᠨ ᠳᠠᠷᠢᠵᠤ ᠰᠡᠷᠭᠡᠶᠢᠯᠡᠬᠦ ᠠᠴᠠ ᠦᠭᠡᠷ᠎ᠡ | ᠵᠠᠰᠠᠵᠤ ᠡᠳᠡᠭᠡᠷᠡᠭᠦᠯᠬᠦ ᠡᠮᠳᠤ ᠪᠤᠳᠠᠰ ᠪᠠᠶᠢᠬᠤ ᠦᠭᠡᠢ᠃ ᠬᠢᠵᠢᠭ ᠭᠡᠮ ᠢ ᠰᠡᠷᠭᠡᠶᠢᠯᠡᠬᠦ ᠠᠴᠠ ᠭᠠᠳᠠᠨ᠎ᠠ ᠵᠠᠷᠢᠮ | ᠡᠪᠡᠳᠴᠢᠨ ᠢ ᠡᠮᠳᠤ ᠪᠤᠳᠠᠰ ᠢᠶᠠᠷ ᠤᠷᠢᠳᠴᠢᠯᠠᠨ ᠰᠡᠷᠭᠡᠶᠢᠯᠡᠵᠤ ᠪᠤᠯᠤᠨ᠎ᠠ᠃ ᠳᠡᠵᠢᠭᠡᠯ ᠪᠤᠷᠳᠤᠭᠠᠨ ᠳᠤᠳᠤᠷ᠎ᠠ ᠡᠮᠳᠤ | ᠪᠤᠳᠠᠰ ᠬᠤᠯᠢᠬᠤ᠂ ᠤᠰᠤᠨ ᠳᠤᠳᠤᠷ᠎ᠠ ᠡᠮᠳᠤ ᠪᠤᠳᠠᠰ ᠬᠢᠵᠤ ᠤᠰᠤᠯᠠᠬᠤ ᠵᠡᠷᠭᠡ ᠠᠷᠭ᠎ᠠ ᠪᠠᠷ ᠵᠠᠷᠢᠮ ᠡᠪᠡᠳᠴᠢᠨ ᠢ | ᠰᠡᠷᠭᠡᠶᠢᠯᠡᠵᠤ ᠪᠤᠯᠤᠨ᠎ᠠ᠃ | 4. ᠳᠤᠭᠳᠠᠭᠰᠠᠨ ᠬᠤᠭᠤᠴᠠᠭ᠎ᠠ ᠲᠠᠢ ᠬᠤᠷᠤᠬᠠᠢ ᠳᠤᠭᠤᠬᠤ᠄ ᠮᠦᠯᠵᠢᠭᠦᠷ ᠬᠤᠷᠤᠬᠠᠢ ᠶᠢᠨ ᠡᠪᠡᠳᠴᠢᠨ ᠪᠤᠯ | ᠮᠠᠯ ᠵᠢᠭᠦᠷᠳᠡᠨ ᠤ ᠳᠠᠷᠭᠤ ᠬᠦᠴᠦ ᠶᠢ ᠪᠠᠭᠤᠷᠠᠭᠤᠯᠤᠨ᠂ ᠡᠴᠡᠩᠬᠡᠢ ᠪᠤᠯᠭᠠᠨ᠂ ᠴᠢᠰᠤ ᠳᠤᠳᠠᠭᠳᠠᠭᠤᠯᠤᠨ᠂ ᠪᠠᠭᠠᠰᠤ | ᠠᠯᠳᠠᠭᠤᠯᠵᠤ᠂ ᠦᠬᠦᠯ ᠬᠤᠷᠤᠭᠳᠠᠯ ᠳᠤ ᠤᠴᠠᠷᠠᠭᠤᠯᠳᠠᠭ᠃ ᠡᠶᠢᠮᠤ ᠠᠴᠠ ᠮᠠᠯ ᠵᠢᠭᠦᠷᠳᠡᠨ ᠳᠤ ᠵᠢᠯ ᠤᠨ ᠬᠤᠶᠠᠷ | ᠤᠳᠠᠭ᠎ᠠ ᠠᠴᠠ ᠳᠡᠭᠡᠭᠰᠢ ᠬᠤᠷᠤᠬᠠᠢ ᠳᠤᠭᠤᠬᠤ ᠠᠵᠢᠯ ᠢ ᠡᠷᠴᠢᠮᠳᠡᠢ ᠬᠢᠪᠡᠯ ᠮᠠᠯ ᠠᠵᠤ ᠠᠬᠤᠢ ᠶᠢᠨ ᠦᠷ᠎ᠡ ᠠᠰᠢᠭ | ᠮᠠᠰᠢ ᠢᠯᠡᠷᠬᠡᠢ ᠰᠠᠶᠢᠨ ᠪᠠᠶᠢᠳᠠᠭ᠃ ᠮᠠᠯ ᠵᠢᠭᠦᠷᠳᠡᠨ ᠤ ᠪᠡᠶ᠎ᠡ ᠶᠢᠨ ᠳᠤᠳᠤᠷ᠎ᠠ ᠭᠠᠳᠠᠨᠠᠬᠢ ᠬᠤᠷᠤᠬᠠᠢ ᠶᠢ | ᠳᠦᠢᠯᠪᠤᠷᠢᠳᠠᠢ ᠠᠷᠢᠯᠭᠠᠪᠠᠯ᠂ ᠮᠠᠯ ᠵᠢᠭᠦᠷᠳᠡᠨ ᠤ ᠮᠠᠯ ᠠᠵᠤ ᠠᠬᠤᠢ ᠶᠢᠨ ᠦᠷ᠎ᠡ ᠠᠰᠢᠭ ᠮᠠᠰᠢ ᠰᠠᠶᠢᠨ ᠪᠤᠯᠳᠠᠭ᠃ |