1. ᠬᠦᠮᠦᠨ ᠤ ᠬᠦᠴᠦ ᠪᠠᠷ ᠡᠪᠡᠰᠤ ᠠᠷᠢᠯᠭᠠᠬᠤ᠄ ᠡᠭᠦᠨ ᠳᠤ ᠭᠠᠷ ᠢᠶᠠᠷ ᠢᠶᠠᠨ ᠦᠭᠳᠡᠭᠡᠬᠦ ᠪᠠ ᠳᠦᠭᠦᠮ | ᠳᠠᠷᠢᠶᠠᠯᠠᠩ ᠤᠨ ᠪᠠᠭᠠᠵᠢ ᠪᠠᠷ ᠡᠪᠡᠰᠤ ᠠᠷᠢᠯᠭᠠᠬᠤ ᠪᠠᠭᠳᠠᠨ᠎ᠠ᠃ | 2. ᠮᠠᠰᠢᠨ ᠢᠶᠠᠷ ᠡᠪᠡᠰᠤ ᠠᠷᠢᠯᠭᠠᠬᠤ᠄ ᠮᠠᠯ ᠤᠨᠤᠭ᠎ᠠ ᠶᠢᠨ ᠬᠦᠴᠦ ᠪᠤᠶᠤ ᠮᠧᠬᠠᠨᠢᠭ ᠬᠦᠳᠡᠯᠭᠡᠭᠴᠢ ᠬᠦᠴᠦ ᠪᠠᠷ | ᠡᠪᠡᠰᠤ ᠠᠷᠢᠯᠭᠠᠬᠤ ᠮᠠᠰᠢᠨ ᠢ ᠳᠠᠳᠠᠭᠤᠯᠤᠨ ᠡᠪᠡᠰᠤ ᠠᠷᠢᠯᠭᠠᠬᠤ᠃ | 3. ᠹᠢᠽᠢᠺ ᠤᠨ ᠠᠷᠭ᠎ᠠ ᠪᠠᠷ ᠡᠪᠡᠰᠤ ᠠᠷᠢᠯᠭᠠᠬᠤ᠄ ᠤᠰᠤ᠂ ᠭᠡᠷᠡᠯ᠂ ᠢᠯᠴᠢ ᠵᠡᠷᠭᠡ ᠹᠢᠽᠢᠺ ᠤᠨ ᠡᠯᠧᠮᠧᠨ᠋ᠲ ᠢ | ᠠᠰᠢᠭᠯᠠᠨ ᠡᠪᠡᠰᠤ ᠠᠷᠢᠯᠭᠠᠨ᠎ᠠ᠃ ᠵᠢᠱᠢᠶᠡᠯᠡᠪᠡᠯ ᠰᠢᠳᠠᠭᠠᠬᠤ ᠠᠷᠭ᠎ᠠ ᠪᠠᠷ ᠬᠠᠭᠠᠯᠪᠤᠷᠢᠯᠠᠭᠰᠠᠨ ᠭᠠᠵᠠᠷ ᠲᠠᠬᠢ | ᠡᠪᠡᠰᠤ ᠶᠢ ᠠᠷᠢᠯᠭᠠᠨ᠎ᠠ᠃ | 4. ᠬᠢᠮᠢ ᠶᠢᠨ ᠠᠷᠭ᠎ᠠ ᠪᠠᠷ ᠡᠪᠡᠰᠤ ᠠᠷᠢᠯᠭᠠᠬᠤ᠄ ᠳᠠᠷᠤᠢ ᠬᠢᠮᠢ ᠶᠢᠨ ᠡᠪᠡᠰᠤ ᠠᠷᠢᠯᠭᠠᠭᠴᠢ ᠡᠳ᠋ ᠢ ᠬᠡᠷᠡᠭᠯᠡᠨ | ᠡᠯᠳᠡᠪ ᠡᠪᠡᠰᠤ ᠶᠢ ᠠᠷᠢᠯᠭᠠᠬᠤ ᠮᠦᠷᠳᠡᠭᠡᠨ ᠳᠠᠷᠢᠮᠠᠯ ᠢ ᠬᠡᠮᠳᠦᠭᠡᠬᠦ ᠦᠭᠡᠢ᠃ ᠦᠷ᠎ᠡ ᠠᠴᠠ ᠨᠠᠬᠢᠶᠠᠯᠠᠨ ᠭᠠᠷᠤᠭᠰᠠᠨ | ᠨᠢᠭᠡ ᠨᠠᠰᠤᠳᠤ ᠡᠯᠳᠡᠪ ᠡᠪᠡᠰᠤ ᠶᠢ ᠠᠷᠢᠯᠭᠠᠬᠤ ᠳᠠᠭᠠᠨ ᠶᠡᠷᠦ ᠳᠡᠭᠡᠨ ᠦᠢᠯᠡᠳᠦᠯᠳᠤ ᠴᠢᠨᠠᠷ ᠢᠶᠠᠷ ᠤᠳᠠᠭᠠᠨ | ᠳᠠᠭᠠᠭᠠᠮᠠᠭᠠᠢ ᠬᠦᠷᠦᠰᠦ ᠳᠤᠭᠤᠯᠤᠭᠤᠯᠬᠤ ᠡᠳ᠋ ᠢ ᠬᠡᠷᠡᠭᠯᠡᠵᠤ᠂ ᠦᠨᠳᠦᠰᠦᠯᠢᠭ ᠡᠰᠢ ᠠᠴᠠ ᠨᠠᠬᠢᠶᠠᠯᠠᠭᠰᠠᠨ ᠤᠯᠠᠨ | ᠨᠠᠰᠤᠳᠤ ᠡᠯᠳᠡᠪ ᠡᠪᠡᠰᠤ ᠶᠢ ᠠᠷᠢᠯᠭᠠᠬᠤ ᠳᠠᠭᠠᠨ ᠳᠠᠮᠵᠢᠭᠤᠯᠬᠤ ᠦᠢᠯᠡᠳᠦᠯ ᠢᠶᠠᠷ ᠴᠢᠩᠭ᠎ᠠ᠂ ᠰᠤᠩᠭᠤᠯᠳᠠ ᠲᠠᠢ | ᠡᠪᠡᠰᠤ ᠠᠷᠢᠯᠭᠠᠭᠴᠢ ᠡᠳ᠋ ᠢ ᠬᠡᠷᠡᠭᠯᠡᠨ᠎ᠡ᠃ | 5. ᠠᠮᠢᠳᠤ ᠪᠤᠳᠠᠰ ᠢᠶᠠᠷ ᠡᠪᠡᠰᠤ ᠠᠷᠢᠯᠭᠠᠬᠤ᠄ ᠬᠤᠷᠤᠬᠠᠢ ᠰᠢᠪᠡᠵᠢ᠂ ᠮᠠᠯ ᠵᠢᠭᠦᠷᠳᠡᠨ᠂ ᠡᠪᠡᠳᠴᠢᠨ | ᠡᠭᠦᠰᠭᠡᠭᠴᠢ ᠮᠢᠺᠷᠤᠪ ᠪᠤᠯᠤᠨ ᠦᠷᠢᠰᠦᠯᠳᠦᠬᠦ ᠬᠦᠴᠦ ᠪᠠᠷ ᠴᠢᠩᠭ᠎ᠠ ᠤᠷᠭᠤᠮᠠᠯ ᠵᠢᠴᠢ ᠳᠡᠭᠦᠨ ᠤ ᠰᠤᠯᠢᠯᠴᠠᠭᠠᠨ ᠤ | ᠪᠦᠳᠦᠭᠡᠭᠳᠡᠭᠦᠨ ᠢ ᠠᠰᠢᠭᠯᠠᠨ ᠡᠯᠳᠡᠪ ᠡᠪᠡᠰᠤ ᠶᠢ ᠰᠡᠷᠭᠡᠶᠢᠯᠡᠬᠦ ᠪᠤᠶᠤ ᠠᠷᠢᠯᠭᠠᠨ᠎ᠠ᠃ ᠵᠢᠱᠢᠶᠡᠯᠡᠪᠡᠯ ᠳᠤᠳᠤᠷᠭᠠᠨ | ᠳᠠᠷᠢᠶᠠᠨ ᠳᠤᠮᠳᠠ ᠵᠢᠭᠠᠰᠤ ᠳᠡᠵᠢᠭᠡᠬᠦ᠂ ᠨᠤᠭᠤᠰᠤ ᠪᠠᠷ ᠡᠯᠳᠡᠪ ᠡᠪᠡᠰᠤ ᠶᠢ ᠰᠡᠷᠭᠡᠶᠢᠯᠡᠨ ᠠᠷᠢᠯᠭᠠᠬᠤ ᠵᠡᠷᠭᠡ᠃ | 6. ᠠᠮᠢ ᠠᠬᠤᠢ ᠶᠢᠨ ᠡᠪᠡᠰᠤ ᠠᠷᠢᠯᠭᠠᠬᠤ᠄ ᠳᠠᠷᠢᠶᠠᠯᠠᠩ ᠤᠨ ᠪᠤᠶᠤ ᠪᠤᠰᠤᠳ ᠠᠷᠭ᠎ᠠ ᠶᠢ ᠬᠡᠷᠡᠭᠯᠡᠨ᠂ | ᠨᠡᠯᠢᠶᠡᠳ ᠶᠡᠭᠡ ᠬᠡᠪᠴᠢᠶᠡᠨ ᠤ ᠳᠤᠳᠤᠷ᠎ᠠ ᠳᠠᠷᠢᠮᠠᠯ ᠤᠨ ᠤᠷᠭᠤᠯᠳᠠ ᠳᠤ ᠠᠰᠢᠭᠳᠠᠢ ᠪᠤᠯᠪᠠᠴᠤ ᠡᠯᠳᠡᠪ ᠡᠪᠡᠰᠤᠨ ᠤ | ᠤᠷᠭᠤᠯᠳᠠ ᠳᠤ ᠠᠰᠢᠭ ᠦᠭᠡᠢ ᠠᠮᠢ ᠠᠬᠤᠢ ᠶᠢᠨ ᠤᠷᠴᠢᠨ ᠳᠤᠭᠤᠷᠢᠨ ᠢ ᠪᠤᠢ ᠪᠤᠯᠭᠠᠨ᠎ᠠ᠃ ᠵᠢᠱᠢᠶᠡᠯᠡᠪᠡᠯ ᠤᠰᠤ | ᠬᠠᠭᠤᠷᠠᠢ ᠶᠢᠨ ᠳᠠᠷᠢᠶ᠎ᠠ ᠶᠢ ᠡᠭᠡᠯᠵᠢᠯᠡᠨ ᠳᠠᠷᠢᠬᠤ ᠳᠦᠷᠢᠮ ᠢ ᠬᠡᠷᠡᠭᠵᠢᠭᠦᠯᠬᠦ ᠨᠢ ᠮᠠᠰᠢ ᠤᠯᠠᠨ ᠤᠰᠤᠳᠤᠯ ᠳᠤ | ᠳᠡᠰᠪᠦᠷᠢ ᠦᠭᠡᠢ ᠪᠤᠶᠤ ᠭᠠᠩ ᠳᠤ ᠳᠡᠰᠪᠦᠷᠢ ᠦᠭᠡᠢ ᠡᠯᠳᠡᠪ ᠡᠪᠡᠰᠤ ᠶᠢ ᠨᠡᠯᠢᠶᠡᠳ ᠰᠠᠶᠢᠨ ᠢᠶᠠᠷ ᠬᠢᠵᠠᠭᠠᠷᠯᠠᠵᠤ | ᠴᠢᠳᠠᠳᠠᠭ᠃ |