ᠭᠠᠳᠠ ᠮᠡᠶᠢᠷᠡᠨ ᠤ ᠭᠡᠷ ᠤᠨ ᠵᠠᠷᠤᠳᠠᠰᠤ ᠪᠠᠶᠢᠭᠰᠠᠨ ᠰᠧᠷᠡᠩᠭᠡ ᠪᠠ ᠤᠷᠠᠨ᠎ᠠ
ᠨᠡᠶᠢᠲᠡᠯᠡᠭᠰᠡᠨ ᠴᠠᠭ᠄
2020/10/22
      ᠮᠢᠨᠦ ᠠᠪᠤ ᠶᠢᠨ ᠨᠠᠷ᠎ᠠ ᠶᠢ ᠰᠧᠷᠡᠩᠭᠡ ᠭᠡᠳᠡᠭ᠃ ᠨᠤᠳᠤᠭ ᠤᠰᠤᠨ ᠤ ᠬᠢᠨᠢ ᠪᠦᠷ ᠰᠧᠷᠡᠩ ᠭᠡᠵᠤ ᠳᠠᠭᠤᠳᠠᠵᠤ ᠵᠠᠩᠰᠢᠵᠠᠢ᠃ ᠸᠠᠩ ᠤᠪᠤᠭ ᠲᠠᠢ᠂ ᠮᠤᠩᠭᠤᠯ ᠦᠨᠳᠦᠰᠦᠲᠡᠨ᠂ 1912 ᠤᠨ ᠳᠤ ᠲᠦᠷᠦᠵᠤ᠂ 2001 ᠤᠨ ᠳᠤ ᠨᠠᠰᠤ ᠪᠠᠷᠠᠪᠠ᠃             ᠠᠪᠤ ᠮᠢᠨᠢ 1926 ᠤᠨ ᠳᠤ ᠠᠷᠪᠠᠨ ᠲᠦᠷᠪᠡᠨ ᠨᠠᠰᠤᠲᠠᠢ ᠳᠠᠭᠠᠨ ᠭᠠᠳᠠ ᠮᠡᠶᠢᠷᠠᠨ ᠤ ᠭᠡᠷ ᠤᠨ ᠵᠠᠷᠤᠳᠠᠰᠤ ᠪᠤᠯᠪᠠ᠃ ︽ᠮᠢᠨᠦ ᠪᠡᠶ᠎ᠡ ᠬᠡᠳᠦ᠋ᠢᠪᠡᠷ ᠭᠠᠳᠠ ᠮᠡᠶᠢᠷᠡᠨ ᠤ ᠭᠡᠷ ᠤᠨ ᠵᠠᠷᠤᠳᠠᠰᠤ ᠪᠠᠶᠢᠭᠰᠠᠨ ᠪᠤᠯᠪᠠᠴᠤ ᠭᠠᠳᠠ ᠮᠡᠶᠢᠷᠡᠨ ᠮᠦᠳᠠᠨ ᠬᠤᠶᠠᠷ ᠨᠠᠮᠠᠢᠢ ᠦᠪᠡᠷ ᠤᠨ ᠲᠦᠷᠦᠭᠰᠡᠨ ᠦᠷ᠎ᠡ ᠪᠠᠨ ᠰᠢᠭ ᠦᠵᠡᠳᠡᠭ ᠪᠤᠯᠬᠤᠷ ᠪᠢ ᠮᠡᠶᠢᠷᠡᠨ ᠢ ᠠᠪᠤ ᠭᠡᠵᠤ  ᠂ ᠮᠦᠳᠠᠨ ᠢ ᠡᠵᠢ ᠭᠡᠵᠤ ᠳᠠᠭᠤᠳᠠᠳᠠᠭ ᠪᠠᠶᠢᠪᠠ︾ ᠭᠡᠮᠡᠨ ᠠᠪᠤ ᠮᠢᠨᠢ ᠤᠴᠢᠷᠯᠠᠵᠤ ᠪᠠᠶᠢᠯ᠎ᠠ᠃             ᠮᠢᠨᠦ ᠠᠪᠤ ᠶᠠᠳᠠᠭᠤ ᠠᠶᠢᠯ ᠳᠤ ᠦᠰᠴᠤ᠂ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠪᠦᠭᠡᠳ ᠤᠬᠠᠭᠠᠯᠢᠭ᠃ ᠮᠤᠷᠢ ᠤᠨᠤᠵᠤ ᠬᠠᠷᠪᠤᠵᠤ ᠨᠠᠮᠨᠠᠬᠤ ᠳᠤ ᠴᠤ ᠮᠡᠷᠭᠡᠰᠢᠭᠰᠡᠨ ᠶᠤᠮ᠃ ᠲᠡᠷᠡ ᠭᠠᠳᠠ ᠮᠡᠶᠢᠷᠡᠨ ᠲᠠᠢ ᠴᠠᠭ ᠢᠮᠠᠭᠲᠠ ᠬᠠᠮᠳᠤ ᠪᠠᠶᠢᠵᠤ᠂ ᠭᠠᠳᠠ ᠮᠡᠶᠢᠷᠡᠨ ᠲᠠᠷᠬᠠᠨ ᠸᠠᠩ ᠲᠠᠢ ᠲᠡᠮᠡᠴᠡᠵᠤ ᠪᠡᠶ᠎ᠡ ᠦᠷᠡᠭᠳᠡᠬᠦ ᠬᠦᠷᠲᠡᠯ᠎ᠡ ᠲᠡᠬᠦᠨ ᠠᠴᠠ ᠶᠡᠷᠤ ᠰᠠᠯᠵᠤ ᠦᠡᠭᠭᠡᠷᠡᠭᠰᠡᠨ ᠦᠭᠡᠢ᠃ ᠭᠠᠳᠠ ᠮᠡᠶᠢᠷᠡᠨ ᠤ ᠭᠡᠷᠡᠯ ᠰᠠᠴᠤᠷᠠᠩᠭᠤᠢ ᠦᠢᠯᠡ  ᠠᠵᠢᠯᠯᠠᠭ᠎ᠠ ᠶᠢ ᠨᠢᠳᠤ ᠪᠠᠷ ᠢᠶᠠᠨ ᠦᠵᠡᠭᠰᠡᠨ ᠬᠠᠮᠤᠭ ᠠᠩᠬᠠᠨ ᠤ ᠬᠦᠮᠦᠨ ᠶᠤᠮ᠃           1929 ᠤᠨ ᠤ 8 ᠰᠠᠷ᠎ᠠ ᠶᠢᠨ 25 ᠤ ᠡᠳᠦᠷ ᠭᠠᠳᠠ ᠮᠡᠶᠢᠷᠡᠨ ᠪᠠᠷᠢᠪᠴᠢᠯᠠᠭᠳᠠᠪᠠ᠃ ᠲᠡᠭᠦᠨ ᠢ ᠸᠠᠩ ᠤᠨ  ᠤᠷᠳᠤᠨ ᠤ ᠪᠢᠴᠢᠭ ᠤᠨ ᠭᠡᠷ ︵ᠲᠠᠮᠠᠭᠠᠨ ᠭᠡᠷ︶ ᠤᠨ ᠬᠢᠨᠲᠠᠨ ᠳᠤ ᠬᠤᠷᠢᠵᠤ ᠨᠢᠭᠤᠴᠠ ᠪᠠᠷ ᠠᠯᠠᠬᠤ ᠭᠡᠰᠡᠨ ᠶᠤᠮ᠃ ᠳᠠᠷᠠᠭ᠎ᠠ ᠡᠳᠦᠷ ᠨᠢ ᠮᠦᠳᠠᠨ᠂ ᠭᠠᠳᠠ ᠮᠡᠶᠢᠷᠡᠨ ᠤ ᠲᠡᠵᠢᠭᠡᠭᠰᠡᠨ ᠬᠦᠤ ᠠᠮᠤᠷᠯᠢᠩᠭᠤᠢ ᠪᠤᠯᠤᠨ ᠮᠢᠨᠦ ᠠᠪᠤ ᠲᠠᠢ ᠬᠠᠮᠳᠤ ᠭᠤᠷᠪᠠᠭᠤᠯᠠ ᠮᠤᠷᠢ ᠪᠠᠷ ᠸᠠᠩ ᠤᠨ ᠤᠷᠳᠤᠨ ᠤ ᠬᠢᠨᠲᠠᠨ ᠳᠤ ᠤᠴᠢᠵᠤ ᠭᠠᠳᠠ ᠮᠡᠶᠢᠷᠡᠨ ᠲᠠᠢ ᠠᠭᠤᠯᠵᠠᠬᠤ ᠭᠡᠪᠡ᠃ ᠭᠡᠪᠡᠴᠤ ᠴᠡᠷᠢᠭ ᠤᠨ ᠮᠡᠶᠢᠷᠡᠨ ᠯᠢᠤ ᠴᠠᠩ ᠯᠢᠨ ︵ᠯᠢᠤ ᠴᠠᠩ ᠢᠤᠢ︶ ᠬᠡᠳᠦ᠋ᠢᠨ ︽ᠭᠠᠳᠠ ᠮᠡᠶᠢᠷᠡᠨ ᠲᠠᠢ ᠬᠡᠨ ᠢ ᠴᠦ ᠠᠭᠤᠯᠵᠠᠭᠤᠯᠵᠤ ᠪᠤᠯᠬᠤ ᠦᠭᠡᠢ︾ ᠭᠡᠰᠡᠨ ᠵᠠᠷᠯᠢᠭ ᠪᠠᠭᠤᠯᠭᠠᠴᠢᠬᠠᠭᠰᠠᠨ ᠪᠤᠯᠬᠤᠷ ᠲᠡᠳᠡ ᠠᠷᠭ᠎ᠠ ᠪᠤᠰᠤ  ᠭᠡᠳᠡᠷᠬᠦ ᠪᠤᠴᠠᠪᠠ᠃ ᠤᠷᠤᠢ ᠨᠢ ᠮᠦᠳᠠᠨ᠂ ᠠᠮᠤᠷᠯᠢᠩᠭᠤᠢ ᠪᠤᠯᠤᠨ ᠮᠢᠨᠦ ᠠᠪᠤ ᠶᠢ ᠶᠢᠰᠦᠨᠭᠡᠷ ᠲᠤ ᠤᠴᠢᠭᠤᠯᠵᠤ᠂ ᠴᠧᠨ ᠵᠠᠩᠭᠤᠶᠢᠳᠠ ᠠᠴᠠ ᠬᠡᠳᠦᠨ ᠪᠤᠭᠤᠯᠲᠠ ᠰᠠᠶᠢᠨ ᠬᠠᠷ᠎ᠠ ᠲᠠᠮᠠᠬᠢ ᠪᠤᠯᠤᠨ ᠶᠠᠨᠵᠤᠤᠷ ᠲᠠᠮᠠᠬᠢ ᠠᠪᠴᠢᠷᠠᠭᠤᠯᠵᠤ ᠲᠠᠬᠢᠨ ᠸᠠᠩ ᠤᠨ ᠤᠷᠳᠤᠨ ᠤ ᠬᠢᠨᠳᠠᠨ ᠳᠤ ᠬᠦᠷᠴᠤ ᠬᠢᠨᠳᠠᠨ ᠤ ᠬᠠᠮᠢᠶᠠᠷᠤᠭᠴᠢ ᠬᠠᠰᠧᠴᠢᠷ ︵ᠴᠡᠷᠢᠭ ᠤᠨ  ᠶᠠᠪᠤᠳᠠᠯ ᠤᠨ ᠨᠠᠷᠢᠨ ᠪᠢᠴᠢᠭᠡᠴᠢ︶᠂ ᠪᠤᠶᠠᠨᠳᠠᠯᠠᠢ ᠲᠠᠢ ᠨᠢᠭᠤᠷ ᠤᠴᠠᠷᠠᠵᠤ᠂ ᠦᠪᠡᠷ ᠤᠨ ᠭᠠᠳᠠ ᠮᠡᠶᠢᠷᠡᠨ ᠲᠠᠢ ᠠᠭᠤᠯᠵᠠᠬᠤ ᠪᠠᠷ ᠢᠷᠡᠭᠰᠡᠨ ᠤᠴᠢᠷ ᠢᠶᠠᠨ ᠰᠢᠭᠤᠳ ᠭᠠᠷᠭᠠᠵᠤ ᠬᠡᠯᠡᠪᠡ᠃ ᠲᠡᠷᠡ ᠦᠶ᠎ᠡ ᠳᠤ ᠬᠠᠰᠧᠴᠢᠷ ᠪᠤᠶᠠᠨᠳᠠᠯᠠᠢ ᠬᠤᠶᠠᠷ ᠬᠠᠨᠵᠤᠨ ᠲᠡᠭᠡᠷ᠎ᠡ ᠪᠠᠨ ᠰᠢᠷᠡᠭᠡ ᠬᠠᠪᠴᠢᠨ ᠬᠡᠪᠲᠡᠵᠤ ᠬᠠᠷ᠎ᠠ ᠲᠠᠮᠠᠬᠢ ᠲᠠᠳᠠᠵᠤ ᠪᠠᠶᠢᠪᠠ᠃ ᠬᠠᠰᠧᠴᠢᠷ ᠮᠦᠳᠠᠨ ᠢ ᠲᠠᠨᠢᠬᠤ ᠪᠤᠯᠬᠤᠷ ᠬᠡᠪᠲᠡᠭᠰᠡᠨ ᠤᠷᠤᠨ ᠠᠴᠠ ᠪᠠᠨ ᠦᠨᠳᠡᠶᠢᠵᠤ ᠪᠤᠰᠤᠭᠠᠳ᠄ ︽ᠭᠠᠳᠠ ᠪᠤᠯ ᠸᠠᠩ ᠢ ᠡᠰᠡᠷᠭᠦᠴᠡᠭᠰᠡᠨ ᠶᠠᠯᠠᠲᠠᠨ ᠰᠢᠤ᠂ ᠬᠡᠨ ᠲᠠᠢ ᠴᠤ ᠠᠭᠤᠯᠵᠠᠭᠤᠯᠵᠤ ᠪᠤᠯᠬᠤ ᠦᠭᠡᠢ ᠬᠡᠰᠡᠨ ᠵᠠᠷᠯᠢᠭ ᠲᠠᠢ︾ ᠭᠡᠵᠤ ᠦᠨᠡᠰᠤᠨ ᠬᠦᠬᠡ ᠴᠢᠷᠠᠶᠢᠯᠠᠵᠤ᠂ ᠦᠬᠦᠭᠰᠡᠨ ᠠᠮᠢᠳᠤ ᠶᠢᠨ ᠬᠤᠭᠤᠷᠤᠨᠳᠤ ᠲᠤᠤᠭᠠᠷᠪᠠ᠃ ᠡᠨᠡ ᠦᠶ᠎ᠡ ᠳᠤ ᠮᠢᠨᠦ ᠠᠪᠤ  ᠤᠷᠤᠭᠰᠢ ᠲᠠᠪᠰᠢᠵᠤ ᠠᠪᠴᠢᠷᠠᠭᠰᠠᠨ ᠬᠤᠷᠢᠭᠠᠳ ᠪᠠᠭᠯᠠᠭ᠎ᠠ ᠬᠠᠷ᠎ᠠ ᠲᠠᠮᠠᠬᠢ᠂ ᠶᠠᠨᠵᠤᠤᠷ ᠲᠠᠮᠠᠬᠢ ᠪᠠᠨ ᠭᠠᠷᠭᠠᠵᠤ ᠲᠡᠭᠦᠨ ᠤ ᠡᠮᠦᠨ᠎ᠡ ᠲᠠᠯᠪᠢᠬᠤ ᠳᠤ ᠮᠦᠳᠠᠨ ᠤᠷᠠᠨ ᠦᠭᠡ ᠬᠡᠯᠡᠵᠤ᠄ ︽ᠭᠠᠳᠠ ᠶᠢ ᠴᠠᠭᠠᠵᠠ ᠶᠢᠨ ᠲᠠᠯᠠᠪᠠᠢ ᠳᠤ ᠠᠪᠠᠴᠢᠬᠤ ᠪᠤᠯᠬᠤᠷ ᠡᠬᠡᠨᠡᠷ ᠬᠡᠤᠬᠡᠳ ᠪᠤᠯᠤᠭᠰᠠᠨ ᠪᠢᠳᠡ ᠨᠠᠷ ᠢ ᠶᠠᠭᠠᠬᠢᠭᠰᠠᠨ ᠴᠤ ᠨᠢᠭᠡ ᠤᠳᠠᠭ᠎ᠠ ᠠᠭᠤᠯᠵᠠᠭᠤᠯᠤᠭᠠᠷᠠᠢ︾ ᠭᠡᠵᠡᠢ᠃ ᠡᠨᠡ ᠦᠶ᠎ᠡ ᠳᠤ ᠪᠤᠶᠠᠨᠳᠠᠯᠠᠢ ᠬᠠᠮᠠᠷ ᠦᠭᠡᠳᠡ ᠨᠢ ᠴᠤᠷᠬᠢᠵᠤ ᠪᠠᠶᠢᠭ᠎ᠠ ᠬᠠᠷ᠎ᠠ ᠲᠠᠮᠠᠬᠢ ᠶᠢᠨ ᠠᠩᠬᠢᠯᠤᠮ᠎ᠠ ᠦᠨᠦᠷ ᠲᠤ ᠨᠢᠭᠡᠮᠦᠰᠦᠨ ᠰᠤᠭᠳᠤᠭᠤᠷᠠᠵᠤ ᠰᠢᠯᠦᠰᠤ ᠭᠤᠭᠤᠵᠢᠭᠤᠯᠤᠭᠰᠠᠭᠠᠷ᠄ ︽ᠦᠬᠦᠵᠤ ᠲᠦᠷᠦᠬᠦ ᠶᠢᠨ ᠴᠠᠭ ᠲᠤ ᠦᠷ᠎ᠡ ᠲᠦᠷᠦᠯ ᠢ ᠨᠢ ᠠᠭᠤᠯᠵᠠᠭᠤᠯᠬᠤ ᠨᠢ ᠲᠠᠭᠠᠷᠠᠨ᠎ᠠ᠂ ᠤᠷᠤᠭᠤᠯᠴᠢᠬ᠎ᠠ᠂ ᠤᠷᠤᠭᠤᠯᠴᠢᠬ᠎ᠠ︕ ᠶᠠᠭᠤᠨ ᠠᠴᠠ ᠨᠢ ᠠᠶᠤᠴᠢᠬᠠᠭᠰᠠᠨ ᠶᠤᠮ᠂ ᠲᠡᠭᠷᠢ ᠨᠤᠷᠠᠵᠤ ᠢᠷᠡᠬᠦ ᠪᠠᠷ ᠯᠠ ᠦᠭᠡᠢ︾ ᠭᠡᠵᠤ  ᠬᠡᠯᠡᠭᠰᠡᠨ ᠳᠤ ᠬᠠᠰᠧᠴᠢᠷ ᠲᠠᠲᠠᠭᠠᠯᠵᠠᠭᠰᠠᠨ ᠪᠤᠯᠪᠠᠴᠤ ᠵᠦᠪᠰᠢᠶᠠᠷᠠᠪᠠ᠃ ᠮᠦᠳᠠᠨ ᠡᠨᠡ ᠮᠡᠳᠤ ᠴᠠᠢ ᠲᠠᠮᠠᠬᠢ᠂ ᠡᠳ᠋ ᠮᠦᠡᠭᠬᠦ ᠪᠠᠷ ᠬᠢᠨᠲᠠᠨ ᠤ ᠬᠠᠷᠠᠭᠤᠯ ᠬᠠᠰᠧᠴᠢᠷ ᠪᠤᠶᠠᠨᠳᠠᠯᠠᠢ ᠬᠤᠶᠠᠷ ᠢ ᠬᠠᠭᠤᠷᠤᠨ ᠲᠠᠲᠠᠬᠤ ᠠᠷᠭ᠎ᠠ ᠪᠠᠷ ᠬᠡᠳᠤ ᠤᠳᠠᠭ᠎ᠠ ᠬᠢᠨᠳᠠᠨ ᠳᠤ ᠢᠷᠡᠵᠤ ᠭᠠᠳᠠ ᠮᠠᠶᠢᠷᠠᠨ ᠢ ᠲᠦᠷᠭᠡᠨ ᠠᠪᠤᠷᠠᠵᠤ ᠭᠠᠷᠭᠠᠬᠤ ᠠᠷᠭ᠎ᠠ ᠤᠬᠠᠭᠠᠨ᠂ ᠴᠠᠭ ᠲᠤᠬᠢᠶᠠᠯ ᠢ ᠡᠷᠢᠨ ᠰᠦᠪᠡᠭᠴᠢᠯᠡᠵᠡᠢ᠃           1929 ᠤᠨ ᠤ 12 ᠰᠠᠷ᠎ᠠ ᠶᠢᠨ 11 ︵ᠪᠢᠯᠢᠭ ᠤᠨ ᠤᠯᠠᠷᠢᠯ ᠤᠨ 11 ᠰᠠᠷ᠎ᠠ ᠶᠢᠨ 10︶ ᠤ ᠬᠠᠷ᠎ᠠ ᠦᠷᠯᠦᠭᠡ ᠪᠠᠷ ᠮᠦᠳᠠᠨ ᠦᠪᠡᠷ ᠢᠶᠠᠨ ᠵᠤᠬᠢᠶᠠᠭᠰᠠᠨ ᠭᠠᠪᠠ ᠲᠦᠡᠭᠭᠡ ᠶᠢᠨ ᠤᠨᠢᠰᠤ ᠶᠢ ᠨᠡᠭᠡᠭᠡᠬᠦ ᠲᠦᠯᠬᠢᠭᠦᠷ ᠢᠶᠠᠨ ᠬᠡᠵᠢᠭᠡᠨ ᠳᠡᠭᠡᠨ ᠨᠢᠭᠤᠵᠤ᠂ ᠬᠤᠤᠰ ᠭᠠᠷ ᠫᠤᠤ ᠪᠠᠨ ᠪᠦᠰᠡᠨ ᠳᠡᠭᠡᠨ ᠰᠦᠢᠷᠠᠵᠤ᠂ ᠭᠠᠳᠠᠭᠤᠷ ᠨᠢ ᠬᠦᠬᠡ ᠦᠡᠭᠭᠡᠲᠠᠢ ᠲᠡᠷᠯᠢᠭ ᠡᠮᠤᠰᠴᠤ᠂ ᠬᠦᠵᠦᠬᠦᠨ ᠳᠡᠭᠡᠨ ᠦᠨᠡᠭᠡᠨ ᠠᠷᠠᠰᠤᠨ ᠬᠦᠵᠦᠭᠦᠪᠴᠢ ᠵᠠᠭᠦᠵᠤ᠂ ᠠᠮᠤᠷᠯᠢᠩᠭᠤᠢ ᠪᠤᠯᠤᠨ ᠮᠢᠨᠦ ᠠᠪᠤ ᠶᠢ ᠳᠠᠭᠠᠭᠤᠯᠵᠤ ᠮᠤᠷᠢ ᠪᠠᠨ ᠲᠠᠪᠬᠢᠭᠤᠯᠤᠨ ᠸᠠᠩ ᠤᠨ ᠤᠷᠳᠤᠨ ᠢ ᠴᠢᠭᠯᠡᠨ ᠨᠢᠰᠬᠦ ᠮᠡᠳᠤ ᠤᠳᠴᠠᠢ᠃ ᠡᠪᠦᠯ ᠤᠨ ᠬᠦᠢᠲᠡᠨ ᠳᠤ ᠲᠡᠳᠡ ᠨᠡᠷ ᠤᠨ ᠭᠠᠷ ᠨᠢ ᠪᠡᠭᠡᠷᠡᠵᠤ ᠬᠦᠯ ᠨᠢ ᠵᠢᠮᠵᠢᠬᠢᠨᠡᠨ᠂ ᠬᠢᠨᠲᠠᠨ ᠤ ᠡᠬᠦᠲᠡᠨ ᠳᠤ ᠬᠦᠷᠬᠦ ᠦᠶ᠎ᠡ ᠳᠤ ᠬᠦᠮᠦᠰᠭᠡ ᠨᠢᠳᠤ ᠨᠢ ᠪᠦᠷ ᠴᠠᠩᠲᠤᠵᠤ ᠮᠦᠰᠦ ᠪᠠᠷᠢᠯᠳᠤᠨ ᠬᠦᠯᠲᠡᠵᠠᠢ᠃ ᠲᠡᠳᠡ ᠭᠤᠷᠪᠠᠭᠤᠯᠠ ᠶᠢ ᠬᠢᠨᠲᠠᠨ ᠤ ᠬᠠᠷᠠᠭᠤᠯ ᠤᠨ ᠭᠡᠷ ᠲᠤ ᠤᠷᠤᠵᠤ ᠤᠴᠢᠬᠤ ᠳᠤ ᠬᠠᠰᠧᠴᠢᠷ ᠮᠦᠨ ᠬᠠᠯᠠᠭᠤᠨ ᠬᠠᠨᠵᠤᠨ ᠲᠡᠭᠡᠷ᠎ᠡ ᠪᠠᠨ ᠬᠡᠪᠲᠡᠵᠤ ᠬᠠᠷ᠎ᠠ ᠲᠠᠮᠠᠬᠢ ᠲᠠᠲᠠᠨ ᠵᠢᠷᠭᠠᠵᠤ ᠪᠠᠶᠢᠪᠠ᠃ ᠮᠦᠳᠠᠨ ᠤᠷᠤᠭᠰᠢ ᠲᠠᠪᠰᠢᠵᠤ ᠮᠠᠰᠢ ᠡᠶᠡᠯᠳᠡᠭ  ᠳᠠᠭᠤᠨ ᠢᠶᠠᠷ᠄ ︽ᠬᠠ᠊ ᠠᠬ᠎ᠠ ᠡ︕ ᠲᠠ ᠡ᠊ᠠᠲᠡ ᠮᠡᠶᠢᠷᠡᠨ ᠲᠡᠭᠦᠤ ᠪᠠᠨ ᠬᠠᠷᠠᠵᠤ ᠪᠠᠶᠢᠬᠤ ᠤᠴᠢᠷ ᠠᠴᠠ ᠪᠢ  ᠦᠨᠡᠭᠡᠷ ᠰᠠᠨᠠᠭ᠎ᠠ ᠠᠮᠤᠷ ᠰᠢᠤ᠂ ᠮᠦᠳᠠᠨ ᠲᠡᠭᠦᠤ ᠴᠢᠨᠢ ᠪᠠᠰᠠ ᠨᠢᠭᠡ ᠤᠳᠠᠭ᠎ᠠ ᠭᠠᠳᠠ ᠲᠠᠢ ᠠᠭᠤᠯᠵᠠᠬᠤ ᠪᠠᠷ ᠢᠷᠡᠯ᠎ᠡ︾ ᠭᠡᠳ ᠪᠤᠭᠤᠳᠠᠯ ᠲᠠᠢ ᠠᠷᠪᠠᠨ ᠯᠠᠩ ᠬᠠᠷ᠎ᠠ ᠲᠠᠮᠠᠬᠢ ᠪᠠᠨ ᠰᠢᠷᠡᠭᠡᠨ ᠲᠡᠭᠡᠷ᠎ᠡ ᠨᠢ ᠭᠠᠷᠭᠠᠵᠤ ᠲᠠᠯᠪᠢᠬᠤ ᠳᠤ  ︽ᠱᠦᠢ ᠬᠣ᠋ ᠶᠢᠨ ᠦᠯᠢᠭᠡᠷ︾ ᠦᠵᠡᠵᠤ ᠪᠠᠶᠢᠭᠰᠠᠨ ᠪᠤᠶᠠᠨᠳᠠᠯᠠᠢ ᠪᠤᠰᠴᠤ ᠰᠠᠭᠤᠭᠠᠳ᠄ ︽ᠴᠢ ᠦᠵᠡᠭᠡᠴᠢ᠂ ᠯᠤᠤ  ᠬᠠ᠊ ︵ᠬᠠᠰᠧᠴᠢᠷ ᠢ ᠵᠢᠭᠠᠵᠤ ᠪᠤᠢ︶ ᠡ᠂ ᠯᠢᠤ ᠴᠠᠩ ᠯᠢᠨ ᠭᠠᠶᠢᠬᠠᠯ ᠦᠨᠡᠬᠡᠷ ᠴᠢᠳᠭᠦᠷ ᠰᠢᠭ ᠵᠠᠯᠢ ᠲᠠᠢ᠂ ᠦᠪᠡᠷ ᠤᠨ ᠰᠡᠭᠦᠳᠡᠷ ᠠᠴᠠ ᠪᠠᠨ ᠨᠠᠳᠬᠤᠵᠤ᠂ ᠰᠡᠭᠦᠯ ᠠᠴᠠ ᠪᠠᠨ ᠠᠶᠤᠨ᠎ᠠ᠃ ᠲᠠᠷᠡ ᠭᠠᠳᠠᠭᠰᠢ ᠭᠠᠷᠤᠭᠰᠠᠭᠠᠷ ᠯᠠ ᠬᠠᠷᠠᠭᠤᠯ ᠮᠠᠨᠠᠭ᠎ᠠ ᠪᠠᠨ ᠨᠡᠮᠡᠵᠤ ᠴᠢᠩᠭᠠᠳᠬᠠᠨ᠎ᠠ᠂ ᠪᠢᠳᠡᠡ ᠢ ᠪᠤᠳᠠᠭᠠᠨ ᠲᠤᠯᠤᠮ ᠢᠶᠠᠷ ᠦᠵᠡᠵᠤ ᠪᠠᠶᠢᠨ᠎ᠠ ᠰᠢᠤ︾  ᠭᠡᠭᠰᠡᠭᠡᠷ ᠰᠢᠨᠤᠯ ᠤᠨ ᠨᠢᠳᠤ ᠨᠢ ᠪᠤᠭᠤᠯᠲᠠ ᠲᠠᠢ ᠬᠠᠷ᠎ᠠ ᠲᠠᠮᠠᠬᠢᠨ ᠲᠡᠭᠡᠭᠦᠷ ᠡᠷᠬᠢᠯᠳᠦᠨ᠎ᠡ᠃ ᠬᠠᠰᠧᠴᠢᠷ ᠬᠢᠨᠳᠠᠨ ᠤ ᠭᠠᠵᠠᠷ ᠢ ᠲᠠᠮᠠᠢ ᠯᠠ ᠬᠡᠷᠡᠭ ᠪᠤᠯᠭᠠᠵᠤ ᠪᠠᠶᠢᠬᠤ ᠶᠠᠩᠵᠤ ᠦᠭᠡᠢ᠄ ︽ᠴᠢ ᠲᠠᠳᠦᠢ ᠬᠤᠯᠠ ᠠᠴᠠ ᠢᠷᠡᠴᠢᠬᠡᠭᠰᠡᠨ ᠶᠤᠮ ᠴᠢᠨᠢ ᠭᠠᠳᠠ ᠲᠠᠢ ᠨᠢᠭᠡ ᠤᠴᠠᠷᠠᠭᠠᠳ ᠶᠠᠪᠤ︕ ᠰᠡᠭᠦᠯᠡᠷ ᠠᠷᠪᠢᠨ ᠢᠷᠡᠵᠤ ᠪᠤᠯᠬᠤ ᠦᠭᠡᠢ ᠰᠢᠤ︾ ᠭᠡᠵᠤ ᠮᠦᠳᠠᠨ ᠳᠤ ᠬᠡᠯᠡᠪᠡ᠃             1929 ᠤᠨ ᠤ 12 ᠰᠠᠷ᠎ᠠ ᠶᠢᠨ 13 ᠤ ᠡᠳᠦᠷ ᠤᠨ ᠪᠦᠷᠦᠢ ᠲᠠᠰᠤᠷᠠᠬᠤ ᠶᠢᠨ ᠦᠶ᠎ᠡ ᠪᠠᠷ ᠴᠠᠰᠤ  ᠯᠠᠪᠰᠠᠯᠠᠵᠤ ᠡᠬᠢᠯᠡᠪᠡ᠃ ᠰᠦᠨᠢ ᠶᠢᠨ ᠬᠤᠶᠠᠷ ᠴᠠᠭ ᠤᠨ ᠪᠠᠷᠤᠭ ᠢᠶᠠᠷ ᠮᠢᠨᠦ ᠠᠪᠤ ᠠᠮᠤᠷᠯᠢᠩᠭᠤᠢ᠂ ᠲᠤᠨᠤᠷᠤᠪ᠂  ᠤᠶᠢᠷᠤᠪ᠂ ᠡᠩᠬᠡᠪᠠᠶᠠᠷ᠂ ᠷᠠᠰᠢ᠂ ᠭᠠᠶᠠ ᠵᠡᠷᠭᠡ ᠬᠦᠮᠦᠨ ᠲᠠᠢ ᠲᠤᠯᠤᠭᠠᠭᠤᠯᠠ ᠮᠦᠳᠠᠨ ᠢ ᠳᠠᠭᠠᠵᠤ ᠸᠠᠩ ᠤᠨ ᠤᠷᠳᠤᠨ ᠤ ᠬᠢᠨᠲᠠᠨ ᠠᠴᠠ ᠭᠠᠳᠠ ᠮᠡᠶᠢᠷᠡᠨ ᠢ ᠠᠪᠤᠷᠠᠵᠤ ᠭᠠᠷᠭᠠᠪᠠ᠃ ᠭᠠᠳᠠ ᠮᠡᠶᠢᠷᠡᠨ ᠡᠭᠦᠨ ᠠᠴᠠ ᠡᠬᠢᠯᠡᠵᠤ  ᠵᠡᠪᠰᠡᠭ ᠠᠳᠬᠤᠨ ᠪᠤᠰᠤᠯᠭ᠎ᠠ ᠭᠠᠷᠭᠠᠵᠤ᠂ ᠲᠠᠷᠬᠠᠨ ᠸᠠᠩ ᠢ ᠡᠰᠡᠷᠭᠦᠴᠡᠨ᠂ ᠲᠡᠭᠡᠰᠤᠨ ᠴᠡᠷᠢᠭ ᠢ ᠠᠯᠠᠵᠤ᠂  ᠴᠡᠷᠢᠭ ᠤᠨ ᠡᠷᠬᠡᠲᠡᠨ ᠲᠠᠢ ᠲᠡᠮᠡᠴᠡᠯᠳᠤᠨ ᠭᠠᠵᠠᠷ ᠨᠤᠳᠤᠭ ᠢᠶᠠᠨ ᠬᠠᠮᠠᠭᠠᠯᠠᠬᠤ ᠲᠠᠶᠢᠨ ᠬᠢᠭᠰᠡᠨ ᠶᠤᠮ᠃ 1929 ᠊᠊᠊᠊  1931 ᠤᠨ ᠪᠤᠯᠲᠠᠯᠠᠬᠢ ᠭᠤᠷᠪᠠᠨ ᠵᠢᠯ ᠤᠨ ᠬᠤᠭᠤᠷᠤᠨᠳᠤ ᠶᠠᠪᠤᠭᠳᠠᠭᠰᠠᠨ ᠶᠡᠭᠡ ᠪᠠᠭ᠎ᠠ ᠭᠤᠴᠢᠨ ᠬᠡᠳᠦ ᠤᠳᠠᠭᠠᠨ ᠤ ᠪᠠᠶᠢᠯᠳᠤᠭᠠᠨ ᠳᠤ ᠠᠪᠤ ᠮᠢᠨᠢ ᠪᠦᠷ ᠭᠠᠳᠠ ᠮᠡᠶᠢᠷᠡᠨ ᠲᠠᠢ ᠬᠠᠮᠳᠤ ᠪᠠᠶᠢᠯᠳᠤᠵᠤ ᠶᠠᠪᠤᠵᠠᠢ᠃ ᠮᠢᠨᠦ ᠠᠪᠤ ᠶᠢᠨ ᠭᠤᠤᠯ ᠡᠭᠦᠷᠭᠡ ᠪᠤᠯ ᠮᠦᠳᠠᠨ ᠢ ᠬᠠᠮᠠᠭᠠᠯᠠᠬᠤ ᠶᠠᠪᠤᠳᠠᠯ ᠪᠤᠯᠤᠨ᠎ᠠ᠃ ᠭᠠᠳᠠ ᠮᠡᠶᠢᠷᠡᠨ ᠪᠡᠶ᠎ᠡ ᠦᠷᠡᠭᠳᠡᠭᠰᠡᠨ ᠤ ᠰᠡᠭᠦᠯᠡᠷ ᠲᠡᠭᠡᠷᠡᠮᠴᠢᠳ ᠠᠷᠠᠳ ᠤᠨ ᠲᠤᠮᠳᠠ ᠪᠡᠶ᠎ᠡ ᠲᠠᠯᠳᠠᠯᠠᠵᠤ ᠪᠠᠶᠢᠭᠰᠠᠨ ᠮᠦᠳᠠᠨ ᠢ ᠪᠠᠷᠢᠪᠴᠢᠯᠠᠬᠤ ᠪᠠᠷ ᠶᠡᠭᠡ ᠬᠡᠪᠴᠢᠶ᠎ᠡ ᠪᠠᠷ ᠨᠡᠩᠵᠢᠯᠲᠡ ᠬᠢᠵᠤ ᠠᠷᠠᠳ ᠲᠦᠮᠡᠨ ᠢ ᠠᠯᠠᠵᠤ ᠬᠢᠳᠤᠵᠤ ᠡᠬᠢᠯᠡᠪᠡ᠃ ᠡᠨᠡ ᠦᠶ᠎ᠡ ᠳᠤ ᠮᠦᠳᠠᠨ ᠨᠤᠳᠤᠭ ᠤᠰᠤᠨ ᠤ ᠬᠦᠮᠦᠨ ᠠᠷᠠᠳ ᠢ ᠬᠢᠯᠢᠰ ᠢᠶᠠᠷ ᠦᠬᠦᠬᠦᠯᠬᠦ ᠦᠭᠡᠢ ᠶᠢᠨ ᠲᠦᠯᠦᠭᠡ  ᠦᠪᠡᠷ ᠢᠶᠠᠨ ᠴᠡᠭᠡᠵᠢ ᠲᠡᠨ᠋ᠶᠢᠨ ᠭᠠᠷᠴᠤ ᠢᠷᠡᠭᠰᠡᠨ ᠪᠢᠯᠡ᠃ ᠮᠦᠳᠠᠨ ᠪᠠᠷᠢᠭᠳᠠᠭᠰᠠᠨ ᠤ ᠲᠠᠷᠠᠭ᠎ᠠ ᠲᠠᠷᠬᠠᠨ ᠸᠠᠩ ᠵᠠᠷᠯᠢᠭ ᠪᠠᠭᠤᠯᠭᠠᠵᠤ ᠮᠢᠨᠦ ᠠᠪᠤ ᠪᠤᠯᠤᠨ ᠠᠮᠤᠷᠯᠢᠩᠭᠤᠢ ᠶᠢ ᠪᠠᠷᠢᠪᠴᠢᠯᠠᠬᠤ ᠵᠠᠷ ᠲᠠᠷᠬᠠᠪᠠ᠃ ᠡᠶᠢᠮᠦ ᠠᠴᠠ ᠠᠪᠤ ᠮᠢᠨᠢ ᠠᠮᠤᠷᠯᠢᠩᠭᠤᠢ ᠲᠠᠢ ᠬᠤᠶᠠᠭᠤᠯᠠ ᠲᠤᠬᠠᠢ ᠶᠢᠨ ᠭᠠᠵᠠᠷ ᠲᠠᠭᠠᠨ ᠬᠦᠯ ᠲᠤᠭᠲᠠᠵᠤ ᠴᠢᠳᠠᠬᠤ ᠦᠭᠡᠢ ᠪᠤᠯᠵᠤ ᠠᠷᠭ᠎ᠠ ᠪᠤᠰᠤ ᠠᠷᠤ ᠶᠢᠨ ᠠᠭᠤᠯᠠᠨ ᠳᠤ ᠭᠠᠷᠴᠤ ᠨᠢᠭᠡᠨ ᠠᠭᠤᠯᠠᠨ ᠠᠭᠤᠢ ︵ᠵᠠᠷᠤᠳ ᠤᠨ ᠬᠢᠵᠠᠭᠠᠷ ᠲᠤ ᠪᠤᠢ︶ ᠳᠤ ᠰᠠᠷ᠎ᠠ ᠭᠠᠷᠤᠢ ᠪᠠᠶ᠎ᠠ ᠲᠠᠯᠳᠠᠯᠠᠨ ᠰᠠᠭᠤᠵᠤ ᠰᠡᠭᠦᠯᠡᠷ ᠨᠢ ᠬᠤᠪᠢ ᠬᠤᠪᠢᠨ ᠤ ᠵᠠᠮ ᠢᠶᠠᠨ ᠬᠦᠭᠡᠭᠡᠵᠤ ᠬᠠᠷᠢᠯᠴᠠᠨ ᠰᠠᠯᠵᠤ  ᠶᠠᠪᠤᠵᠠᠢ᠃ ᠠᠪᠤ ᠮᠢᠨᠢ ᠨᠢᠭᠡᠨ ᠳᠡᠨᠢᠯ ᠪᠤᠰᠤ ᠮᠠᠯᠴᠢᠨ ᠠᠶᠢᠯ ᠳᠤ ᠬᠤᠶᠠᠷ ᠵᠢᠯ ᠬᠤᠨᠢ ᠬᠠᠷᠢᠭᠤᠯᠵᠤ᠂ 1933 ᠤᠨ ᠳᠤ ᠲᠠᠷᠬᠠᠨ ᠬᠤᠰᠢᠭᠤᠨ ᠤ ᠤᠪᠤᠨᠲᠠᠢ ᠤᠷᠴᠢᠮ ᠤᠨ ᠨᠢᠭᠡᠨ ᠪᠠᠶᠠᠨ ᠲᠠᠷᠢᠶᠠᠴᠢᠨ ᠤ ᠭᠡᠷ ᠲᠤ ᠲᠠᠷᠢᠶᠠᠨ ᠠᠵᠢᠯ ᠬᠢᠭᠰᠡᠨ ᠪᠠᠶᠢᠨ᠎ᠠ᠃ ᠡᠨᠡ ᠦᠶ᠎ᠡ ᠳᠤ ᠭᠠᠳᠠ ᠮᠡᠶᠢᠷᠡᠨ ᠤ ᠤᠶᠢᠷ᠎ᠠ ᠰᠠᠳᠤᠨ ᠨᠢ ᠲᠡᠭᠦᠨ ᠢ ᠡᠷᠢᠵᠤ ᠤᠯᠤᠭᠰᠠᠨ ᠪᠦᠭᠡᠳ ᠲᠤᠬᠠᠢ ᠶᠢᠨ ᠵᠢᠯ ᠳᠤᠨᠢ ᠤᠷᠠᠨ᠎ᠠ ᠬᠡᠮᠡᠬᠦ ᠬᠡᠤᠬᠡᠨ ︵ᠮᠢᠨᠤ ᠡᠵᠢ︶ ᠲᠠᠢ ᠬᠤᠷᠢᠮᠯᠠᠭᠤᠯᠪᠠ᠃ ᠠᠪᠤ ᠮᠢᠨᠢ  ᠭᠠᠳᠠ ᠮᠡᠶᠢᠷᠡᠨ ᠤ ᠲᠦᠷᠦᠯ ᠰᠠᠳᠤᠨ ᠤ ᠬᠠᠪᠰᠤᠷᠤᠯᠭ᠎ᠠ ᠲᠡᠮᠵᠢᠯᠭᠡ ᠪᠠᠷ ᠭᠡᠷ ᠡᠷᠦᠬᠡ ᠲᠠᠢ ᠪᠤᠯᠤᠭᠰᠠᠨ ᠪᠤᠯᠪᠠᠴᠤ  ᠠᠮᠢᠳᠤᠷᠠᠯ ᠨᠢ ᠲᠦᠢᠯ ᠤᠨ ᠶᠠᠳᠠᠭᠤ ᠵᠦᠳᠡᠭᠦᠤ ᠪᠠᠶᠢᠵᠤ᠂ ᠡᠵᠢ ᠲᠠᠢ ᠬᠤᠶᠠᠭᠤᠯᠠ ᠴᠦᠮ ᠪᠤᠰᠤᠳ ᠲᠤ ᠵᠠᠷᠤᠭᠳᠠᠵᠤ ᠠᠮᠢ ᠭᠤᠤᠯ ᠢᠶᠠᠨ ᠠᠷᠭᠠᠴᠠᠭᠠᠵᠤ ᠪᠠᠶᠢᠵᠠᠢ᠃             1945 ᠊᠊᠊ 1946 ᠤᠨ ᠳᠤ ᠲᠠᠷᠬᠠᠨ ᠬᠤᠰᠢᠭᠤᠨ ᠳᠤ ᠤᠨᠴᠠ ᠶᠡᠭᠡ ᠭᠠᠨᠭ᠌ ᠭᠠᠴᠢᠭ ᠪᠤᠯᠵᠤ᠂ ᠲᠠᠷᠢᠶ᠎ᠠ ᠲᠦᠮᠦᠰᠦ ᠮᠦᠬᠦᠯᠢᠭ ᠪᠤᠳᠠᠭ᠎ᠠ ᠬᠤᠷᠢᠶᠠᠭᠰᠠᠨ ᠦᠭᠡᠢ ᠪᠠᠶᠢᠯ᠎ᠠ᠃ 1947 ᠤᠨ ᠳᠤ ᠠᠪᠤ ᠮᠢᠨᠢ ᠵᠠᠷᠤᠳ ᠬᠤᠰᠢᠭᠤᠨ ᠤ ᠪᠠᠶᠠᠷᠳᠤᠬᠤᠰᠢᠭᠤ ᠨᠢᠭᠡᠳᠦᠯ ᠤᠨ ᠲᠦᠷᠪᠡᠯᠵᠢ ᠠᠶᠢᠯ ᠳᠤ ᠪᠠᠶᠢᠭᠰᠠᠨ ᠶᠡᠭᠡ ᠠᠬ᠎ᠠ ᠪᠦᠷᠢᠨ᠎ᠠ ᠲᠠᠢ ᠪᠠᠨ ᠤᠯᠵᠤ ᠬᠠᠷᠢᠯᠴᠠᠪᠠ᠃ ᠪᠦᠷᠢᠨ᠎ᠠ ᠲᠤᠬᠠᠢ ᠶᠢᠨ ᠵᠢᠯ ᠤᠨ 11 ᠰᠠᠷ᠎ᠠ ᠳᠤ ᠦᠬᠡᠷ ᠲᠡᠷᠭᠡ ᠪᠠᠷ ᠢᠷᠡᠵᠤ ᠪᠢᠳᠡᠨ ᠤ ᠨᠢᠭᠡ ᠬᠡᠷ ᠤᠨ ᠬᠢᠨ ᠢ ᠲᠦᠷᠪᠡᠯᠵᠢ ᠳᠡᠭᠡᠨ ᠨᠡᠭᠦᠯᠭᠡᠵᠤ ᠠᠪᠠᠴᠢᠪᠠ᠃             1947 ᠤᠨ ᠤ 5 ᠰᠠᠷ᠎ᠠ ᠶᠢᠨ 1 ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ  ᠪᠠᠶᠢᠭᠤᠯᠤᠭᠳᠠᠭᠰᠠᠨ ᠪᠠ ᠲᠤᠤᠷ᠎ᠠ ᠬᠠᠭᠠᠰ ᠵᠢᠯ ᠠᠴᠠ ᠨᠢ ᠭᠠᠵᠠᠷ ᠲᠠᠷᠢᠶᠠᠨ ᠤ ᠦᠭᠡᠷᠡᠴᠢᠯᠡᠯᠲᠡ ᠡᠬᠢᠯᠡᠵᠦ᠂ ᠮᠠᠯ ᠲᠠᠷᠢᠶ᠎ᠠ ᠶᠢ ᠬᠤᠪᠢᠶᠠᠨ ᠠᠩᠬᠢ ᠲᠤᠭᠲᠠᠭᠠᠵᠤ ᠡᠬᠢᠯᠡᠭᠰᠡᠨ ᠳᠤ ᠠᠪᠤ ᠮᠢᠨᠢ ᠤᠯᠠᠭᠠᠨ ᠠᠩᠬᠢᠲᠠᠨ ᠢᠶᠠᠷ ᠲᠤᠭᠳᠠᠭᠠᠭᠳᠠᠵᠤ ᠲᠠᠷᠢᠶᠠᠴᠢᠨ ᠤ ᠡᠪᠯᠡᠯ ᠤᠨ ᠲᠡᠷᠢᠬᠦᠯᠡᠭᠴᠢ ᠪᠤᠯᠪᠠ᠃ 1960 ᠤᠨ ᠳᠤ ᠮᠢᠨᠤ ᠠᠪᠤ ᠪᠠᠶᠠᠷᠳᠤᠬᠤᠰᠢᠭᠤ ᠨᠢᠭᠡᠳᠦᠯ ᠳᠤ ᠬᠠᠨᠭ᠍ᠭᠠᠨ ᠪᠤᠷᠤᠯᠠᠭᠤᠯᠬᠤ ᠬᠤᠷᠰᠢᠶ᠎ᠠ ᠶᠢᠨ ᠮᠤᠷᠢᠨ ᠲᠡᠷᠭᠡᠨ ᠯᠤᠤᠪᠠᠨᠰᠠ ︵ᠲᠡᠷᠭᠡᠴᠢᠨ︶ ᠪᠤᠯᠵᠤ᠂ 1964 ᠤᠨ ᠳᠤ ᠨᠢᠭᠡ ᠤᠳᠠᠭᠠᠨ ᠤ ᠲᠡᠷᠭᠡᠨ ᠡ᠊ᠡᠳᠡᠯ ᠠᠴᠠ ᠪᠤᠯᠵᠤ ᠪᠠᠶ᠎ᠡ ᠨᠢ ᠡᠮᠵᠡᠭ ᠲᠠᠢ ᠪᠤᠯᠤᠭᠰᠠᠨ ᠴᠤ 1965 ᠤᠨ ᠠᠴᠠ ᠪᠠᠶᠠᠷᠳᠤᠬᠤᠰᠢᠭᠤ ᠪᠠᠷᠢᠭᠠᠳᠠ ᠶᠢᠨ ᠮᠤᠷᠢᠨ ᠲᠡᠷᠭᠡ ᠶᠢ ᠪᠠᠷᠢᠵᠤ 1975 ᠤᠨ ᠪᠤᠯᠲᠠᠯ᠎ᠠ ᠠᠵᠢᠯᠯᠠᠪᠠ᠃ ᠡᠨᠡ ᠦᠶ᠎ᠡ ᠳᠤ ᠠᠪᠤ ᠮᠢᠨᠢ ᠨᠢᠭᠡᠨᠲᠡ ᠵᠢᠷᠠ ᠭᠠᠷᠤᠭᠰᠠᠨ ᠪᠤᠯᠬᠤᠷ ᠠᠵᠢᠯ ᠢᠶᠠᠨ ᠲᠤᠰᠢᠶᠠᠵᠤ ᠭᠡᠷ ᠵᠠᠭᠤᠷ᠎ᠠ ᠶᠢᠨ ᠠᠷᠰᠠᠷ ᠠᠵᠢᠯ ᠬᠢᠵᠤ ᠦᠲᠡᠯᠦᠭᠡ ᠨᠠᠰᠤ ᠪᠠᠨ ᠦᠡᠭᠭᠡᠷᠡᠭᠡᠵᠤ᠂ ᠨᠡᠶᠢᠭᠡᠮ ᠤᠨ ᠰᠠᠶᠢᠨ ᠰᠠᠶᠢᠬᠠᠨ ᠢ ᠦᠵᠡᠨ 2001 ᠤᠨ ᠳᠤ  89 ᠲᠠᠢ ᠨᠠᠰᠤ ᠪᠠᠷᠠᠪᠠ᠃             ᠮᠢᠨᠦ ᠡᠵᠢ ᠤᠷᠠᠨ᠎ᠠ ᠪᠤᠯ ᠮᠤᠩᠭᠤᠯ ᠦᠨᠳᠦᠰᠦᠲᠡᠨ᠂ ᠬᠠᠨ ᠤᠪᠤᠭ ᠲᠠᠢ᠃ 1917 ᠤᠨ ᠳᠤ ᠲᠦᠷᠦᠵᠤ ᠂ 1997 ᠤᠨ ᠳᠤ ᠨᠠᠰᠤ ᠪᠠᠷᠠᠪᠠ᠃ 1924 ᠤᠨ ᠳᠤ 22 ᠨᠠᠰᠤᠲᠠᠢ ᠮᠦᠳᠠᠨ ᠲᠠᠷᠬᠠᠨ ᠬᠤᠰᠢᠭᠤᠨ ᠤ ᠴᠡᠷᠢᠭ ᠤᠨ ᠮᠡᠶᠢᠷᠡᠨ ᠭᠠᠳᠠ ᠲᠠᠢ ᠤᠷᠤᠭᠯᠠᠪᠠ᠃ ᠮᠦᠳᠠᠨ ᠤᠷᠤᠭᠯᠠᠬᠤ ᠦᠶ᠎ᠡ ᠳᠡᠭᠡᠨ ᠭᠡᠷ ᠠᠴᠠ ᠪᠠᠨ ᠭᠤᠷᠪᠠᠨ ᠠᠰᠠᠷᠠᠭᠴᠢ ᠬᠡᠤᠬᠡᠨ ᠳᠠᠭᠠᠭᠤᠯᠵᠤ ᠢᠷᠡᠵᠡᠢ᠃ ᠲᠡᠭᠦᠨ ᠤ ᠲᠤᠳᠤᠷᠠᠬᠢ ᠨᠢᠭᠡ ᠨᠢ ᠮᠢᠨᠦ ᠡᠵᠢ ᠪᠤᠯᠤᠨ᠎ᠠ᠂ ᠲᠤᠬᠠᠢ ᠶᠢᠨ ᠦᠶ᠎ᠡ ᠳᠤ 8 ᠨᠠᠰᠤᠲᠠᠢ᠃ ᠨᠦᠭᠦᠭᠡ ᠬᠤᠶᠠᠷ ᠤᠨ ᠬᠢᠨ ᠨᠢᠭᠡ ᠨᠢ ᠮᠦᠳᠠᠨ ᠤ ᠠᠴᠢ ᠦᠬᠢᠨ ᠬᠠᠢ ᠵᠢᠶᠧ᠂ ᠨᠦᠭᠦᠭᠡ ᠨᠢ ᠴᠢᠮᠡᠭ ᠭᠡᠳᠡᠭ ᠬᠡᠤᠬᠡᠨ᠃ 1929 ᠤᠨ ᠤ 11 ᠰᠠᠷ᠎ᠠ ᠶᠢᠨ 12 ᠤᠨ ᠡᠳᠦᠷ ᠮᠦᠳᠠᠨ ᠮᠢᠨᠦ ᠡᠵᠢ ᠪᠠ ᠬᠠᠢ ᠵᠢᠶᠧ᠂ ᠴᠢᠮᠡᠭ ᠢ ᠭᠠᠳᠠ ᠮᠡᠶᠢᠷᠡᠨ ᠤ ᠠᠨᠳᠠ ᠭᠤᠮᠪᠤᠰᠧᠷᠡᠩ ᠳᠤ ᠲᠤᠰᠢᠶᠠᠭᠰᠠᠨ ᠳᠤ ᠲᠡᠷᠡ ᠡᠳᠡ ᠭᠤᠷᠪᠠᠭᠤᠯᠠ ᠶᠢᠨ ᠠᠮᠤᠷ ᠲᠦᠪᠰᠢᠨ ᠢ ᠪᠤᠳᠤᠵᠤ ᠲᠦᠷᠦᠭᠰᠡᠨ ᠨᠤᠳᠤᠭ ᠵᠠᠰᠠᠭᠳᠤ ᠬᠤᠰᠢᠭᠤ ︵ᠤᠳᠤ ᠶᠢᠨ ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤ︶ ᠳᠠᠭᠠᠨ ᠠᠪᠠᠴᠢᠵᠤ ᠬᠠᠷᠠᠭᠠᠯᠵᠠᠪᠠ᠃  ᠭᠤᠮᠪᠤᠰᠧᠷᠡᠩ ᠤᠤᠯ ᠨᠢ ᠡᠮᠦᠨ᠎ᠡ ᠭᠤᠷᠯᠤᠰ ᠤᠨ ᠲᠤᠭᠲᠠᠬᠤ ᠶᠢᠨ ᠪᠤᠰᠤᠯᠭ᠎ᠠ ᠳᠤ ᠤᠷᠤᠯᠴᠠᠭᠰᠠᠨ ᠶᠠᠯ᠎ᠠ ᠪᠠᠷ ᠲᠠᠷᠬᠠᠨ ᠸᠠᠩ ᠳᠤ ᠪᠠᠷᠢᠭᠳᠠᠵᠤ ᠬᠢᠨᠲᠠᠨ ᠳᠤ ᠬᠤᠷᠢᠭᠳᠠᠭᠰᠠᠨ ᠪᠠᠶᠢᠨ᠎ᠠ᠃ ᠰᠡᠭᠦᠯᠡᠷ ᠨᠢ ᠭᠠᠳᠠ ᠮᠡᠶᠢᠷᠡᠨ ᠲᠡᠭᠦᠨ ᠢ ᠬᠢᠨᠲᠠᠨ ᠠᠴᠠ ᠠᠪᠤᠷᠠᠵᠤ ᠭᠠᠷᠭᠠᠭᠠᠳ ᠴᠡᠷᠢᠭ ᠤᠨ ᠠᠭᠳᠠ ᠪᠠᠨ ᠬᠠᠷᠢᠭᠤᠯᠤᠭᠤᠯᠵᠠᠢ᠃ ᠭᠤᠮᠪᠤᠰᠧᠷᠡᠩ ᠪᠤᠯ ᠵᠤᠷᠢᠭ ᠵᠢᠷᠤᠭᠡ ᠲᠠᠢ᠂ ᠵᠢᠷᠤᠮ ᠪᠠᠳᠤ ᠬᠦᠮᠦᠨ ᠪᠤᠯᠬᠤᠷ ᠭᠠᠳᠠ ᠶᠢ ᠬᠢᠨᠲᠠᠨ ᠠᠴᠠ ᠠᠪᠤᠷᠠᠬᠤ ᠠᠵᠢᠯ ᠳᠤ ᠮᠠᠰᠢ ᠢᠳᠡᠪᠬᠢᠲᠠᠢ ᠤᠷᠤᠯᠴᠠᠭᠰᠠᠨ ᠶᠤᠮ᠃ ᠭᠠᠳᠠ ᠮᠡᠶᠢᠷᠡᠨ ᠤ ᠪᠤᠰᠤᠯᠭ᠎ᠠ ᠢᠯᠠᠭᠳᠠᠭᠰᠠᠨ ᠤ ᠲᠠᠷᠠᠭ᠎ᠠ ᠲᠡᠭᠦᠨ ᠤ ᠲᠦᠷᠦᠯ ᠰᠠᠳᠤᠨ ᠵᠠᠰᠠᠭᠳᠤ ᠶᠢᠨ ᠬᠤᠰᠢᠭᠤᠨ ᠳᠤ ᠬᠦᠷᠴᠤ ᠭᠤᠮᠪᠤᠰᠧᠷᠡᠩ ᠲᠠᠢ ᠠᠭᠤᠯᠵᠠᠭᠠᠳ ᠮᠢᠨᠦ ᠡᠵᠢ ᠶᠢ ᠡᠷᠢᠵᠤ ᠤᠯᠪᠠ᠃ ᠲᠡᠭᠡᠭᠡᠳ ᠡᠵᠢ ᠮᠢᠨᠢ ᠠᠪᠤ ᠲᠠᠢ ᠬᠤᠷᠢᠮᠯᠠᠭᠰᠠᠨ ᠤ ᠲᠠᠷᠠᠭ᠎ᠠ ᠨᠠᠢᠮᠠᠨ ᠬᠦᠤ᠂ ᠭᠤᠷᠪᠠᠨ ᠦᠬᠢᠨ ᠨᠡᠶᠢᠲᠡ ᠠᠷᠪᠠᠨ ᠨᠢᠭᠡᠨ ᠬᠡᠤᠬᠡᠳ ᠲᠠᠢ ᠪᠤᠯᠤᠭᠰᠠᠨ ᠶᠤᠮ᠃               ︵ᠲᠠᠮᠤᠵᠠᠪ ᠤᠨ ᠡᠷᠬᠢᠴᠡᠬᠦᠯᠦᠨ ᠶᠠᠷᠢᠭᠰᠠᠨ ᠢ ᠬᠤᠲᠠᠯᠠ ᠡᠮᠬᠢᠳᠭᠡᠨ ᠨᠠᠶᠢᠷᠠᠭᠤᠯᠪᠠ︶          
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号