ᠨᠠᠢᠮᠠᠨ ᠬᠤᠰᠢᠭᠤᠨ ᠳᠤ ᠳᠠᠳᠠᠳᠤᠩᠭ᠎ᠠ ᠨᠡᠷᠡᠮᠵᠢᠳᠦ ᠮᠤᠩᠭᠤᠯ ᠦᠰᠦᠭ ᠪᠢᠴᠢᠭ ᠤᠨ ᠮᠦᠽᠸᠢ ᠪᠠᠶᠢᠭᠤᠯᠤᠭᠳᠠᠯ᠎ᠠ
ᠨᠡᠶᠢᠲᠡᠯᠡᠭᠰᠡᠨ ᠴᠠᠭ᠄
2020/5/15
      ᠮᠤᠩᠭᠤᠯ ᠦᠭᠡ ᠬᠡᠯᠡ ᠦᠰᠦᠭ ᠪᠢᠴᠢᠭ ᠤᠨ ᠬᠦᠭᠵᠢᠯᠳᠡ ᠶᠢᠨ ᠢᠷᠡᠭᠡᠳᠦᠢ ᠳᠤ ᠬᠠᠨᠳᠤᠭᠤᠯᠵᠦ᠂ ᠮᠤᠩᠭᠤᠯ ᠦᠰᠦᠭ ᠪᠢᠴᠢᠭ ᠢ ᠨᠡᠩ ᠰᠠᠶᠢᠨ ᠤᠯᠠᠮᠵᠢᠯᠠᠨ ᠬᠦᠭᠵᠢᠬᠦᠯᠬᠦ᠂ ᠰᠤᠷᠴᠤ ᠭᠡᠷᠡᠭᠯᠡᠬᠦ᠂ ᠰᠤᠳᠤᠯᠬᠤ ᠠᠭᠤᠳᠠᠮ ᠤᠷᠤᠨ ᠵᠠᠢ ᠬᠠᠩᠭᠠᠬᠤ ᠪᠠᠷ ᠨᠠᠢᠮᠠᠨ ᠬᠤᠰᠢᠭᠤ ᠳᠠᠳᠠᠳᠤᠩᠭ᠎ᠠ ᠨᠡᠷᠡᠮᠵᠢᠳᠤ ᠮᠤᠩᠭᠤᠯ ᠦᠰᠦᠭ ᠪᠢᠴᠢᠭ ᠤᠨ ᠮᠦᠽᠸᠢ ᠪᠠᠶᠢᠭᠤᠯᠵᠦ 10 ᠰᠠᠷ᠎ᠠ ᠶᠢᠨ 16 ᠤ ᠡᠳᠤᠷ ᠨᠡᠭᠡᠭᠡᠯᠳᠡ ᠶᠢᠨ ᠶᠤᠰᠤᠯᠠᠯ ᠶᠠᠪᠤᠭᠳᠠᠭᠤᠯᠪᠠ᠃ ᠶᠤᠰᠤᠯᠠᠯ ᠲᠡᠭᠡᠷ᠎ᠡ ᠴᠦᠢᠵᠤᠩᠵᠠᠪ᠂ ᠪ᠊ · ᠭᠡᠷᠡᠯᠳᠤ ᠵᠡᠷᠭᠡ ᠡᠷᠳᠡᠮᠳᠡᠨ ᠮᠡᠷᠭᠡᠳ ᠵᠢᠴᠢ ᠮᠤᠩᠭᠤᠯ ᠦᠰᠦᠭ ᠪᠢᠴᠢᠭ ᠤᠨ ᠰᠤᠶᠤᠯ ᠳᠠᠭᠠᠨ ᠬᠠᠶᠢᠷᠠᠳᠠᠢ ᠤᠯᠠᠨ ᠬᠦᠮᠦᠨ ᠤᠷᠤᠯᠴᠠᠵᠦ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ ᠪ᠊ · ᠭᠡᠷᠡᠯᠳᠤ᠂ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠫᠷᠤᠹᠧᠰᠰᠤᠷ ᠪ᠊ · ᠰᠦᠭᠡ᠂ ᠰᠢᠯᠢ ᠶᠢᠨ ᠭᠤᠤᠯ ᠠᠶᠢᠮᠠᠬ ᠤᠨ ᠪᠠᠷᠠᠭᠤᠨ ᠦᠵᠦᠮᠦᠴᠢᠨ ᠬᠤᠰᠢᠭᠤᠨ ᠤ ᠪᠠᠭᠰᠢ ᠲᠠᠷᠤᠴᠢᠨ ᠮᠠᠨᠳᠤᠬᠤ ᠵᠡᠷᠭᠡ ᠬᠦᠮᠦᠰ ᠮᠤᠩᠭᠤᠯ᠂ ᠬᠢᠳᠡᠳ᠂ ᠶᠠᠫᠤᠨ᠂ ᠰᠤᠯᠤᠩᠭᠤᠰ᠂ ᠤᠷᠤᠰ᠂ ᠮᠠᠨᠵᠦ᠂ ᠲᠦᠪᠡᠳ᠂ ᠺᠢᠷᠢᠯ ᠵᠡᠷᠭᠡ ᠤᠯᠠᠨ ᠲᠦᠷᠦᠯ ᠤᠨ ᠦᠰᠦᠭ ᠪᠢᠴᠢᠭ ᠢ ᠪᠠᠭᠳᠠᠭᠠᠭᠰᠠᠨ 2 ᠲᠦᠮᠡ ᠭᠠᠷᠤᠢ ᠲᠡᠪᠳᠡᠷ ᠨᠤᠮ ᠢ ᠮᠦᠽᠸᠢ ᠳᠤ ᠬᠠᠨᠳᠢᠪᠯᠠᠵᠠᠢ᠃       ᠲᠤᠰ ᠮᠤᠩᠭᠤᠯ ᠦᠰᠦᠭ ᠪᠢᠴᠢᠭ ᠤᠨ ᠮᠦᠽᠸᠢ ᠨᠢ ᠦᠪᠦᠷ ᠮᠤᠩᠭᠤᠯ ᠤᠨ ᠲᠦᠡᠭᠯᠢᠶᠤᠤ ᠬᠤᠲᠠ ᠶᠢᠨ ᠨᠠᠢᠮᠠᠨ ᠬᠤᠰᠢᠭᠤᠨ ᠤ ᠸᠠᠩ ᠤᠨ ᠬᠤᠷᠤᠭᠠᠨ ᠳᠤ ᠪᠠᠶᠢᠷᠢᠰᠢᠵᠦ᠂ ᠪᠠᠷᠢᠯᠭ᠎ᠠ ᠶᠢᠨ ᠪᠦᠬᠦ ᠲᠠᠯᠠᠪᠠᠢ ᠨᠢ 1148 ᠲᠡᠭᠰᠢ ᠳᠦᠷᠪᠡᠯᠵᠢᠨ ᠮᠧᠲᠷ᠂ ᠦᠵᠡᠭᠦᠯᠭᠡ ᠶᠢᠨ ᠲᠢᠩᠬᠢᠮ ᠤᠨ ᠶᠡᠷᠦᠩᠬᠡᠢ ᠲᠠᠯᠠᠪᠠᠢ ᠨᠢ 252 ᠲᠡᠭᠰᠢ ᠳᠦᠷᠪᠡᠯᠵᠢᠨ ᠮᠧᠲᠷ ᠪᠠᠶᠢᠳᠠᠭ᠃ ᠮᠦᠽᠸᠢ ᠳᠤ ᠬᠠᠳᠠᠭᠠᠯᠠᠵᠦ ᠪᠦᠬᠦᠢ ᠲᠡᠤᠬᠡᠨ ᠳᠤᠷᠠᠰᠬᠠᠯᠲᠤ ᠪᠤᠳᠠᠰ ᠬᠢᠭᠡᠳ ᠪᠢᠴᠢᠭ ᠰᠡᠯᠲᠡ 500 ᠭᠠᠷᠤᠢ ᠪᠤᠢ᠃ ᠲᠡᠷᠡ ᠨᠢ ᠬᠤᠷᠢᠶᠠᠨ ᠬᠠᠳᠠᠭᠠᠯᠠᠬᠤ᠂ ᠳᠡᠯᠭᠡᠨ ᠦᠵᠡᠭᠦᠯᠬᠦ᠂ ᠰᠤᠳᠤᠯᠬᠤ᠂ ᠰᠤᠯᠢᠯᠴᠠᠬᠤ ᠶᠢ ᠤᠶᠠᠯᠳᠤᠭᠤᠯᠤᠭᠰᠠᠨ ᠮᠤᠩᠭᠤᠯ ᠦᠰᠦᠭ ᠪᠢᠴᠢᠭ ᠤᠨ ᠲᠤᠰᠬᠠᠢ ᠮᠦᠽᠸᠢ ᠪᠤᠯᠤᠨ᠎ᠠ᠃ ︽ᠶᠡᠷᠦᠩᠬᠡᠢ ᠤᠷᠤᠰᠢᠯ ᠤᠨ ᠲᠢᠩᠬᠢᠮ︾᠂ ︽ᠡᠷᠡᠨ ᠵᠠᠭᠤᠨ ᠤ ᠤᠷᠴᠢᠯ︾ ᠨᠡᠷᠡᠮᠵᠢᠳᠤ ᠪᠠᠷᠠᠭᠤᠨ ᠭᠠᠷᠤᠨ ᠲᠢᠩᠬᠢᠮ᠂ ︽ᠬᠦᠭᠡ ᠮᠦᠩᠭᠡ ᠲᠡᠭᠷᠢ ︾ ᠨᠡᠷᠡᠮᠵᠢᠳᠤ ᠭᠤᠤᠯ ᠲᠢᠩᠬᠢᠮ᠂ ︽ᠬᠤᠭᠤᠷ ᠴᠤᠭᠤᠷ ᠤᠨ ᠠᠶᠠᠯᠭᠤ︾ ᠨᠡᠷᠡᠮᠵᠢᠳᠤ ᠵᠡᠬᠦᠨ ᠭᠠᠷᠤᠨ ᠲᠢᠩᠬᠢᠮ ᠪᠠ ︽ᠬᠤᠷ ᠠᠬᠰᠠᠬᠰᠠᠨ ᠬᠤᠷᠢᠨ ᠰᠡᠴᠡᠳ︾ ᠨᠡᠷᠡᠮᠵᠢᠳᠤ ᠭᠡᠷᠡᠮ ᠤᠨ ᠰᠡᠶᠢᠯᠦᠮᠡᠯ ᠤᠨ ᠦᠵᠡᠮᠵᠢ᠂ ︽ᠮᠦᠩᠭᠡ ᠤᠷᠤᠰᠢᠬᠤ ᠮᠤᠩᠭᠤᠯ ᠪᠢᠴᠢᠭ︾ ᠨᠡᠷᠡᠮᠵᠢᠳᠤ ᠴᠢᠯᠠᠭᠤᠨ ᠬᠦᠰᠢᠶ᠎ᠠ ᠶᠢᠨ ᠦᠵᠡᠮᠵᠢ ᠪᠠᠷ ᠪᠦᠷᠢᠯᠳᠦᠨ᠂ ᠤᠮᠠᠷᠠᠳᠤ ᠶᠢᠨ ᠦᠨᠳᠦᠰᠦᠳᠡᠨ ᠨᠦᠭᠦᠳ ᠪᠠ ᠮᠤᠩᠭᠤᠯ ᠲᠤᠭᠤᠷᠭᠠᠳᠠᠨ ᠤ ᠵᠤᠬᠢᠶᠠᠬᠰᠠᠨ ᠪᠤᠶᠤ ᠭᠡᠷᠡᠭᠯᠡᠭᠰᠡᠨ ᠾᠦᠩᠨᠦ ᠲᠦᠷᠺ ᠰᠢᠰᠲ᠋ᠧᠮ ᠤᠨ ᠦᠰᠦᠭ᠂ ᠰᠠᠨᠰᠺᠷᠢᠲ ᠲᠦᠪᠡᠳ ᠰᠢᠰᠲ᠋ᠧᠮ ᠤᠨ ᠦᠰᠦᠭ ︵ᠫᠠᠷᠠᠬᠮᠢ ᠦᠰᠦᠭ ᠪᠠᠭᠳᠠᠨ᠎ᠠ︶᠂ ᠰᠤᠭᠳᠠ ᠤᠢᠢᠭᠤᠷ ᠰᠢᠰᠲ᠋ᠧᠮ ᠤᠨ ᠦᠰᠦᠭ᠂ ᠠᠷᠠᠪ ᠫᠧᠷᠰ ᠰᠢᠰᠲ᠋ᠧᠮ ᠤᠨ ᠦᠰᠦᠭ᠂ ᠬᠢᠳᠡᠳ ᠰᠢᠰᠲ᠋ᠧᠮ ᠤᠨ ᠦᠰᠦᠭ ︵ᠬᠢᠳᠡᠨ᠂ ᠵᠦᠷᠴᠢᠨ᠂ ᠲᠠᠩᠭᠤᠳ ᠦᠰᠦᠭ ᠢ ᠪᠠᠭᠳᠠᠭᠠᠨ᠎ᠠ︶ ᠵᠡᠷᠭᠡ ᠲᠠᠪᠤᠨ ᠶᠡᠭᠡ ᠲᠦᠷᠦᠯ ᠤᠨ ᠬᠤᠷᠢᠭᠠᠳ ᠵᠦᠢᠯ ᠤᠨ ᠦᠰᠦᠭ ᠪᠢᠴᠢᠭ ᠢ ᠲᠤᠪᠴᠢ ᠲᠠᠨᠢᠯᠴᠠᠭᠤᠯᠤᠭᠰᠠᠨ ᠪᠦᠭᠡᠳ ᠵᠢᠷᠤᠭ ᠪᠠ ᠠᠷᠠᠰᠤᠨ ᠤᠷᠠᠯᠠᠯ ᠤᠨ ᠬᠡᠯᠪᠡᠷᠢ ᠪᠠᠷ ᠴᠢᠩᠬᠢᠰ ᠬᠠᠭᠠᠨ᠂ ᠲᠠᠳᠠᠳᠤᠩᠭ᠎ᠠ ᠬᠤᠶᠠᠷ ᠤᠨ ᠠᠭᠤᠯᠵᠠᠯᠳᠠ ᠵᠢᠴᠢ ᠤᠢᠢᠭᠤᠷᠵᠢᠨ ᠮᠤᠩᠭᠤᠯ ᠦᠰᠦᠭ ᠢ ᠶᠡᠭᠡ ᠮᠤᠩᠭᠤᠯ ᠤᠯᠤᠰ ᠪᠠ ᠲᠦᠷᠪᠡᠨ ᠬᠠᠭᠠᠨᠳᠤ ᠤᠯᠤᠰ ᠤᠨ ᠭᠡᠪᠴᠢᠶᠡᠨ᠎ᠡ ᠲᠡᠯᠭᠡᠷᠡᠬᠦᠯᠦᠭᠰᠡᠨ ᠪᠠᠶᠢᠳᠠᠯ ᠢ ᠲᠠᠨᠢᠯᠴᠠᠭᠤᠯᠵᠤ᠂ ᠡᠷᠳᠡᠨ ᠤ ᠰᠢᠳᠦᠭ ︵ᠪᠡᠭᠡ ᠶᠢᠨ ᠵᠢᠭᠤᠷᠤᠯ︶᠂ ᠡᠷᠳᠡᠨ ᠤ ᠴᠠᠭᠠᠰᠤ ᠲᠠᠷᠤᠬᠤ ᠱᠤᠭᠤᠮ᠂ ᠡᠷᠳᠡᠨ ᠤ ᠲᠠᠮᠠᠭ᠎ᠠ᠂ ᠡᠷᠳᠡᠨ ᠤ ᠲᠠᠩᠭᠤᠳ ᠦᠰᠦᠭ ᠤᠨ ᠵᠡᠰ ᠭᠡᠪ ᠵᠡᠷᠭᠡ ᠡᠷᠳᠡᠨ ᠤ ᠡᠳ᠋ ᠦᠯᠦᠭ ᠪᠠᠶᠢᠬᠤ ᠪᠦᠭᠡᠳ ︽ᠪᠠᠳᠮ᠎ᠠ ᠭᠠᠳᠠᠩ ᠰᠤᠳᠤᠷ︾᠂ ︽ᠭᠡᠰᠡᠷ ᠤᠨ ᠲᠤᠭᠤᠵᠢ︾ ᠵᠡᠷᠭᠡ ᠬᠤᠪᠤᠷ ᠴᠤᠬᠠᠭ ᠰᠤᠷᠪᠤᠯᠵᠢ ᠪᠢᠴᠢᠭ ᠢ ᠲᠡᠯᠭᠡᠨ ᠦᠵᠡᠬᠦᠯᠵᠦ᠂ ᠲᠠᠳᠠᠳᠤᠩᠭ᠎ᠠ᠂ ᠫᠠᠭᠪᠠ᠂ ᠴᠦᠢᠵᠢᠡᠤᠳᠽᠡᠷ ᠵᠡᠷᠭᠡ ᠮᠤᠩᠭᠤᠯ ᠦᠰᠦᠭ ᠪᠢᠴᠢᠭ ᠤᠨ ᠬᠦᠭᠵᠢᠯᠳᠡ ᠶᠢᠨ ᠲᠡᠦᠭᠡᠨ ᠳᠤ ᠤᠨᠴᠠᠭᠠᠢ ᠭᠠᠪᠢᠶ᠎ᠠ ᠵᠢᠳᠬᠦᠯ ᠦᠵᠡᠬᠦᠯᠦᠭᠰᠡᠨ 20 ᠰᠡᠴᠡᠳ ᠢ 24 ᠡᠷᠳᠡᠨ ᠤ ᠨᠡᠷᠡᠳᠤ ᠬᠦᠰᠢᠶᠡᠨ ᠪᠢᠴᠢᠭ ᠪᠠ ᠵᠤᠬᠢᠶᠠᠯ ᠪᠦᠲᠦᠭᠡᠯ ᠢ ᠴᠢᠯᠠᠭᠤᠨ ᠲᠡᠭᠡᠷ᠎ᠡ ᠰᠡᠶᠢᠯᠦᠨ ᠦᠵᠡᠮᠦᠷᠢ ᠪᠤᠯᠭᠠᠵᠠᠢ᠃           ︵︽ᠦᠪᠦᠷ ᠮᠤᠩᠭᠤᠯ ᠤᠨ ᠠᠮᠢᠳᠤᠷᠠᠯ ᠭᠠᠷᠠᠭ ᠤᠨ ᠰᠤᠨᠢᠨ︾ ᠠᠴᠠ ᠰᠢᠯᠵᠢᠭᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号