ᠲᠠᠪᠣᠨ ᠰᠣᠪᠣᠷᠭ᠎ᠠ ᠶᠢᠨ ᠲᠣᠮᠤᠭ
ᠨᠡᠶᠢᠲᠡᠯᠡᠭᠰᠡᠨ ᠴᠠᠭ᠄
2020/10/22
      ᠦᠨᠳᠦᠷ ᠸᠠᠩ ᠵᠢᠯ ᠪᠦᠷᠢ ᠨᠢᠭᠡ ᠣᠳᠠᠭ᠎ᠠ ᠪᠡᠭᠡᠵᠢᠩ ᠣᠷᠣᠵᠣ ᠬᠠᠭᠠᠨ ᠳᠤ ᠴᠠᠢ ᠪᠠᠷᠢᠵᠣ ᠰᠢᠨ᠎ᠡ ᠶᠢᠨ ᠵᠣᠯᠭᠠᠯᠳᠠ ᠬᠢᠳᠡᠭ ᠵᠠᠩᠰᠢᠯ ᠲᠠᠢ ᠭᠡᠨ᠎ᠡ᠃ ᠰᠣᠯᠢᠶᠠᠳᠣ ᠸᠠᠩ ᠤᠨ ᠦᠶ᠎ᠡ ᠳᠤ ᠴᠦ ᠬᠡᠰᠡᠨ ᠢᠩᠭᠢᠵᠦ ᠬᠢᠳᠡᠭ  ᠪᠠᠶᠢᠭᠰᠠᠨ ᠭᠡᠨ᠎ᠡ᠃ ᠡᠮᠦᠨ᠎ᠡ ᠭᠤᠸᠠᠰᠢ ᠭᠠᠴᠠᠭ᠎ᠠ ᠶᠢᠨ ᠪᠠᠷᠠᠭᠤᠨ ᠣᠷᠢᠳᠣ ᠦᠵᠦᠭᠦᠷ ᠲᠤ ᠦᠨᠳᠦᠷ ᠸᠠᠩ ᠤᠨ ᠠᠳᠣᠭᠤᠨ ᠬᠤᠳᠳᠤᠭ ᠪᠠᠶᠢᠵᠠᠢ᠃ ᠠᠳᠣᠭᠤᠨ ᠬᠤᠳᠳᠤᠭ ᠵᠢᠴᠢ ᠡᠮᠦᠨ᠎ᠡ ᠬᠤᠶᠢᠳᠣ ᠬᠤᠶᠠᠷ ᠭᠤᠸᠠᠰᠢ ᠶᠢᠨ  ᠲᠣᠮᠳᠠᠭᠤᠷᠬᠢ ᠲᠠᠯ᠎ᠠ ᠠᠴᠠ ᠵᠡᠭᠦᠨᠰᠢ ᠪᠠᠶᠠᠨᠳᠠᠯ᠎ᠠ ᠶᠢᠨ ᠠᠷᠣ ᠪᠠᠷ᠂ ᠰᠣᠭᠤ ᠶᠢᠨ ᠠᠶᠢᠯ ᠤᠨ ᠣᠷᠢᠳᠣᠭᠤᠷ᠂ ᠪᠠᠷᠠᠭᠤᠨ ᠮᠠᠯᠴᠢᠨ ᠭᠠᠴᠠᠭ᠎ᠠ ᠶᠢᠨ ᠠᠷᠣ ᠪᠠᠷ ᠣᠷᠣᠭᠠᠳ ᠪᠦᠷ ᠸᠠᠩ ᠨᠣᠶᠠᠨ ᠤ ᠠᠳᠣᠭᠤᠨ ᠪᠡᠯᠴᠢᠭᠡᠷ ᠪᠠᠶᠢᠭᠰᠠᠨ ᠭᠡᠨ᠎ᠡ᠃  ᠡᠮᠦᠨ᠎ᠡ ᠭᠤᠸᠠᠰᠢ ᠭᠠᠴᠠᠭ᠎ᠠ ᠶᠢᠨ ᠲᠣᠮᠤᠭ᠎ᠠ ᠭᠡᠰᠡᠨ ᠬᠦᠮᠦᠨ ᠦᠨᠳᠦᠷ ᠸᠠᠩ ᠠᠴᠠ ᠭᠤᠶᠣᠴᠢᠯᠠᠨ ᠪᠠᠶᠢᠵᠣ᠂ ᠠᠳᠣᠭᠤᠨ ᠪᠡᠯᠴᠢᠭᠡᠷ ᠤᠨ ᠣᠷᠢᠳᠣ ᠬᠦᠪᠡᠭᠡ᠂ ᠠᠳᠣᠭᠤᠨ ᠬᠤᠳᠳᠤᠭ ᠤᠨ ᠣᠶᠢᠷᠠᠯᠴᠠᠭ᠎ᠠ ᠨᠣᠳᠤᠭ ᠵᠢᠭᠠᠭᠳᠠᠵᠣ᠂ ᠬᠠᠨ ᠳ᠋ᠧ᠂ ᠪᠣᠯᠣ᠂ ᠫᠠᠨ ᠣᠪᠣᠭᠳᠠᠨ᠂ ᠮᠠᠭᠰᠠᠷ ᠬᠡᠰᠡᠨ ᠬᠡᠳᠦᠨ ᠡᠷᠦᠬᠡ ᠲᠠᠢ ᠨᠠᠶᠢᠯᠠᠵᠣ ᠪᠠᠶᠢᠭᠠᠳ ᠠᠶᠢᠯ ᠪᠣᠯᠵᠣ᠂ ᠠᠶᠢᠯ ᠤᠨ ᠨᠡᠷ᠎ᠡ ᠪᠠᠨ ᠪᠠᠶᠠᠨ ᠬᠤᠳᠳᠤᠭ ᠭᠡᠵᠡᠢ᠃ ᠲᠠᠷᠠᠭ᠎ᠠ ᠨᠢ ᠭᠠᠷᠣᠭᠰᠠᠨ ᠬᠤᠶᠢᠳᠣ ᠭᠤᠸᠠᠰᠢ ᠭᠠᠴᠠᠭ᠎ᠠ ᠶᠢ ᠪᠠᠶᠠᠨ ᠲᠣᠬᠤᠢ ᠭᠡᠰᠡᠨ ᠪᠠᠶᠢᠪᠠ᠃ ᠲᠡᠷᠡ ᠦᠶ᠎ᠡ ᠳᠤ ᠦᠷᠯᠦᠭᠡ ᠳᠡᠭᠡᠨ ᠰᠠᠯᠬᠢ ᠦᠭᠡᠢ ᠦᠶᠡᠰ ᠲᠤ᠂ ᠬᠤᠶᠢᠳᠣ ᠭᠤᠸᠠᠰᠢ ᠭᠠᠴᠠᠭ᠎ᠠ ᠶᠢᠨ ᠠᠷᠣ ᠵᠣ ᠶᠢᠨ ᠡᠮᠦᠨ᠎ᠡ ᠡᠩᠭᠡᠷ ᠠᠴᠠ ᠵᠡᠭᠦᠨᠰᠢ ᠪᠠᠨ ᠪᠠᠶ᠋ᠬᠠᠦ᠋ᠨᠳᠦᠷ ᠤᠨ ᠰᠦᠮ᠎ᠡ ︵ ᠠᠭᠤᠶᠢᠳᠣ ᠵᠣᠣ︶᠂ ᠳ᠋ᠠ ᠸᠠ ᠹᠠᠩ ︵ᠬᠦᠬᠡ ᠭᠡᠷ︶ ᠭᠠᠴᠠᠭ᠎ᠠ ᠶᠢᠨ ᠵᠦᠭ ᠲᠤ ᠰᠢᠷᠭᠠᠯ ᠭᠡᠷᠡᠯ ᠲᠠᠳᠠᠭᠠᠳ ᠶᠠᠪᠣᠭᠠᠳ ᠦᠭᠳᠡᠭ ᠪᠠᠶᠢᠭᠰᠠᠨ᠃ ᠡᠨᠡ ᠨᠢ ᠠᠯᠳᠠᠨ ᠣᠨᠠᠭ᠎ᠠ ᠲᠣᠭᠯᠠᠨ ᠭᠦᠶᠦᠵᠦ ᠪᠠᠶᠢᠭ᠎ᠠ ᠣᠴᠢᠷ ᠭᠡᠨ᠎ᠡ᠃           ᠸᠠᠩ ᠨᠣᠶᠠᠨ ᠨᠢᠭᠡ ᠵᠢᠯ ᠤᠨ ᠬᠠᠪᠣᠷ ᠡᠷᠳᠡ ᠪᠡᠭᠡᠵᠢᠩ ᠣᠷᠣᠵᠣ ᠬᠠᠭᠠᠨ ᠳᠤ ᠪᠠᠷᠠᠳᠠᠬᠤ ᠴᠠᠭ ᠪᠣᠯᠬᠤ ᠳᠠᠭᠠᠨ ᠲᠡᠭᠦᠨ ᠤ ᠲᠦᠷᠪᠡ ᠲᠠᠪᠣᠨ ᠠᠵᠢᠷᠭ᠎ᠠ ᠠᠳᠣᠭᠤ ᠶᠢ ᠨᠢ ᠠᠳᠣᠭᠤᠯᠠᠵᠣ ᠪᠠᠶᠢᠭᠰᠠᠨ ᠠᠳᠣᠭᠤᠴᠢᠳ ᠢᠶᠠᠨ ᠲᠠᠭᠤᠳᠠᠨ ᠠᠪᠴᠢᠷᠠᠵᠣ᠄ ︽ᠨᠠᠮᠠᠶᠢ ᠪᠡᠭᠡᠵᠢᠩ ᠳᠤ ᠣᠴᠢᠭᠰᠠᠨ ᠬᠤᠭᠤᠷᠣᠨᠳᠣ᠂ ᠮᠢᠨᠦ ᠲᠡᠷᠡ ᠬᠦᠬᠡ ᠲᠠᠯ ᠲᠠᠢ ᠰᠠᠭᠠᠷᠠᠯ ᠭᠡᠭᠦᠦ ᠶᠢ ᠰᠠᠶᠢᠳᠣᠷ ᠠᠩᠬᠠᠷᠣᠭᠠᠷᠠᠢ᠃ ᠮᠢᠨᠦ ᠠᠳᠣᠭᠤᠨ ᠰᠦᠷᠦᠭ ᠠᠴᠠ ᠨᠢᠭᠡ ᠬᠤᠶᠠᠷ ᠠᠵᠢᠷᠭ᠎ᠠ ᠠᠳᠣᠭᠤ ᠬᠡᠭᠡᠭᠰᠡᠨ ᠴᠦ ᠲᠠ ᠨᠠᠷ ᠲᠠᠢ ᠬᠡᠷᠡᠭ ᠬᠡᠯᠡᠯᠴᠡᠬᠦ ᠦᠭᠡᠢ᠂ ᠬᠠᠷᠢᠨ ᠲᠡᠷᠡ ᠭᠡᠭᠦᠦ ᠨᠣᠭᠤᠭᠠᠨ ᠣᠨᠠᠭ᠎ᠠ ᠲᠦᠷᠦᠬᠦ ᠳᠤ ᠣᠰᠣᠯ ᠭᠠᠷᠭᠠᠵᠣ ᠪᠣᠯᠬᠤ ᠦᠭᠡᠢ︾ ᠭᠡᠵᠦ ᠬᠠᠳᠠᠭᠤ ᠵᠠᠬᠢᠭᠠᠳ ᠶᠠᠪᠣᠭᠠᠳ ᠦᠭᠴᠡᠢ᠃ ᠸᠠᠩ ᠨᠣᠶᠠᠨ ᠤ ᠬᠡᠯᠡᠭᠰᠡᠨ ᠦᠭᠡ ᠶᠢ ᠣᠯᠠᠨ ᠠᠳᠣᠭᠤᠴᠢᠨ ᠢᠳᠡᠭᠡᠬᠦ ᠬᠠᠭᠠᠰ ᠢᠳᠡᠭᠡᠬᠦ ᠦᠭᠡᠢ ᠬᠠᠭᠠᠰ ᠪᠣᠯᠪᠠᠴᠣ ᠲᠡᠭᠦᠨ ᠤ ᠵᠠᠷᠯᠢᠭ ᠠᠴᠠ ᠵᠦᠷᠢᠴᠡᠵᠦ ᠴᠢᠳᠠᠬᠤ ᠦᠭᠡᠢ ᠡᠳᠦᠷ ᠰᠦᠨᠢ ᠡᠭᠡᠯᠵᠢᠯᠡᠨ ᠠᠳᠣᠭᠤᠨ ᠰᠦᠷᠦᠭ ᠢᠶᠠᠨ ᠰᠠᠶᠢᠳᠣᠷ ᠠᠩᠬᠠᠷᠣᠨ ᠠᠳᠣᠭᠤᠯᠡᠨ ᠪᠠᠶᠢᠭᠰᠠᠭᠠᠷ᠂ ᠭᠡᠨᠡᠳᠳᠡ ᠨᠢᠭᠡ ᠡᠳᠦᠷ ᠠᠳᠣᠭᠤᠨ ᠬᠤᠳᠳᠤᠭ ᠲᠤ ᠣᠰᠣ ᠣᠣᠭᠤᠬᠤ ᠪᠠᠷ ᠢᠷᠡᠭᠰᠡᠨ ᠬᠦᠬᠡ ᠲᠠᠯ ᠲᠠᠢ ᠰᠠᠭᠠᠷᠠᠯ ᠭᠡᠭᠦᠦ ᠮᠣᠷᠢ ᠨᠢ ᠦᠨᠡᠬᠡᠷ ᠨᠣᠭᠤᠭᠠᠨ ᠣᠨᠠᠭ᠎ᠠ ᠲᠦᠷᠦᠴᠢᠭᠡᠵᠡᠢ ᠭᠡᠨ᠎ᠡ᠃ ᠡᠨᠡ ᠨᠣᠭᠤᠭᠠᠨ ᠣᠨᠠᠭ᠎ᠠ ᠲᠦᠷᠦᠭᠡᠳ ᠲᠠᠪᠤ ᠵᠢᠷᠭᠤᠭᠠᠨ ᠡᠳᠦᠷ ᠲᠡᠭᠡᠷ᠎ᠡ ᠨᠢ ᠸᠠᠩ ᠨᠣᠶᠠᠨ ᠪᠣᠴᠠᠵᠣ ᠢᠷᠡᠪᠡ᠃ ᠸᠠᠩ ᠨᠣᠶᠠᠨ ᠨᠣᠭᠤᠭᠠᠨ ᠣᠨᠠᠭ᠎ᠠ ᠪᠠᠨ ᠦᠵᠡᠬᠦ ᠪᠠᠷ ᠢᠷᠡᠬᠦ ᠳᠤ ᠨᠣᠭᠤᠭᠠᠨ ᠣᠨᠠᠭ᠎ᠠ ᠨᠢ ᠬᠠᠷᠢᠨ ᠦᠬᠦᠭᠡᠳ ᠦᠭᠭᠦᠴᠢᠭᠡᠭᠰᠡᠨ ᠭᠡᠨ᠎ᠡ᠃ ᠣᠴᠢᠷ ᠨᠢ ᠲᠦᠷᠦᠭᠡᠳ ᠡᠳᠦᠷ ᠬᠤᠨᠤᠭ ᠨᠢ ᠭᠦᠢᠴᠡᠭᠡᠳᠦᠢ ᠪᠠᠶᠢᠭᠰᠠᠨ ᠨᠣᠭᠤᠭᠠᠨ  ᠣᠨᠠᠭ᠎ᠠ ᠶᠢ ᠸᠠᠩ ᠨᠣᠶᠠᠨ ᠶᠠᠭᠠᠷᠠᠵᠣ ᠦᠵᠡᠬᠦ ᠪᠠᠷ ᠣᠴᠢᠭᠰᠠᠨ ᠠᠴᠠ ᠪᠣᠯᠣᠭᠰᠠᠨ ᠭᠡᠨ᠎ᠡ᠃ ᠡᠨᠡ ᠨᠣᠭᠤᠭᠠᠨ ᠣᠨᠠᠭ᠎ᠠ ᠦᠬᠦᠭᠡᠳ ᠲᠡᠭᠡᠭᠰᠡᠨ ᠳᠤ ᠠᠯᠳᠠᠨ ᠣᠨᠠᠭ᠎ᠠ ᠶᠢᠨ ᠲᠠᠳᠠᠳᠠᠭ ᠰᠢᠷᠭᠠᠯ ᠭᠡᠷᠡᠯ ᠨᠢ ᠣᠯᠠᠮ ᠠᠬᠠᠳᠣᠵᠠᠢ᠃ ᠬᠡᠷᠪᠡ ᠨᠣᠭᠤᠭᠠᠨ ᠣᠨᠠᠭ᠎ᠠ ᠦᠬᠦᠭᠰᠡᠨ ᠦᠭᠡᠢ ᠪᠣᠯ ᠠᠯᠳᠠᠨ ᠣᠨᠠᠭ᠎ᠠ ᠶᠢᠨ ᠰᠢᠷᠭᠠᠯ ᠭᠡᠷᠡᠯ᠂ ᠡᠨᠡ ᠨᠣᠭᠤᠭᠠᠨ ᠣᠨᠠᠭᠠᠨ ᠳᠤ ᠰᠢᠩᠭᠡᠪᠡᠯ᠂ ᠳ᠋ᠠ ᠸᠠ ᠹᠠᠩ ︵ᠬᠦᠬᠡ ᠭᠡᠷ︶ ᠤᠨ ᠣᠷᠴᠢᠮ ᠭᠠᠵᠠᠷ ᠠᠴᠠ ᠬᠠᠭᠠᠨ ᠰᠠᠭᠤᠬᠤ ᠬᠦᠮᠦᠨ ᠮᠡᠨᠳᠦᠯᠡᠬᠦ  ᠪᠦᠭᠡᠳ ᠠᠷᠪᠠᠨ ᠨᠠᠢᠮᠠᠨ ᠨᠡᠷᠡᠳᠡᠢ ᠶᠡᠭᠡ ᠪᠠᠶᠠᠨ ᠰᠠᠩ ᠲᠠᠢ ᠶᠣᠸᠠᠨᠸᠠᠢ ᠭᠠᠷᠬᠤ ᠭᠡᠨ᠎ᠡ       ᠸᠠᠩ ᠨᠣᠶᠠᠨ ᠤ ᠠᠳᠣᠭᠤᠨ ᠠᠴᠠ ᠨᠣᠭᠤᠭᠠᠨ ᠣᠨᠠᠭ᠎ᠠ ᠲᠦᠷᠦᠭᠡᠳ ᠦᠭᠦᠭᠰᠡᠨ ᠣᠴᠢᠷ ᠢ ᠡᠵᠡᠨ ᠬᠠᠭᠠᠨ ᠳᠤ ᠨᠢᠭᠤᠯ ᠦᠭᠡᠢ ᠮᠡᠳᠡᠭᠦᠯᠬᠦ ᠳᠤ ᠡᠵᠡᠨ ᠬᠠᠭᠠᠨ ᠰᠡᠵᠢᠭ ᠠᠪᠴᠦ᠂ ᠠᠷᠠᠳ ᠤᠨ ᠲᠣᠮᠳᠠ ᠬᠡᠯᠡᠯᠴᠡᠭᠳᠡᠳᠡᠭ ᠠᠯᠳᠠᠨ ᠣᠨᠠᠭ᠎ᠠ ᠶᠢ ᠪᠠᠷᠢᠭᠤᠯᠬᠤ ᠪᠠᠷ ᠮᠦᠷᠦᠨ ᠳᠡᠭᠡᠨ ᠴᠢᠶᠠᠨᠳᠠᠶᠢᠽᠢ ᠡᠭᠦᠷᠦᠭᠡᠳ᠂ ᠬᠤᠶᠠᠷ ᠭᠠᠷ ᠲᠠᠭᠠᠨ ᠬᠤᠶᠠᠷ ᠬᠤᠯᠣᠰᠣ  ᠪᠠᠷᠢᠨ ᠲᠤᠭ ᠲᠤᠭ ᠲᠣᠭᠰᠢᠭᠠᠳ ᠶᠠᠪᠣᠳᠠᠭ ᠨᠢᠭᠡᠨ ᠡᠷᠳᠡᠮᠳᠡᠢ ᠨᠠᠨᠮᠠᠨᠽᠢ ᠶᠢ ᠲᠣᠮᠢᠯᠠᠵᠦ᠂ ᠲᠠᠪᠤ ᠵᠢᠷᠭᠤᠭᠠᠨ ᠵᠢᠯ ᠤᠨ ᠴᠠᠭ ᠢ ᠵᠠᠷᠣᠴᠠᠭᠤᠯᠣᠨ᠂ ᠠᠯᠳᠠᠨ ᠣᠨᠠᠭ᠎ᠠ ᠶᠢ ᠨᠡᠬᠡᠭᠰᠡᠭᠡᠷ ᠪᠠᠶᠢᠭᠠᠳ ᠪᠠᠷᠢᠵᠦ ᠠᠪᠣᠭᠠᠳ ᠶᠠᠪᠣᠵᠠᠢ᠃ ᠪᠠᠶᠠᠨᠳᠠᠯ᠎ᠠ ᠨᠣᠳᠤᠭ ᠲᠤ ᠠᠯᠳᠠᠨ ᠣᠨᠠᠭ᠎ᠠ ᠲᠡᠬᠢᠵᠦ ᠢᠷᠡᠵᠦ ᠲᠦᠷᠦᠬᠦ ᠠᠴᠠ ᠬᠡᠷᠰᠡᠣᠯᠡᠭᠡᠳ ᠨᠣᠳᠤᠭ ᠣᠰᠣᠨ ᠤ  ᠹᠧᠩᠱᠦ᠋ᠢ ᠶᠢ ᠨᠢ ᠲᠠᠷᠣᠬᠤ ᠶᠢᠨ ᠲᠦᠯᠦᠭᠡ ᠲᠠᠪᠣᠨ ᠰᠠᠭᠤᠷᠢ ᠰᠣᠪᠣᠷᠭ᠎ᠠ ᠪᠣᠰᠬᠠᠵᠣ ᠲᠠᠯᠪᠢᠵᠠᠢ᠃ ᠡᠨᠡ ᠲᠠᠪᠣᠨ ᠰᠠᠭᠤᠷᠢ ᠰᠣᠪᠣᠷᠭ᠎ᠠ ᠭᠡᠪᠡᠯ ᠬᠤᠶᠢᠳᠣ ᠭᠤᠸᠠᠰᠢ ᠭᠠᠴᠠᠭ᠎ᠠ ᠶᠢᠨ ᠠᠷᠣ ᠵᠣ ᠶᠢᠨ ᠱᠣᠪᠣᠭᠤᠷ ᠣᠷᠣᠢ ᠲᠡᠭᠡᠷ᠎ᠡ ᠨᠢᠭᠡ ᠰᠣᠪᠣᠷᠭ᠎ᠠ᠂ ᠡᠮᠦᠨ᠎ᠡ ᠭᠤᠸᠠᠰᠢ ᠭᠠᠴᠠᠭ᠎ᠠ ᠶᠢᠨ ᠠᠷᠣ ᠮᠠᠩᠬᠠᠨ ᠬᠦᠪᠡᠭᠡ ᠳᠤ ᠨᠢᠭᠡ ᠰᠣᠪᠣᠷᠭ᠎ᠠ᠂ ᠸᠠᠩ ᠣᠪᠣᠭᠳᠣ ᠶᠢᠨ ᠲᠣᠪᠤ ᠭᠠᠴᠠᠭ᠎ᠠ ᠶᠢᠨ ᠲᠡᠨᠳᠡ ᠨᠢᠭᠡ ᠰᠣᠪᠣᠷᠭ᠎ᠠ᠂ ᠪᠠᠷᠠᠭᠤᠨ ᠮᠠᠯᠴᠢᠨ ᠭᠠᠴᠠᠭ᠎ᠠ ᠶᠢᠨ ᠣᠷᠢᠳᠠᠢ ᠨᠢᠭᠡ ᠰᠣᠪᠣᠷᠭ᠎ᠠ᠂ ᠳ᠋ᠠ ᠸᠠ ᠹᠠᠩ ︵ᠬᠦᠬᠡ ᠭᠡᠷ︶ ᠭᠠᠴᠠᠭ᠎ᠠ ᠶᠢᠨ ᠠᠷᠣ ᠮᠠᠩᠬᠠᠨ ᠤ ᠣᠷᠢᠳᠣ ᠦᠵᠦᠭᠦᠷ ᠲᠤ ᠪᠠᠰᠠ ᠨᠢᠭᠡ ᠰᠣᠪᠣᠷᠭ᠎ᠠ ᠶᠢ ᠲᠣᠰ ᠲᠣᠰ ᠪᠣᠰᠬᠠᠵᠣ ᠲᠠᠯᠪᠢᠵᠠᠢ᠃ ᠡᠭᠦᠨ ᠠᠴᠠ ᠪᠣᠯᠣᠭᠠᠳ᠂ ᠠᠯᠳᠠᠨ ᠣᠨᠠᠭ᠎ᠠ ᠪᠠᠶᠠᠨᠳᠠᠯ᠎ᠠ ᠨᠣᠳᠤᠭ ᠲᠤ ᠲᠠᠬᠢᠵᠦ ᠢᠷᠡᠵᠦ ᠲᠡᠶᠢᠯᠦᠭᠰᠡᠨ ᠦᠭᠡᠢ᠂ ᠲᠠᠷᠬᠠᠨ ᠬᠤᠰᠢᠭᠤᠨ ᠠᠴᠠ ᠴᠦ ᠬᠠᠭᠠᠨ ᠰᠠᠭᠤᠬᠤ ᠪᠣᠶᠠᠨᠳᠠᠨ  ᠮᠡᠨᠳᠦᠯᠡᠭᠰᠡᠨ ᠦᠭᠡᠢ ᠮᠦᠷᠳᠡᠭᠡᠨ ᠪᠠᠰᠠ ᠨᠡᠷᠡᠳᠡᠢ ᠪᠠᠶᠠᠨ ᠬᠦᠮᠦᠨ ᠨᠢᠭᠡ ᠴᠦ ᠭᠠᠷᠣᠭᠰᠠᠨ ᠦᠭᠡᠢ ᠭᠡᠨ᠎ᠡ᠃      
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号