ᠡᠭᠡᠮᠦᠭ ᠵᠡᠭᠦᠭᠦ ᠲᠣᠬᠠᠢ ᠴᠡᠭᠡᠷ ᠶᠣᠰᠤᠨ
ᠨᠡᠶᠢᠲᠡᠯᠡᠭᠰᠡᠨ ᠴᠠᠭ᠄
2020/12/15
      ᠡᠷᠲᠡ ᠦᠶ᠎ᠡ ᠳᠤ ᠡᠷ᠎ᠡ ᠭᠦᠮᠦᠨ ᠤ ᠰᠦᠨᠡᠰᠦ ᠪᠦᠰᠡᠨ ᠳᠤ ᠪᠠᠨ᠂ ᠰᠦᠯᠳᠡ ᠨᠢ ᠮᠠᠯᠠᠭᠠᠢ ᠳᠤ ᠪᠠᠨ ᠶᠠᠪᠤᠳᠠᠭ ᠪᠣᠯᠬᠤᠷ ᠭᠦᠮᠦᠨ ᠤ ᠬᠠᠭᠤᠴᠢᠨ ᠵᠦᠢᠯ ᠢ ᠲᠡᠷᠢᠭᠦᠨ ᠳᠡᠭᠡᠨ ᠪᠤᠣ ᠭᠦᠷᠡᠭᠡ︕ ᠬᠠᠷᠢᠨ ᠡᠮᠡᠭᠲᠡᠢ ᠭᠦᠮᠦᠨ ᠪᠦᠰᠡ ᠦᠭᠡᠢ ᠪᠣᠯᠬᠤᠷ ᠪᠦᠰᠡᠭᠦᠢ ᠭᠡᠳᠡᠭ ᠪᠠᠶᠢᠭᠰᠠᠨ ᠪᠦᠭᠡᠳ ᠰᠦᠯᠳᠡ ᠰᠦᠨᠡᠰᠦ ᠬᠤᠶᠠᠷ ᠨᠢ ᠴᠢᠭᠢᠨ ᠳᠤᠨᠢ ᠪᠠᠶᠢᠳᠠᠭ ᠶᠤᠮ ᠭᠡᠵᠦ ᠨᠤᠲᠤᠭ ᠤᠨ ᠨᠠᠰᠤᠲᠠᠶᠢᠴᠤᠳ ᠭᠡᠯᠡᠳᠡᠭ ᠪᠢᠯᠡ᠃ ᠪᠠᠰᠠ ᠪᠦᠰᠡᠭᠦᠢ ᠭᠦᠮᠦᠨ 16 ᠨᠠᠰᠤ ᠭᠦᠷᠭᠦᠯᠡᠷ ᠴᠢᠳᠭᠦᠷ ᠬᠤᠷᠭᠤᠳᠠᠭ ᠶᠤᠮ ᠪᠠᠶᠢᠨ᠎ᠠ᠃ ᠶᠠᠩᠵᠤ ᠪᠦᠷᠢ ᠶᠢᠨ ᠮᠠᠭᠤ ᠶᠠᠭᠤᠮ᠎ᠠ ᠤᠷᠤᠭᠤ ᠲᠠᠲᠠᠳᠠᠭ ᠭᠡᠨ᠎ᠡ᠃ ᠭᠡᠭᠦ ᠳᠡᠭᠡᠨ ᠡᠭᠡᠮᠦᠭ ᠵᠡᠭᠦᠭᠡ ᠦᠭᠡᠢ ᠴᠢᠭᠢᠨ ᠳᠤ ᠴᠢᠳᠭᠦᠷ ᠰᠢᠩᠭᠡᠳᠡᠭ ᠪᠠᠶᠢᠵᠠᠢ᠂ ᠲᠡᠶᠢᠮᠦ ᠠᠴᠠ ᠡᠮᠡᠭᠲᠡᠢ ᠭᠦᠮᠦᠨ ᠡᠭᠡᠮᠦᠭ ᠵᠡᠭᠦᠵᠦ ᠴᠢᠳᠭᠦᠷ ᠢ ᠭᠦᠭᠡᠭᠡᠳᠡᠭ ᠪᠤᠯᠤᠭᠰᠠᠨ ᠴᠢᠨᠢ ᠡᠭᠡᠮᠦᠭ ᠭᠠᠢ ᠵᠣᠪᠠᠯᠠᠩ᠂ ᠮᠠᠭᠤ ᠮᠠᠭᠤᠬᠠᠢ ᠪᠤᠵᠠᠷ ᠨᠢ ᠡᠭᠡᠮᠦᠭ ᠲᠤᠨᠢ ᠰᠢᠩᠭᠡᠭ ᠭᠡᠵᠦ ᠴᠢᠳᠭᠦᠷ ᠬᠠᠷᠢᠶᠠᠴᠢᠬᠠᠵᠠᠢ ᠭᠡᠳᠡᠭ ᠭᠡᠯᠡᠯᠭᠡ ᠪᠠᠰᠠ ᠪᠠᠶᠢᠳᠠᠭ᠃       ᠲᠡᠶᠢᠮᠦ ᠠᠴᠠ ᠡᠮᠡᠭᠲᠡᠢ ᠭᠦᠮᠦᠨ ᠤ ᠵᠡᠭᠦᠭᠰᠡᠨ ᠡᠭᠡᠮᠦᠭ ᠲᠡᠷᠡ ᠲᠤᠰᠤᠮ ᠢᠶᠠᠨ ᠮᠠᠭᠤ ᠮᠠᠭᠤᠬᠠᠢ ᠠᠴᠠ ᠵᠠᠶᠢᠴᠠᠭᠤᠯᠳᠠᠭ ᠡᠨᠧᠷᠭᠢ ᠬᠠᠳᠠᠭᠠᠯᠠᠳᠠᠭ ᠪᠣᠯᠬᠤᠷ ᠵᠡᠭᠦᠵᠦ ᠪᠤᠢ ᠭᠦᠮᠦᠨ ᠤ ᠪᠠᠨ ᠵᠤᠪᠠᠯᠠᠩ ᠭᠠᠢ ᠶᠡᠭᠡ ᠪᠤᠵᠠᠷ ᠰᠢᠩᠭᠡᠭᠡᠳᠡᠭ ᠶᠤᠮ᠃ ᠲᠡᠭᠡᠭᠡᠳ ᠡᠭᠡᠮᠦᠭ ᠢᠶᠠᠨ ᠭᠡᠭᠡᠴᠢᠪᠡᠯ ᠵᠤᠪᠠᠯᠠᠩ ᠠᠷᠢᠯᠤᠯ᠎ᠠ ᠭᠡᠳ ᠠᠷᠤ ᠠᠴᠠ ᠨᠢ ᠬᠠᠷᠠᠮᠰᠠᠳᠠᠭ ᠦᠭᠡᠢ᠃ ᠪᠠᠰᠠ ᠳᠠᠭᠢᠵᠦ ᠬᠤᠣᠰ ᠪᠣᠯᠭᠠᠳᠠᠭ ᠦᠭᠡᠢ ᠬᠠᠶᠢᠯᠠᠭᠤᠯᠤᠭᠠᠳ ᠦᠭᠡᠷ᠎ᠡ ᠵᠦᠢᠯ ᠭᠢᠳᠡᠭ ᠪᠠᠶᠢᠵᠠᠢ᠃       ᠮᠣᠩᠭᠤᠯᠴᠤᠳ ᠭᠦᠮᠦᠨ ᠤ ᠠᠯᠲᠠᠨ ᠡᠭᠡᠮᠦᠭ ᠢ ᠣᠯᠪᠠᠯ ᠮᠠᠭᠤ ᠮᠠᠭᠤᠬᠠᠢ ᠪᠠᠨ ᠭᠠᠳᠠᠭᠰᠢᠯᠠᠭᠤᠯᠳᠠᠭ᠂ ᠮᠠᠭᠤ ᠨᠢ ᠠᠷᠢᠯᠤᠭ ᠭᠡᠵᠦ ᠪᠣᠳᠣᠭᠠᠳ ᠳᠡᠭᠡᠷ᠎ᠡ ᠨᠢ ᠪᠡᠶ᠎ᠡ ᠵᠠᠰᠠᠵᠤ ᠠᠪᠳᠠᠭ᠃ ᠲᠡᠶᠢᠮᠦ ᠠᠴᠠ ᠨᠢᠯᠬ᠎ᠠ ᠦᠭᠢᠨ ᠳᠡᠭᠡᠨ ᠦᠪᠡᠷ ᠤᠨ ᠢᠶᠠᠨ ᠵᠡᠭᠦᠵᠦ ᠪᠠᠶᠢᠭᠰᠠᠨ ᠬᠠᠭᠤᠴᠢᠨ ᠡᠭᠡᠮᠦᠭ ᠢ ᠪᠤᠣ ᠵᠡᠭᠦᠯᠭᠡᠭᠡᠷᠡᠢ᠂ ᠭᠡᠷᠪᠡ ᠶᠡᠭᠡ ᠦᠨᠡᠲᠡᠢ ᠡᠭᠡᠮᠦᠭ ᠪᠣᠯ ᠭᠡᠯᠪᠡᠷᠢ ᠳᠦᠷᠰᠦ ᠶᠢ ᠨᠢ ᠦᠭᠡᠷᠡᠴᠢᠯᠡᠨ᠂ ᠰᠢᠨ᠎ᠡ ᠪᠠᠷ ᠴᠣᠭᠢᠭᠤᠯᠵᠤ ᠵᠡᠭᠦᠯᠭᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号