ᠪᠤᠷᠳᠤᠭᠠᠨ ᠦᠬᠡᠷ ᠤᠨ ᠬᠤᠨᠤᠭ ᠤᠨ ᠪᠤᠷᠳᠤᠭ᠎ᠠ ᠶᠢ ᠬᠡᠷᠭᠢᠨ ᠨᠠᠶᠢᠷᠠᠭᠤᠯᠬᠤ ᠪᠤᠢ
ᠨᠡᠶᠢᠲᠡᠯᠡᠭᠰᠡᠨ ᠴᠠᠭ᠄
2018-10-25
   ᠨᠢᠭᠡ᠂ ᠪᠡᠶ᠎ᠡ ᠶᠢᠨ ᠵᠢᠩ ᠨᠢ 300 ᠺᠢᠯᠦᠭᠷᠡᠮ ᠠᠴᠠ ᠳᠤᠷᠤᠭᠰᠢᠬᠢ ᠦᠬᠡᠷ ᠤᠨ ᠪᠤᠷᠳᠤᠭᠠᠨ ᠨᠠᠶᠢᠷᠠᠯᠭ᠎ᠠ᠄ 1. ᠡᠷᠳᠡᠨᠢ ᠰᠢᠰᠢ 17.7%᠂ ᠬᠦᠪᠦᠩ ᠤᠨ ᠦᠷ᠎ᠡ ᠶᠢᠨ ᠰᠢᠭᠠᠷᠤ 19.7%᠂ ᠳᠠᠬᠢᠶᠠᠨ ᠪᠠᠭᠠᠰᠤ 8.2%᠂ ᠳᠠᠷᠤᠰᠢᠭᠤᠯᠤᠭᠰᠠᠨ ᠡᠷᠳᠡᠨᠢ ᠰᠢᠰᠢ ︵ᠴᠠᠴᠤᠭ ᠲᠠᠢ︶ 17.1%᠂ ᠪᠤᠭᠤᠳᠠᠢ ᠶᠢᠨ ᠡᠰᠢ 36.6%᠂ ᠵᠤᠭᠠᠩ ᠤᠨ ᠳᠠᠯᠬ᠎ᠠ 1%᠂ ᠳᠠᠪᠤᠰᠤ 0.3%᠃ 2. ᠡᠷᠳᠡᠨᠢ ᠰᠢᠰᠢ 19%᠂ ᠬᠤᠮᠠ ᠶᠢᠨ ᠰᠢᠭᠠᠷᠤ 13%᠂ ᠳᠠᠷᠤᠰᠢᠭᠤᠯᠤᠭᠰᠠᠨ ᠡᠷᠳᠡᠨᠢ ᠰᠢᠰᠢ 17.6%᠂ ᠡᠪᠡᠰᠤᠨ ᠳᠠᠯᠬ᠎ᠠ 5%᠂ ᠠᠷᠢᠬᠢᠨ ᠪᠠᠵᠠᠮᠠᠭ 45%᠂ ᠳᠠᠪᠤᠰᠤ 0.4%᠃ ᠡᠨᠡ ᠬᠤᠶᠠᠷ ᠵᠦᠢᠯ ᠤᠨ ᠪᠤᠷᠳᠤᠭᠠᠨ ᠨᠠᠶᠢᠷᠠᠯᠭ᠎ᠠ ᠶᠢᠨ ᠠᠯᠢ ᠶᠢ ᠨᠢ ᠬᠡᠷᠡᠭᠯᠡᠭᠰᠡᠨ ᠴᠤ ᠳᠡᠷᠡ ᠬᠠᠭᠤᠷᠠᠢ ᠪᠠᠷ ᠪᠤᠳᠤᠪᠠᠯ ᠬᠤᠨᠤᠭ ᠲᠤ ᠬᠡᠷᠡᠭᠯᠡᠬᠦ ᠬᠡᠮᠵᠢᠶ᠎ᠡ ᠨᠢ 7.2 ᠺᠢᠯᠦᠭᠷᠡᠮ᠂ ᠪᠡᠶ᠎ᠡ ᠶᠢᠨ ᠵᠢᠩ ᠨᠢ ᠪᠠᠷᠤᠭ ᠬᠤᠨᠤᠭ ᠲᠤ 900 ᠭᠷᠡᠮ ᠨᠡᠮᠡᠭᠳᠡᠨ᠎ᠡ᠃ᠪᠡᠶ᠎ᠡ ᠶᠢᠨ ᠵᠢᠩ ᠨᠢ 300 — 400 ᠺᠢᠯᠦᠭᠷᠡᠮ ᠤᠨ ᠦᠬᠡᠷ ᠤᠨ ᠪᠤᠷᠳᠤᠭᠠᠨ ᠨᠠᠶᠢᠷᠠᠯᠭ᠎ᠠ᠄ 1. ᠡᠷᠳᠡᠨᠢ ᠰᠢᠰᠢ 8.6%᠂ ᠬᠤᠮᠠ ᠶᠢᠨ ᠰᠢᠭᠠᠷᠤ 7%᠂ ᠳᠠᠷᠤᠰᠢᠭᠤᠯᠤᠭᠰᠠᠨ ᠡᠷᠳᠡᠨᠢ ᠰᠢᠰᠢ 36%᠂ ᠠᠷᠢᠬᠢᠨ ᠪᠠᠵᠠᠮᠠᠭ 48%᠂ ᠳᠠᠪᠤᠰᠤ 0.4%᠃ 2. ᠡᠷᠳᠡᠨᠢ ᠰᠢᠰᠢ 25%᠂ ᠬᠦᠪᠦᠩ ᠤᠨ ᠦᠷ᠎ᠡ ᠶᠢᠨ ᠰᠢᠭᠠᠷᠤ 13%᠂ ᠳᠠᠷᠤᠰᠢᠭᠤᠯᠤᠭᠰᠠᠨ ᠡᠷᠳᠡᠨᠢ ᠰᠢᠰᠢ ︵ᠴᠠᠴᠤᠭ ᠲᠠᠢ︶ 37%᠂ ᠡᠷᠳᠡᠨᠢ ᠰᠢᠰᠢ ᠶᠢᠨ ᠡᠰᠢ ᠰᠦᠷᠡᠯ 3%᠂ ᠠᠷᠢᠬᠢᠨ ᠪᠠᠵᠠᠮᠠᠭ 21.1%᠂ ᠬᠢᠰᠤᠭ᠎ᠠ ᠶᠢᠨ ᠳᠠᠯᠬ᠎ᠠ 0.5%᠂ ᠳᠠᠪᠤᠰᠤ 0.4%᠃ ᠬᠠᠭᠤᠷᠠᠢ ᠪᠠᠷ ᠪᠤᠳᠤᠪᠠᠯ ᠬᠤᠨᠤᠭ ᠲᠤ 8.5% ᠪᠤᠷᠳᠤᠭ᠎ᠠ ᠬᠡᠷᠡᠭᠯᠡᠨ᠎ᠡ᠂ ᠪᠡᠶ᠎ᠡ ᠶᠢᠨ ᠵᠢᠩ ᠨᠢ ᠬᠤᠨᠤᠭ ᠲᠤ ᠪᠠᠷᠤᠭ 1100 ᠭᠷᠡᠮ ᠨᠡᠮᠡᠭᠳᠡᠨ᠎ᠡ᠃    ᠪᠡᠶ᠎ᠡ ᠶᠢᠨ ᠵᠢᠩ ᠨᠢ 400 — 500 ᠺᠢᠯᠦᠭᠷᠡᠮ ᠤᠨ ᠦᠬᠡᠷ ᠤᠨ ᠪᠤᠷᠳᠤᠭᠠᠨ ᠨᠠᠶᠢᠷᠠᠯᠭ᠎ᠠ᠄ 1. ᠡᠷᠳᠡᠨᠢ ᠰᠢᠰᠢ 16.7 %᠂ ᠬᠦᠪᠦᠩ ᠤᠨ ᠦᠷ᠎ᠡ ᠶᠢᠨ ᠰᠢᠭᠠᠷᠤ 24.7%᠂ ᠳᠠᠷᠤᠰᠢᠭᠤᠯᠤᠭᠰᠠᠨ ᠡᠷᠳᠡᠨᠢ ᠰᠢᠰᠢ ︵ᠴᠠᠴᠤᠭ ᠲᠠᠢ︶ 37.4%᠂ ᠡᠷᠳᠡᠨᠢ ᠰᠢᠰᠢ ᠶᠢᠨ ᠡᠰᠢ ᠰᠦᠷᠡᠯ 9.5%᠂ ᠠᠷᠢᠬᠢᠨ ᠪᠠᠵᠠᠮᠠᠭ 10%᠂ ᠵᠤᠭᠠᠩ ᠤᠨ ᠳᠠᠯᠬ᠎ᠠ 1%᠂ ᠳᠠᠪᠤᠰᠤ 0.7%᠃ 2. ᠡᠷᠳᠡᠨᠢ ᠰᠢᠰᠢ 38.6%᠂ ᠳᠠᠷᠤᠰᠢᠭᠤᠯᠤᠭᠰᠠᠨ ᠡᠷᠳᠡᠨᠢ ᠰᠢᠰᠢ 22%᠂ ᠬᠤᠮᠠ ᠶᠢᠨ ᠰᠢᠭᠠᠷᠤ 9%᠂ ᠡᠪᠡᠰᠤᠨ ᠳᠠᠯᠬ᠎ᠠ 4%᠂ ᠠᠷᠢᠬᠢᠨ ᠪᠠᠵᠠᠮᠠᠭ 26%᠂ ᠳᠠᠪᠤᠰᠤ 0.4%᠃ ᠬᠠᠭᠤᠷᠠᠢ ᠪᠠᠷ ᠪᠤᠳᠤᠪᠠᠯ ᠬᠤᠨᠤᠭ ᠲᠤ 9.8 ᠺᠢᠯᠦᠭᠷᠡᠮ᠂ ᠪᠡᠶ᠎ᠡ ᠶᠢᠨ ᠵᠢᠩ ᠨᠢ ᠬᠤᠨᠤᠭ ᠲᠤ ᠪᠠᠷᠤᠭ 1000 ᠭᠷᠡᠮ ᠨᠡᠮᠡᠭᠳᠡᠨ᠎ᠡ᠃    ᠪᠡᠶ᠎ᠡ ᠶᠢᠨ ᠵᠢᠩ ᠨᠢ 500 ᠺᠢᠯᠦᠭᠷᠡᠮ ᠠᠴᠠ ᠳᠡᠭᠡᠭᠰᠢᠬᠢ ᠦᠭᠡᠷ ᠤᠨ ᠪᠤᠷᠳᠤᠭᠠᠨ ᠨᠠᠶᠢᠷᠠᠯᠭ᠎ᠠ᠄ 1. ᠡᠷᠳᠡᠨᠢ ᠰᠢᠰᠢ 42.6%᠂ ᠠᠷᠪᠠᠢ ᠶᠢᠨ ᠳᠠᠯᠬ᠎ᠠ 5%᠂ ᠳᠠᠷᠤᠰᠢᠭᠤᠯᠤᠭᠰᠠᠨ ᠡᠷᠳᠡᠨᠢ ᠰᠢᠰᠢ ︵ᠴᠠᠴᠤᠭ ᠲᠠᠢ︶ 28.5%᠂ ᠴᠠᠷᠭᠠᠰᠤ ᠶᠢᠨ ᠳᠠᠯᠬ᠎ᠠ 11.5%᠂ ᠡᠪᠡᠰᠤ 7%᠂ ᠳᠠᠪᠤᠰᠤ 0.4%᠃ ᠬᠠᠭᠤᠷᠠᠢ ᠪᠠᠷ ᠪᠤᠳᠤᠪᠠᠯ ᠬᠤᠨᠤᠭ ᠲᠤ 10.4 ᠺᠢᠯᠦᠭᠷᠡᠮ ᠬᠡᠷᠡᠭᠯᠡᠨ᠎ᠡ᠂ ᠪᠡᠶ᠎ᠡ ᠶᠢᠨ ᠵᠢᠩ ᠨᠢ ᠬᠤᠨᠤᠭ ᠲᠤ ᠪᠠᠷᠤᠭ 1100 ᠭᠷᠡᠮ ᠨᠡᠮᠡᠭᠳᠡᠨ᠎ᠡ᠃    ᠬᠤᠶᠠᠷ᠂ ᠳᠤᠤᠷ᠎ᠠ ᠶᠠᠷᠢᠬᠤ ᠬᠤᠨᠤᠭ ᠤᠨ ᠪᠤᠷᠳᠤᠭᠠᠨ ᠨᠠᠶᠢᠷᠠᠯᠭ᠎ᠠ ᠨᠢ ᠪᠢᠷᠠᠭᠤ ᠠᠴᠠ ᠳᠤᠷᠤᠭᠰᠢᠬᠢ ᠦᠬᠡᠷ ᠲᠤ ᠳᠤᠬᠢᠷᠠᠨ᠎ᠠ᠃ ᠪᠡᠶ᠎ᠡ ᠶᠢᠨ ᠵᠢᠩ ᠨᠢ ᠬᠤᠨᠤᠭ ᠲᠤ 750 — 1000 ᠭᠷᠡᠮ ᠨᠡᠮᠡᠭᠳᠡᠨ᠎ᠡ᠃ ᠪᠦᠳᠦᠭᠦᠯᠢᠭ ᠪᠤᠷᠳᠤᠭ᠎ᠠ ᠶᠢ ᠠᠯᠢ ᠴᠢᠳᠠᠬᠤ ᠪᠠᠷ ᠭᠦᠢᠴᠡᠳ ᠬᠠᠩᠭᠠᠨ᠎ᠠ᠂ ᠬᠤᠯᠢᠮᠠᠭ ᠨᠠᠷᠢᠨ ᠪᠤᠷᠳᠤᠭ᠎ᠠ ᠶᠢ ᠬᠤᠨᠤᠭ ᠲᠤ 1.5 — 2.5 ᠺᠢᠯᠦᠭᠷᠡᠮ ᠦᠭᠬᠦ ᠬᠡᠷᠡᠭᠳᠡᠢ᠃ᠬᠤᠯᠢᠮᠠᠭ ᠨᠠᠷᠢᠨ ᠪᠤᠷᠳᠤᠭ᠎ᠠ ᠶᠢᠨ ᠨᠠᠶᠢᠷᠠᠯᠭ᠎ᠠ᠄ ᠡᠷᠳᠡᠨᠢ ᠰᠢᠰᠢ 60%᠂ ᠪᠤᠭᠤᠳᠠᠢ ᠶᠢᠨ ᠠᠭ᠎ᠠ 20%᠂ ᠬᠤᠸᠠᠱᠧᠩ ᠤᠨ ᠰᠢᠭᠠᠷᠤ 20%᠃ ᠪᠦᠳᠦᠭᠦᠯᠢᠭ ᠪᠤᠷᠳᠤᠭᠠᠨ ᠤ ᠨᠠᠶᠢᠷᠠᠯᠭ᠎ᠠ᠄ ᠰᠢᠪᠳᠤᠷᠵᠢᠭᠦᠯᠦᠭᠰᠡᠨ ᠪᠤᠭᠤᠳᠠᠢ ᠶᠢᠨ ᠡᠰᠢ 33%᠂ ᠳᠠᠷᠤᠰᠢᠭᠤᠯᠤᠭᠰᠠᠨ ᠡᠷᠳᠡᠨᠢ ᠰᠢᠰᠢ ᠶᠢᠨ ᠡᠰᠢ ᠰᠦᠷᠡᠯ 67%᠃ ᠪᠠᠰᠠ ᠬᠤᠨᠤᠭ ᠲᠤ 60 ᠭᠷᠡᠮ ᠬᠢᠰᠤᠭ᠎ᠠ ᠶᠢᠨ ᠳᠠᠯᠬ᠎ᠠ᠂ 20 ᠭᠷᠡᠮ ᠳᠠᠪᠤᠰᠤ᠂ 5 ᠭᠷᠡᠮ ᠰᠤᠳᠠ ᠨᠡᠮᠡᠵᠤ ᠳᠡᠵᠢᠭᠡᠨ᠎ᠡ᠃    ᠬᠤᠯᠢᠮᠠᠭ ᠨᠠᠷᠢᠨ ᠪᠤᠷᠳᠤᠭ᠎ᠠ ᠶᠢᠨ ᠨᠠᠶᠢᠷᠠᠯᠭ᠎ᠠ᠄ ᠡᠷᠳᠡᠨᠢ ᠰᠢᠰᠢ 68%᠂ ᠪᠤᠭᠤᠳᠠᠢ ᠶᠢᠨ ᠠᠭ᠎ᠠ 16%᠂ ᠳ᠋ᠸᠤᠪᠢᠩ 16%᠃ ᠪᠦᠳᠦᠭᠦᠯᠢᠭ ᠪᠤᠷᠳᠤᠭ᠎ᠠ ᠶᠢᠨ ᠨᠠᠶᠢᠷᠠᠯᠭ᠎ᠠ᠄ ᠳᠠᠷᠤᠰᠢᠭᠤᠯᠤᠭᠰᠠᠨ ᠡᠷᠳᠡᠨᠢ ᠰᠢᠰᠢ ᠶᠢᠨ ᠡᠰᠢ ᠰᠦᠷᠡᠯ 67%᠂ ᠬᠤᠸᠠᠱᠧᠩ ᠤᠨ ᠵᠠᠯ᠎ᠠ 13%᠂ ᠪᠤᠭᠤᠳᠠᠢ ᠶᠢᠨ ᠡᠰᠢ ᠰᠦᠷᠡᠯ 20%᠃ ᠪᠠᠰᠠ 50 ᠭᠷᠡᠮ ᠬᠢᠰᠤᠭ᠎ᠠ ᠶᠢᠨ ᠳᠠᠯᠬ᠎ᠠ ᠪᠤᠶᠤ ᠵᠤᠭᠠᠩ ᠤᠨ ᠳᠠᠯᠬ᠎ᠠ᠂ 30 ᠭᠷᠡᠮ ᠳᠠᠪᠤᠰᠤ᠂ 60 ᠭᠷᠡᠮ ᠰᠢᠭᠡᠰᠦᠯᠢᠭ ᠨᠡᠮᠡᠵᠤ ᠳᠡᠵᠢᠭᠡᠨ᠎ᠡ᠃    ᠬᠤᠯᠢᠮᠠᠭ ᠨᠠᠷᠢᠨ ᠪᠤᠷᠳᠤᠭ᠎ᠠ ᠶᠢᠨ ᠨᠠᠶᠢᠷᠠᠯᠭ᠎ᠠ᠄ ᠡᠷᠳᠡᠨᠢ ᠰᠢᠰᠢ 40%᠂ ᠪᠤᠭᠤᠳᠠᠢ ᠶᠢᠨ ᠠᠭ᠎ᠠ 15%᠂ ᠠᠷᠪᠠᠢ 5%᠂ ᠬᠦᠪᠦᠩ ᠤᠨ ᠦᠷ᠎ᠡ ᠶᠢᠨ ᠰᠢᠭᠠᠷᠤ 10%᠃ ᠪᠦᠳᠦᠭᠦᠯᠢᠭ ᠪᠤᠷᠳᠤᠭ᠎ᠠ ᠶᠢᠨ ᠨᠠᠶᠢᠷᠠᠯᠭ᠎ᠠ᠄ ᠪᠤᠭᠤᠳᠠᠢ ᠶᠢᠨ ᠡᠰᠢ ᠰᠦᠷᠡᠯ 28%᠂ ᠬᠤᠸᠠᠱᠧᠩ ᠤᠨ ᠵᠠᠯ᠎ᠠ 36%᠂ ᠬᠠᠭᠤᠷᠠᠢ ᠳ᠋ᠢᠭᠤᠸᠠ ᠶᠢᠨ ᠵᠠᠯ᠎ᠠ 36% ᠃ ᠪᠠᠰᠠ 50 ᠭᠷᠡᠮ ᠬᠢᠰᠤᠭ᠎ᠠ ᠶᠢᠨ ᠳᠠᠯᠬ᠎ᠠ᠂ 30 ᠭᠷᠡᠮ ᠳᠠᠪᠤᠰᠤ ᠨᠡᠮᠡᠵᠤ ᠦᠭᠭᠦᠨ᠎ᠡ᠃    ᠰᠢᠭᠡᠰᠦᠯᠢᠭ ᠡᠳ᠋ ᠢᠶᠠᠨ ᠵᠤᠬᠢᠬᠤ ᠬᠡᠮᠵᠢᠶᠡᠨ ᠤ ᠤᠰᠤᠨ ᠳᠤ ᠠᠭᠤᠰᠬᠠᠭᠠᠳ ᠨᠠᠷᠢᠨ ᠪᠤᠷᠳᠤᠭᠠᠨ ᠳᠤ ᠬᠤᠯᠢᠵᠤ ᠦᠭᠭᠦᠨ᠎ᠡ᠂ ᠳᠡᠵᠢᠭᠡᠬᠦ ᠠᠴᠠ ᠡᠮᠦᠨ᠎ᠡ 1 ᠴᠠᠭ ᠤᠨ ᠳᠤᠳᠤᠷ᠎ᠠ ᠤᠰᠤᠯᠠᠵᠤ ᠪᠤᠯᠬᠤ ᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号