— ᠨᠡᠷᠡᠳᠦ ᠶᠠᠰᠤ ᠪᠠᠷᠢᠶᠠᠴᠢ ᠦᠨᠢᠷ ᠢ ᠲᠡᠮᠳᠡᠭᠯᠡᠪᠡ | ᠨᠠᠶᠠᠨ ᠲᠠᠪᠤ ᠶᠢᠨ ᠦᠨᠳᠦᠷ ᠨᠠᠰᠤᠨ ᠤ ᠪᠤᠶᠠᠨ ᠢ ᠡᠳ᠋ᠯᠡᠵᠦ ᠶᠠᠪᠤᠭ᠎ᠠ ᠨᠠᠷᠡᠳᠦ ᠶᠠᠰᠤ ᠪᠠᠷᠢᠶᠠᠴᠢ ᠦᠨᠢᠷ ᠨᠠᠰᠤᠳᠠᠨ | ᠤᠳᠤ ᠬᠦᠷᠳᠡᠯ᠎ᠠ ᠪᠡᠷᠳᠡᠵᠦ ᠵᠤᠪᠠᠭᠠᠳ ᠢᠷᠡᠭᠰᠡᠨ ᠬᠦᠮᠦᠰ ᠢ ᠵᠠᠰᠠᠵᠦ ᠡᠳᠡᠭᠡᠭᠡᠨ ᠪᠠᠶᠠᠷᠯᠠᠭᠤᠯᠵᠦ ᠪᠤᠴᠠᠭᠠᠨ᠎ᠠ᠃ | ᠦᠨᠢᠷ ᠰᠢᠯᠢᠩᠬᠤᠳᠡ ᠶᠢᠨ ᠪᠤᠯᠠᠭᠠᠨ ᠰᠤᠮᠤᠨ ᠤ ᠦᠯᠵᠡᠶᠢᠳᠡᠯᠭᠡᠷ ᠭᠠᠴᠠᠭᠠᠨ ᠳᠤ ᠨᠤᠳᠤᠭᠲᠠᠢ᠃ ᠶᠠᠰᠤ ᠪᠠᠷᠢᠶᠠᠴᠢ | ᠦᠨᠢᠷ ᠭᠡᠪᠡᠯ ᠬᠤᠯᠠ ᠤᠢᠢᠷ᠎ᠠ ᠶᠢᠨ ᠬᠤᠰᠢᠭᠤ ᠠᠶᠢᠮᠠᠭ᠂ ᠡᠾᠧᠪᠸᠢ ᠵᠡᠷᠭᠡ ᠮᠤᠵᠢ ᠤᠷᠤᠨ ᠤ ᠬᠢᠨ ᠮᠡᠳᠡᠬᠦ ᠪᠠᠷ | ᠪᠠᠷᠠᠬᠤ ᠦᠭᠡᠢ᠂ ᠬᠠᠷᠢ ᠶᠢᠨ ᠬᠦᠮᠦᠰ ᠴᠦ ᠠᠯᠳᠠᠷ ᠢ ᠨᠢ ᠮᠡᠳᠡᠨ᠎ᠠ᠃ | ᠬᠦᠮᠦᠨ ᠠᠷᠠᠳ ᠲᠠᠭᠠᠨ ᠪᠤᠶᠠᠨ ᠦᠢᠯᠡᠤᠡᠴᠤ ᠶᠠᠪᠤᠨ᠎ᠠ | ᠮᠤᠩᠭᠤᠯᠴᠤᠳ ᠡᠷᠳᠡᠨ ᠠᠴᠠ ᠪᠠᠨ ᠠᠪᠤᠭᠠᠳ ᠦᠢᠯᠡᠳᠪᠦᠷᠢᠯᠡᠯ ᠠᠮᠢᠳᠤᠷᠠᠯ ᠪᠤᠶᠤ ᠳᠠᠶᠢᠨ ᠪᠠᠶᠢᠯᠳᠤᠭᠠᠨ ᠤ | ᠦᠶᠡᠰ ᠶᠠᠰᠤ ᠪᠠᠨ ᠪᠡᠷᠳᠡᠭᠡᠭᠦ᠂ ᠦᠶ᠎ᠠ ᠪᠠᠨ ᠪᠤᠯᠵᠠᠭᠠᠬᠤ ᠳᠤ ᠪᠠᠷᠢᠶᠠᠴᠢ ᠠᠴᠠ ᠶᠠᠮᠠᠷᠴᠦ ᠮᠠᠰᠢᠨ ᠪᠠᠭᠠᠵᠢ ᠬᠡᠷᠡᠭᠰᠡᠬᠦ | ᠦᠭᠡᠢ ᠪᠠᠷ ᠦᠵᠡᠵᠦ ᠲᠡᠮᠳᠡᠷᠢᠬᠦ᠂ ᠨᠤᠬᠤᠯᠠᠵᠦ ᠳᠠᠷᠤᠬᠤ᠂ ᠳᠠᠳᠠᠵᠦ ᠰᠡᠭᠰᠦᠷᠬᠦ ᠵᠡᠷᠭᠡ ᠠᠷᠭ᠎ᠠ ᠪᠠᠷ ᠬᠤᠭᠤᠷᠠᠵᠦ | ᠪᠡᠷᠳᠡᠭᠰᠡᠨ ᠢ ᠨᠢ ᠵᠠᠯᠭᠠᠵᠦ᠂ ᠦᠶ᠎ᠠ ᠭᠡᠰᠢᠭᠦᠦ ᠶᠢ ᠨᠢ ᠤᠷᠤᠭᠤᠯᠤᠨ᠂ ᠮᠢᠬ᠎ᠠ ᠰᠢᠷᠪᠦᠰᠦ ᠶᠢ ᠨᠢ ᠠᠨᠠᠭᠠᠵᠦ | ᠡᠳᠡᠭᠡᠭᠡᠳᠡᠭ᠃ ᠵᠢᠷᠠᠭᠠᠳ ᠵᠢᠯ ᠤᠨ ᠳᠤᠷᠰᠢ ᠡᠨᠡ ᠬᠦ ᠳᠠᠯᠠᠢ ᠶᠡᠭᠡ ᠪᠠᠶᠠᠨ ᠦᠪ ᠢᠶᠠᠨ ᠦᠪᠯᠡᠨ ᠤᠯᠠᠮᠵᠢᠯᠠᠵᠦ᠂ | ᠪᠠᠳᠠᠷᠠᠭᠤᠯᠤᠨ ᠬᠦᠭᠵᠢᠭᠦᠯᠵᠦ ᠤᠯᠠᠨ ᠳᠠᠭᠠᠨ ᠪᠤᠶᠠᠨ ᠭᠦᠷᠳᠡᠭᠡᠵᠦ ᠶᠠᠪᠤᠭ᠎ᠠ ᠬᠦᠮᠦᠨ ᠪᠣᠯ ᠦᠨᠢᠷ ᠪᠢᠯᠡ᠃ | ᠦᠨᠢᠷ ᠤᠨ ᠭᠡᠤᠭᠡᠨ ᠽᠨᠳᠠᠨᠬᠤᠸᠠᠷ᠂ ᠵᠢᠭᠡ ᠤᠮᠪᠤᠯᠤ ᠭᠡᠤᠭᠡᠨ ᠰᠤᠯᠤᠩᠭᠤᠸ᠎ᠠ᠂ ᠵᠢᠭᠡ ᠤᠮᠪᠤᠯᠤ ᠳᠡᠯᠭᠡᠷ ᠨᠢ ᠪᠦᠷ | ᠪᠠᠭ᠎ᠠ ᠠᠴᠠ ᠪᠠᠨ ᠨᠠᠰᠤᠳᠠᠨ ᠤ ᠶᠠᠰᠤ ᠪᠠᠷᠢᠬᠤ ᠮᠡᠷᠭᠡᠵᠢᠯ ᠢ ᠲᠠᠭᠠᠨ ᠰᠤᠷᠴᠦ᠂ ᠤᠳᠤ ᠪᠡᠶ᠎ᠠ ᠪᠠᠨ ᠳᠠᠭᠠᠭᠠᠵᠦ ᠶᠠᠰᠤ | ᠪᠠᠷᠢᠵᠦ ᠪᠠᠶᠢᠬᠤ ᠪᠠᠷ ᠢᠶᠠᠨ ᠭᠤᠷᠪᠠᠨ ᠦᠶ᠎ᠠ ᠶᠢᠨ ᠪᠠᠷᠢᠶᠠᠴᠢ ᠠᠶᠢᠯ ᠪᠤᠯᠵᠠᠢ᠃ | ᠦᠨᠢᠷ ᠪᠤᠯ ᠮᠠᠯᠴᠢᠨ ᠬᠦᠮᠦᠨ᠂ ᠶᠠᠰᠦ ᠪᠠᠷᠢᠶᠠᠴᠢ ᠶᠢᠨ ᠠᠵᠢᠯ ᠢ ᠵᠢᠷᠠᠭᠠᠳ ᠵᠢᠯ ᠬᠢᠴᠢᠬᠡᠯᠠ᠃ ᠪᠠᠶᠢᠰᠡ ᠶᠢᠨ | ᠰᠦᠮ᠎ᠠ ᠶᠢᠨ ᠮᠤᠩᠭᠤᠯ ᠡᠮᠨᠡᠯᠭᠡ ᠶᠢᠨ ᠬᠤᠷᠢᠶᠠᠨ ᠳᠤ ᠪᠠᠷᠢᠶᠠᠴᠢ ᠡᠮᠴᠢ ᠪᠠᠷ ᠠᠷᠪᠠᠭᠠᠳ ᠵᠢᠯ ᠠᠵᠢᠯᠯᠠᠵᠠᠢ᠃ | ᠭᠠᠴᠠᠭᠠᠨ ᠳᠠᠷᠤᠭ᠎ᠠ᠂ ᠱᠦᠵᠢ᠂ ᠮᠠᠯ ᠤᠨ ᠡᠮᠴᠢ ᠶᠢᠨ ᠠᠵᠢᠯ ᠢ ᠬᠢᠵᠦ ᠪᠠᠶᠢᠬᠰᠡᠨ᠃ ᠬᠤᠰᠢᠭᠤ᠂ ᠠᠶᠢᠮᠠᠭ ᠤᠨ | ᠳᠡᠰ ᠤᠨ ᠬᠦᠳᠡᠯᠮᠦᠷᠢ ᠶᠢᠨ ᠵᠢᠱᠢᠶᠡᠴᠢ᠂ ᠰᠢᠯᠢᠳᠡᠭ ᠨᠠᠮ ᠤᠨ ᠭᠡᠰᠢᠭᠦᠨ ᠢᠶᠠᠷ ᠬᠦᠬᠢᠭᠦᠯᠦᠭᠳᠡᠵᠦ᠂ ᠰᠤᠮᠤ᠂ | ᠬᠤᠳᠠ ᠶᠢᠨ ᠠᠷᠠᠳ ᠤᠨ ᠲᠦᠯᠦᠭᠡᠯᠡᠭᠴᠢ ᠪᠤᠯᠵᠦ᠂ ᠪᠠᠰᠠ ᠲᠦᠪ ᠷᠠᠳᠢᠣ᠋ ᠶᠢᠨ ᠮᠤᠩᠭᠤᠯ ᠬᠡᠯᠡᠨ ᠤ ᠭᠡᠯᠳᠡᠰ | ᠪᠠᠶᠢᠭᠤᠯᠤᠬᠳᠠᠬᠰᠡᠨ 50 ᠵᠢᠯ ᠤᠨ ᠤᠢ ᠳᠤ ᠴᠣᠷ ᠤᠨ ᠭᠠᠭᠴᠠ ᠮᠠᠯᠴᠢᠨ ᠲᠦᠯᠦᠭᠡᠯᠡᠭᠴᠢ ᠪᠠᠷ ᠰᠤᠩᠭᠤᠬᠳᠠᠵᠦ | ᠪᠡᠯᠭᠡᠯᠡᠬᠦ ᠠᠵᠢᠯᠯᠠᠭ᠎ᠠ ᠳᠤᠨᠢ ᠤᠷᠤᠯᠴᠠᠵᠦ ᠶᠠᠪᠤᠵᠠᠢ᠃ ᠤᠳᠤ ᠬᠦᠳᠡᠭᠡ ᠳᠡᠭᠡᠨ ᠬᠦᠭᠰᠢᠨ ᠲᠠᠢ ᠪᠠᠨ ᠬᠤᠶᠠᠭᠤᠯᠠ | ᠬᠡᠤᠬᠡᠳ᠂ ᠤᠮᠪᠤᠯᠤ ᠶᠢᠨ ᠢᠶᠠᠨ ᠳᠡᠷᠭᠡᠳᠠ ᠢᠷᠡᠵᠤ ᠬᠦᠳᠡᠯᠮᠤᠷᠢ ᠠᠵᠢᠯ ᠳᠤᠨᠢ ᠬᠠᠮᠵᠢᠬᠤ ᠶᠢᠨ ᠬᠠᠮᠳᠤ ᠶᠠᠰᠤ ᠪᠠᠷᠢᠬᠤ | ᠠᠵᠢᠯ ᠢᠶᠠᠨ ᠬᠢᠵᠤ ᠪᠤᠢ᠃ | ᠮᠤᠩᠭᠤᠯ ᠤᠯᠤᠰ ᠲᠤ ᠨᠡᠷ᠎ᠠ ᠮᠠᠨᠳᠤᠵᠦ ᠬᠠᠷᠢ ᠶᠢᠨ ᠬᠦᠮᠦᠨ ᠳᠤ ᠱᠠᠬᠰᠢᠬᠳᠠᠪᠠ | 1993 ᠤᠨ ᠳᠤ ᠦᠨᠢᠷ ᠰᠢᠯᠢ ᠶᠢᠨ ᠭᠤᠤᠯ ᠠᠶᠢᠮᠠᠭ ᠤᠨ ᠲᠤᠭᠤᠷᠢᠨ ᠰᠤᠷᠤᠯᠴᠠᠬᠤ ᠪᠦᠯᠬᠦᠮ ᠢ ᠳᠠᠭᠠᠵᠤ | ᠬᠠᠮᠳᠤ ᠮᠤᠩᠭᠤᠯ ᠤᠯᠤᠰ ᠲᠤ ᠠᠷᠪᠠᠭᠠᠳ ᠡᠳᠦᠷ ᠲᠤᠭᠤᠷᠢᠨ ᠰᠤᠷᠤᠯᠴᠠᠵᠠᠢ᠃ ᠮᠤᠩᠭᠤᠯ ᠤᠯᠤᠰ ᠤᠨ ᠬᠡᠨᠳᠡᠢ | ᠠᠶᠢᠮᠠᠭ ᠤᠨ ᠪᠢᠨᠳᠡᠷᠢᠶᠠ ᠰᠤᠮᠤᠨ ᠳᠤ ᠲᠤᠭᠤᠷᠢᠵᠦ ᠪᠠᠶᠢᠬᠤ ᠳᠤ ᠨᠢᠭᠡ ᠡᠮᠡᠭᠳᠡᠢ ᠮᠤᠷᠢᠨ ᠳᠠᠭᠠᠨ ᠢᠰᠭᠦᠯᠦᠭᠦᠯᠵᠦ᠂ | ᠬᠠᠪᠢᠷᠭ᠎ᠠ ᠨᠢ ᠬᠤᠭᠤᠷᠠᠭᠠᠳ ᠶᠡᠭᠡ ᠰᠠᠨᠳᠤᠷᠴᠤ ᠪᠠᠶᠢᠬᠰᠠᠨ ᠢ ᠦᠨᠢᠷ ᠳᠠᠷᠤᠢ ᠳᠤᠨᠢ ᠪᠠᠷᠢᠵᠦ ᠦᠭᠭᠦᠭᠡᠳ ᠡᠳᠡᠭᠡᠭᠡᠪᠡ | ᠃ ᠮᠦᠨ ᠡᠨᠡ ᠬᠤᠭᠤᠴᠠᠭᠠᠨ ᠳᠤ ᠪᠠᠰᠠ ᠨᠢᠭᠡ ᠡᠷᠡᠭᠳᠡᠢ ᠮᠤᠷᠢᠨ ᠠᠴᠠ ᠪᠠᠨ ᠤᠶᠢᠴᠢᠵᠤ ᠬᠡᠳᠦᠨ ᠬᠠᠪᠢᠷᠭ᠎ᠠ ᠨᠢ | ᠭᠠᠷᠤᠭᠠᠳ ᠵᠤᠪᠠᠵᠦ ᠰᠠᠨᠳᠤᠷᠴᠤ ᠪᠠᠶᠢᠬᠤ ᠳᠤ᠂ ᠲᠡᠷᠠ ᠨᠢᠭᠡ ᠨᠢᠭᠡ ᠪᠠᠷ ᠨᠢ ᠳᠠᠷᠤᠵᠦ ᠤᠷᠤᠭᠤᠯᠵᠦ ᠦᠭᠭᠦᠭᠰᠡᠨ ᠳᠤ | ᠮᠠᠷᠭᠠᠰᠢ ᠨᠢ ︽ᠬᠠᠩᠭᠢ ᠪᠤᠯᠴᠢᠬᠠᠯ᠎ᠠ︾ ᠭᠡᠵᠦ ᠪᠠᠶᠠᠷᠯᠠᠨ ᠲᠠᠯᠠᠷᠬᠠᠵᠦ ᠪᠠᠶᠢᠬᠰᠡᠨ ᠭᠡᠨ᠎ᠡ᠃ ᠡᠶᠢᠨ ᠬᠦ ᠮᠤᠩᠭᠤᠯ | ᠤᠯᠤᠰ ᠲᠤ ᠨᠡᠷ᠎ᠡ ᠭᠠᠷᠴᠦ᠂ ᠰᠡᠯᠡᠩᠭᠡ ᠠᠶᠢᠮᠠᠭ ᠤᠨ ᠳᠠᠷᠤᠭ᠎ᠠ ᠪᠡᠶ᠎ᠠ ᠪᠠᠷ ᠢᠶᠠᠨ ᠲᠡᠭᠦᠨ ᠢ ᠵᠠᠯᠠᠵᠦ᠂ ᠳᠡᠨᠳᠠ | ᠭᠤᠷᠪᠠᠨ ᠵᠢᠯ ᠤᠨ ᠬᠤᠭᠤᠴᠠᠭ᠎ᠠ ᠲᠠᠢ ᠪᠠᠭᠰᠢᠯᠠᠭᠤᠯᠵᠦ᠂ ᠡᠮᠴᠢᠯᠡᠭᠡ ᠬᠢᠯᠭᠡᠬᠦ ᠪᠠᠷ ᠤᠷᠢᠬᠰᠡᠨ ᠳᠤ ᠤᠷᠢᠯᠭ᠎ᠠ ᠶᠢ ᠨᠢ | ᠬᠦᠯᠢᠶᠡᠵᠦ ᠠᠪᠤᠬᠰᠡᠨ ᠦᠭᠡᠢ ᠭᠡᠨ᠎ᠡ᠃ | ᠨᠢᠭᠡ ᠠᠮᠧᠷᠢᠺᠡ ᠨᠤᠳᠤᠭ ᠲᠠᠢ ᠵᠤᠭᠠᠴᠠᠬᠴᠢ ᠰᠢᠯᠢᠩᠬᠤᠳᠡ ᠶᠢᠨ ᠪᠤᠯᠠᠭᠠᠨ ᠰᠤᠮᠤᠨ ᠳᠤ ᠢᠷᠡᠵᠦ ᠵᠤᠭᠠᠴᠠᠵᠦ | ᠪᠠᠶᠢᠭᠠᠳ ᠮᠤᠷᠢᠨ ᠠᠴᠠ ᠤᠶᠢᠴᠢᠵᠦ ᠨᠢᠷᠤᠭᠤᠨ ᠶᠠᠰᠤ ᠨᠢ ᠭᠡᠮᠳᠤᠵᠡᠢ᠃ ᠦᠨᠢᠷ ᠡᠨᠡ ᠬᠦ ᠠᠮᠧᠷᠢᠺᠠ | ᠵᠤᠭᠠᠴᠠᠭᠴᠢ ᠶᠢᠨ ᠨᠢᠷᠤᠭᠤᠨ ᠦᠶ᠎ᠠ ᠶᠢ ᠨᠢ ᠪᠠᠷᠢᠵᠦ ᠦᠭᠬᠦᠭᠰᠡᠨ ᠳᠤ ᠲᠡᠷᠠ ᠬᠦᠮᠦᠨ ᠪᠠᠷᠢᠨ ᠪᠤᠰᠤᠭᠠᠳ ᠲᠤᠩ | ᠪᠠᠶᠠᠷᠯᠠᠵᠦ᠄ ︽ᠶᠤᠰᠤᠳᠠᠢ ᠨᠢᠭᠡ ᠠᠮᠢ ᠤᠷᠤᠯ᠎ᠠ᠂ ᠪᠡᠶ᠎ᠠ ᠳᠤ ᠦᠨ᠎ᠠ ᠪᠡᠨ᠎ᠠ ᠲᠠᠢ ᠦᠭᠡᠷ᠎ᠠ ᠶᠠᠭᠤᠮ᠎ᠠ ᠦᠭᠡᠢ︾ | ᠭᠡᠳ ᠠᠯᠳᠠᠨ ᠴᠠᠭ ᠢᠶᠠᠨ ᠦᠭᠭᠦ ᠳᠤ ᠨᠠᠰᠤᠳᠠᠨ ᠭᠠᠷ ᠰᠠᠵᠢᠭᠠᠳ ᠠᠪᠤᠬᠰᠡᠨ ᠦᠭᠡᠢ ᠭᠡᠳᠡᠭ᠃ | ᠬᠦᠨᠳᠦ ᠪᠡᠷᠳᠡᠯ ᠢ ᠡᠳᠡᠭᠡᠭᠡᠵᠦ ᠬᠦᠮᠦᠨ ᠠᠷᠠᠳ ᠲᠠᠭᠠᠨ ᠮᠠᠬᠳᠠᠬᠳᠠᠪᠠ | ᠦᠨᠢᠷ ᠲᠡᠷᠭᠡ ᠤᠨᠤᠭᠠᠨ ᠤ ᠡ᠊ᠨᠳᠡᠯ ᠰᠢᠷᠬᠠᠳᠤᠯ ᠠᠴᠠ ᠪᠤᠯᠵᠦ ᠬᠦᠨᠳᠦ ᠪᠡᠷᠳᠡᠵᠦ᠂ ᠶᠠᠰᠤ ᠦᠶ᠎ᠠ ᠨᠢ | ᠭᠡᠮᠳᠦᠬᠦ ᠪᠠᠷ ᠪᠠᠷᠠᠬᠤ ᠦᠭᠡᠢ ᠰᠤᠳᠠᠯ ᠮᠡᠳᠡᠷᠡᠯ ᠨᠢ ᠳᠠᠷᠤᠬᠳᠠᠵᠦ᠂ ᠠᠮᠢ ᠨᠠᠰᠤᠨ ᠤ ᠲᠦᠭᠰᠢᠬᠦᠷᠢ ᠳᠤ ᠤᠴᠠᠷᠠᠵᠦ | ᠪᠠᠶᠢᠬᠰᠡᠨ ᠬᠦᠮᠦᠰ ᠢ ᠡᠳᠡᠭᠡᠭᠡᠨ ᠭᠠᠶᠢᠬᠠᠮᠰᠢᠭ ᠡᠭᠦᠳᠴᠦ ᠪᠠᠶᠢᠬᠰᠡᠨ ᠶᠠᠪᠤᠳᠠᠯ ᠤᠯᠠᠨ ᠤ ᠳᠤᠮᠳᠠ ᠤᠯᠠᠮᠵᠢᠯᠠᠬᠳᠠᠵᠤ | ᠪᠠᠶᠢᠯ᠎ᠡ᠃ ᠲᠦᠷᠦᠭᠦᠦ ᠬᠤᠶᠠᠷ ᠵᠢᠯ ᠭᠡᠰᠢᠭᠳᠡᠨ ᠬᠤᠰᠢᠭᠤᠨ ᠤ ᠨᠢᠭᠡ ᠡᠪᠡᠳᠴᠢᠳᠡᠨ ᠲᠡᠷᠭᠡᠨ ᠡ᠊ᠨᠳᠡᠯ ᠠᠴᠠ ᠪᠤᠯᠵᠦ᠂ | ᠰᠠᠯᠳᠠᠭ᠎ᠠ ᠶᠠᠰᠤ ᠨᠢ ᠰᠠᠯᠵᠦ᠂ ᠬᠤᠶᠠᠷ ᠨᠢᠷᠤᠭᠤᠨ ᠤ ᠦᠶ᠎ᠠ ᠨᠢ ᠰᠢᠯᠵᠢᠭᠡᠳ ᠳᠤᠤᠷ᠎ᠠ ᠪᠡᠶ᠎ᠠ ᠨᠢ ᠮᠡᠳᠡᠷᠡᠯ ᠦᠭᠡᠢ | ᠪᠤᠯᠵᠦ᠂ ᠦᠳᠭᠡᠨ ᠰᠢᠩᠭᠡᠨ ᠮᠦᠷ ᠢᠶᠠᠨ ᠴᠦ ᠭᠠᠷᠭᠠᠵᠦ ᠴᠢᠳᠠᠬᠤ ᠦᠭᠡᠢ ᠪᠤᠯᠤᠭᠠᠳ ᠦᠨᠢᠷ ᠢ ᠵᠠᠯᠠᠵᠦ ᠠᠪᠠᠴᠢᠵᠠᠢ | ᠃ ᠦᠨᠢᠷ ︽ᠪᠢ ᠤᠴᠢᠭᠠᠳ ᠦᠵᠡᠬᠦ ᠳᠤ ᠨᠢᠷᠤᠭᠤᠨ ᠤ ᠬᠢᠨᠢ ᠨᠤᠭᠤᠰᠦ᠂ ᠮᠡᠳᠡᠷᠡᠯ ᠳᠠᠷᠤᠬᠳᠠᠵᠦ ᠶᠡᠭᠡ ᠠᠶᠤᠯᠲᠠᠢ | ᠪᠠᠶᠢᠪᠠ᠃ ᠵᠠᠰᠠᠵᠤ ᠳᠡᠶᠢᠯᠪᠡᠯ ᠨᠢᠭᠡ ᠭᠠᠷᠠᠭ ᠲᠤ ᠡᠳᠡᠭᠡᠭᠡᠨᠠ᠂ ᠳᠡᠶᠢᠯᠬᠦ ᠦᠭᠡᠢ ᠪᠣᠯ ᠠᠮᠢ ᠨᠠᠰᠤᠨ ᠤ ᠠᠶᠤᠯᠲᠠᠢ | ᠪᠠᠶᠢᠭ᠎ᠠ ᠪᠠᠶᠢᠳᠠᠯ ᠢ ᠭᠡᠷ ᠪᠦᠯᠢ ᠳᠤᠨᠢ ᠬᠡᠯᠡᠵᠦ ᠦᠭᠭᠦᠭᠰᠡᠨ ᠳᠤ ᠳᠡᠳᠠ ᠬᠠᠰᠢ ᠯᠠ ᠵᠠᠰᠠᠭᠤᠯᠬᠤ ᠶᠢ ᠵᠤᠷᠢᠯ᠎ᠠ᠃ | ᠲᠡᠭᠡᠭᠡᠳ ᠪᠢ ᠢᠯᠢᠵᠦ ᠦᠭᠭᠦᠭᠰᠡᠨ ᠳᠤ ᠬᠡᠳᠦᠨ ᠬᠤᠨᠤᠭ ᠲᠤ ᠡᠳᠡᠭᠡᠷᠡᠵᠦ᠂ ︿ᠠᠮᠢ ᠨᠠᠰᠦ ᠶᠢ ᠳᠠᠬᠢᠵᠦ | ᠤᠯᠭᠤᠬᠰᠡᠨ ᠠᠴᠢᠳᠦ ᠬᠦᠮᠦᠨ﹀ ᠭᠡᠳ ᠨᠠᠮᠠᠶᠢ ᠪᠠᠰᠠ ᠡᠷᠭᠢᠵᠦ ᠦᠵᠡᠵᠦ ᠪᠠᠶᠢᠬᠰᠡᠨ︾ ᠭᠡᠵᠦ ᠶᠠᠷᠢᠨ᠎ᠠ᠃ | ᠰᠢᠯᠢᠩᠬᠤᠳᠡ ᠶᠢᠨ ᠪᠠᠶᠠᠨᠪᠤᠯᠠᠭ ᠰᠤᠮᠤᠨ ᠤ ᠨᠢᠭᠡ ᠬᠦᠮᠦᠨ ᠲᠡᠷᠭᠡᠨ ᠡ᠊ᠨᠳᠡᠯ ᠠᠴᠠ ᠪᠤᠯᠵᠦ᠂ ᠦᠭᠡ ᠶᠠᠷᠢᠵᠦ | ᠴᠢᠳᠠᠬᠤ ᠠᠴᠠ ᠪᠤᠰᠤ ᠳᠦᠷᠪᠡᠨ ᠮᠦᠴᠢ ᠨᠢ ᠪᠦᠷ ᠮᠡᠳᠡᠷᠡᠯ ᠦᠭᠡᠢ ᠪᠤᠯᠤᠭᠠᠳ ᠲᠡᠭᠦᠨ ᠢ ᠵᠠᠯᠠᠵᠠᠢ᠃ ᠦᠨᠢᠷ | ᠤᠴᠢᠵᠦ ᠦᠵᠡᠭᠡᠳ᠄ ︽ᠬᠦᠵᠦᠭᠦᠨ ᠤ ᠮᠡᠳᠡᠷᠡᠯ ᠳᠠᠷᠤᠬᠳᠠᠬᠰᠡᠨ ᠮᠠᠶ᠋ᠢᠬᠳᠠᠢ᠃ ᠬᠡᠷᠪᠡ ᠲᠡᠶᠢᠮᠦ ᠪᠣᠯ ᠨᠤᠬᠤᠯᠠᠵᠦ | ᠦᠭᠭᠦᠭᠰᠡᠭᠡᠷ 7 ᠡᠳᠦᠷ ᠲᠤ ᠮᠡᠳᠡᠷᠡᠯ ᠤᠷᠤᠨ᠎ᠠ᠂ ᠡᠨᠡ ᠡᠮᠴᠢᠯᠡᠭᠡ ᠵᠤᠬᠢᠷᠠᠪᠠᠯ ᠮᠠᠷᠭᠠᠰᠢ ᠪᠠᠷᠠᠭᠤᠨ ᠭᠠᠷ ᠨᠢ | ᠬᠦᠳᠡᠯᠦᠨ᠎ᠠ᠂ ᠦᠭᠡᠢ ᠪᠤᠯ ᠨᠠᠮᠠᠶᠢ ᠪᠤᠤ ᠡᠷᠢ ᠭᠡᠰᠡᠨ ᠶᠤᠮ᠃ ᠲᠡᠭᠡᠭᠦ ᠳᠤ ᠲᠡᠷᠠ ᠤᠷᠤᠢ ᠨᠢ ᠭᠠᠷ ᠨᠢ ᠬᠦᠳᠡᠯᠦᠭᠡᠳ | ᠵᠠᠯᠭᠠᠵᠦ ᠵᠠᠰᠠᠭᠠᠳ ᠡᠳᠡᠭᠡᠷᠡᠭᠰᠡᠨ︾ ᠭᠡᠵᠦ ᠨᠠᠰᠤᠳᠠᠨ ᠪᠠᠶᠠᠷᠳᠠᠢ ᠶᠠᠷᠢᠵᠤ ᠪᠠᠶᠢᠯ᠎ᠠ᠃ | ᠦᠨᠢᠷ ᠨᠠᠰᠤᠨ ᠲᠤᠷᠰᠢᠲᠠ ᠢᠩᠬᠢᠵᠤ ᠬᠦᠮᠦᠨ ᠠᠷᠠᠳ ᠲᠠᠭᠠᠨ ᠲᠤᠰᠠ ᠪᠤᠯᠤᠭᠰᠠᠭᠠᠷ ᠢᠷᠡᠭᠰᠡᠨ ᠶᠤᠮ᠃ | |