ᠦᠯᠦᠭᠡᠢ ᠣᠯᠠᠮᠵᠢᠯᠠᠬᠤ ᠶᠤᠰᠤᠠ ᠭᠡᠵᠦ ᠠᠪᠤ ᠳᠡᠭᠡᠳᠦᠰ ᠤᠨ ᠦᠶ᠎ᠡ ᠳᠡᠭᠡᠨ ᠬᠡᠷᠡᠭᠯᠡᠵᠦ ᠪᠠᠶᠢᠭᠰᠠᠨ | ᠦᠯᠦᠭᠡᠢ ᠪᠠᠨ ᠬᠡᠥᠬᠡᠳ ᠤᠨ ᠦᠶ᠎ᠡ ᠳᠡᠭᠡᠨ ᠣᠯᠠᠮᠵᠢᠯᠠᠨ ᠬᠡᠷᠡᠭᠯᠡᠬᠦ ᠶᠢ ᠬᠡᠯᠡᠵᠦ ᠪᠠᠶᠢᠨ᠎ᠠ᠃ ᠰᠢᠨ᠎ᠡ ᠪᠠᠷ ᠪᠦᠲᠦᠭᠡᠭᠰᠡᠨ | ᠦᠯᠦᠭᠡᠢ ᠪᠠᠨ ᠮᠣᠩᠭᠤᠯᠴᠣᠳ ᠡᠪᠳᠡᠯᠡᠵᠦ ᠬᠠᠭᠠᠯᠬᠤ ᠦᠭᠡᠢ ᠬᠠᠳᠠᠭᠠᠯᠠᠵᠣ ᠲᠠᠯᠪᠢᠳᠠᠭ ᠪᠣᠯᠬᠤᠷ ᠵᠠᠷᠢᠮ ᠨᠢᠭᠡ | ᠦᠯᠦᠭᠡᠢ ᠶᠢ ᠭᠤᠷᠪᠠ ᠳᠦᠷᠪᠡᠨ ᠦᠶ᠎ᠡ ᠵᠠᠷᠣᠭᠰᠠᠨ ᠲᠡᠦᠬᠡ ᠲᠠᠢ ᠴᠦ ᠪᠠᠶᠢᠳᠠᠭ᠃ ᠬᠡᠷᠪᠡ ᠣᠯᠠᠮᠵᠢᠯᠠᠬᠤ ᠦᠯᠦᠭᠡᠢ | ᠦᠭᠡᠢ ᠪᠣᠶᠣ ᠰᠢᠨ᠎ᠡ ᠦᠯᠦᠭᠡᠢ ᠬᠢᠵᠦ ᠵᠠᠪᠳᠣᠬᠤ ᠦᠭᠡᠢ ᠪᠣᠯ ᠳᠠᠷᠣᠢ ᠬᠠᠭᠤᠴᠢᠨ ᠦᠯᠦᠭᠡᠢ ᠶᠢ ᠵᠢᠭᠡᠯᠡᠨ᠎ᠡ᠃ | ᠦᠯᠦᠭᠡᠢ ᠵᠢᠭᠡᠯᠡᠬᠦ ᠳᠡᠭᠡᠨ ᠪᠠᠰᠠ ᠰᠣᠩᠭᠤᠵᠣ ᠵᠢᠭᠡᠯᠡᠨ᠎ᠡ᠃ ᠦᠯᠦᠭᠡᠢ ᠵᠢᠭᠡᠯᠡᠬᠦ ᠠᠴᠠ ᠡᠮᠦᠨ᠎ᠡ ᠠᠪᠤ ᠡᠵᠢ ᠨᠢ ᠬᠡᠨ ᠤ | ᠦᠯᠦᠭᠡᠢ ᠨᠢ ᠶᠠᠮᠠᠷ ᠶᠠᠮᠠᠷ ᠬᠡᠦᠬᠡᠳ ᠢ ᠠᠮᠣᠷ ᠮᠡᠨᠳᠦ ᠦᠰᠬᠡᠭᠰᠡᠨ ᠭᠡᠵᠦ ᠬᠤᠷᠣᠭᠤ ᠳᠠᠷᠣᠵᠣ ᠬᠢᠮᠣᠰᠣ ᠨᠢᠰᠠᠯᠵᠣ | ᠪᠠᠶᠢᠭᠠᠳ ᠰᠠᠶ᠋ᠢ ᠵᠢᠭᠡᠯᠡᠬᠦ ᠦᠯᠦᠭᠡᠢ ᠪᠠᠨ ᠲᠣᠭᠲᠠᠭᠠᠳᠠᠭ ᠶᠣᠮ᠃ ᠦᠯᠦᠭᠡᠢ ᠵᠢᠭᠡᠯᠡᠬᠦ ᠳᠡᠭᠡᠨ ᠬᠦᠦ ᠬᠦᠰᠡᠵᠦ | ᠪᠠᠶᠢᠬᠤ ᠨᠢ ᠬᠦᠦ ᠠᠷᠪᠢᠨ ᠦᠰᠭᠡᠭᠰᠡᠨ ᠦᠯᠦᠭᠡᠢ ᠶᠢ ᠵᠢᠭᠡᠯᠡᠵᠦ᠂ ᠦᠬᠢᠨ ᠬᠦᠰᠡᠵᠦ ᠪᠠᠶᠢᠬᠤ ᠨᠢ ᠦᠬᠢᠨ ᠠᠷᠪᠢᠨ | ᠬᠦᠮᠦᠨ ᠤ ᠦᠯᠦᠭᠡᠢ ᠶᠢ ᠵᠢᠭᠡᠯᠡᠳᠡᠭ᠃ ᠦᠯᠦᠭᠡᠢ ᠪᠠᠰᠠ ᠠᠳᠠᠯᠢ ᠦᠭᠡᠢ᠃ ᠵᠠᠷᠢᠮ ᠦᠯᠦᠭᠡᠢ ᠳᠤ ᠬᠡᠪᠲᠡᠭᠰᠡᠨ | ᠬᠡᠦᠬᠡᠳ ᠨᠢ ᠬᠡᠳᠦᠶᠢᠢᠪᠡᠷ ᠡᠪᠡᠳᠴᠢᠨ ᠦᠭᠡᠢ ᠪᠣᠯᠪᠠᠴᠣ ᠴᠠᠶᠢᠯᠵᠠᠵᠣ ᠪᠦᠭᠡᠯᠵᠢᠭᠡᠳ ᠯᠡ ᠪᠠᠶᠢᠳᠠᠭ᠃ ᠵᠠᠷᠢᠮ | ᠦᠯᠦᠭᠡᠢ ᠳᠤᠨᠢ ᠬᠡᠦᠬᠡᠳ ᠬᠡᠪᠲᠡᠭᠰᠡᠭᠡᠷ ᠯᠡ ᠡᠪᠡᠳᠴᠢᠨ ᠠᠷᠬᠠᠭ ᠲᠣᠬᠲᠠᠳᠠᠭ᠃ ᠡᠶᠢᠮᠦ ᠦᠯᠦᠭᠡᠢ ᠶᠢ ᠪᠣᠯ | ᠰᠡᠵᠢᠭᠯᠡᠭᠡᠳ ᠵᠢᠭᠡᠯᠡᠳᠡᠭ ᠦᠭᠡᠢ ᠪᠠᠶᠢᠳᠠᠭ᠃ ᠬᠡᠷᠪᠡ ᠠᠷᠪᠢᠨ ᠬᠡᠦᠬᠡᠳ ᠢ ᠠᠮᠣᠷ ᠲᠦᠪᠰᠢᠨ ᠦᠰᠬᠡᠭᠰᠡᠨ | ᠦᠯᠦᠭᠡᠢ ᠶᠢ ᠪᠣᠯ ᠬᠦᠮᠦᠰ ᠪᠣᠯᠢᠶᠠᠯᠳᠣᠵᠣ ᠪᠠᠶᠢᠭᠠᠳ ᠵᠢᠭᠡᠯᠡᠵᠦ ᠪᠠᠶᠢᠳᠠᠭ᠃ ᠡᠨᠡ ᠪᠣᠯ ᠬᠡᠦᠬᠡᠳ ᠢᠶᠠᠨ ᠠᠮᠣᠷ | ᠲᠦᠪᠰᠢᠨ ᠦᠰᠬᠡᠬᠦ ᠶᠢ ᠪᠣᠳᠣᠵᠣ ᠪᠠᠶᠢᠨ᠎ᠠ᠃ ᠬᠤᠶᠠᠷ ᠲᠤ᠂ ᠰᠢᠷ᠎ᠠ ᠶᠢᠨ ᠱᠠᠰᠢᠨ ᠤ ᠨᠦᠯᠦᠭᠡ ᠪᠠᠷ ᠬᠡᠦᠬᠡᠳ | ᠬᠠᠵᠠᠭᠰᠠᠨ ᠦᠯᠦᠭᠡᠢ ᠪᠣᠯ ᠪᠠᠰᠠ ᠬᠡᠦᠬᠡᠳ ᠬᠠᠵᠠᠬᠤ ᠵᠠᠩ ᠲᠠᠢ ᠭᠡᠳᠡᠭ ᠵᠣᠷᠰᠢᠯ ᠠᠴᠠ ᠪᠣᠯᠵᠣ ᠪᠠᠶᠢᠨ᠎ᠠ᠃ | ᠦᠯᠦᠭᠡᠶᠢᠳᠡᠬᠦ ᠬᠡᠦᠬᠡᠳ ᠲᠤ ᠰᠠᠶᠢᠨ ᠲᠠᠢ ᠲᠠᠯ᠎ᠠ ᠪᠠᠶᠢᠬᠤ ᠳᠤ ᠡᠮᠵᠡᠭ ᠲᠠᠢ ᠲᠠᠯ᠎ᠠ ᠪᠠᠰᠠ ᠪᠠᠶᠢᠵᠣ ᠪᠠᠶᠢᠨ᠎ᠠ᠃ | ᠵᠢᠱᠢᠶᠡᠯᠡᠪᠡᠯ᠄ ᠬᠡᠲᠦᠷᠬᠡᠢ ᠪᠠᠷᠢᠵᠣ ᠣᠶᠠᠭᠰᠠᠨ ᠠᠴᠠ ᠪᠣᠯᠵᠣ ᠪᠣᠭᠤᠭᠳᠠᠭᠠᠳ ᠪᠡᠶ᠎ᠡ ᠨᠢ ᠦᠰᠬᠦ ᠦᠭᠡᠢ ᠪᠣᠯᠬᠤ ᠪᠣᠶᠣ | ᠬᠦᠴᠦᠲᠡᠢ ᠠᠷᠭᠠᠳᠠᠭᠰᠠᠨ ᠠᠴᠠ ᠪᠣᠯᠵᠣ ᠬᠡᠦᠬᠡᠳ ᠨᠢ ᠲᠣᠯᠣᠭᠠᠢ ᠡᠪᠡᠳᠬᠦ ᠡᠪᠡᠳᠴᠢᠨ ᠲᠠᠢ ᠪᠣᠯᠣᠭᠰᠠᠨ ᠵᠡᠷᠭᠡ | ᠦᠵᠡᠭᠳᠡᠯ ᠣᠷᠣᠰᠢᠵᠣ ᠪᠠᠶᠢᠳᠠᠭ᠃ | ᠭᠡᠪᠡᠴᠦ ᠮᠣᠩᠭᠤᠯ ᠦᠯᠦᠭᠡᠢ ᠶᠢᠨ ᠵᠠᠩ ᠦᠢᠯᠡ ᠠᠴᠠ ᠪᠢᠳᠡ ᠮᠣᠩᠭᠤᠯ ᠦᠯᠦᠭᠡᠢ ᠨᠢ ᠮᠣᠩᠭᠤᠯᠴᠣᠳ ᠲᠤ | ᠵᠣᠬᠢᠬᠤ ᠬᠡᠮᠵᠢᠶᠡᠨ ᠤ ᠦᠢᠯᠡᠳᠦᠯ ᠢᠶᠠᠨ ᠦᠵᠡᠭᠦᠯᠵᠦ ᠪᠠᠶᠢᠭᠰᠠᠨ ᠢ ᠮᠡᠳᠡᠵᠦ ᠪᠣᠯᠬᠤ ᠪᠦᠭᠡᠳ ᠦᠯᠦᠭᠡᠢ ᠶᠢᠨ ᠪᠠᠶᠢᠷᠢ | ᠰᠠᠭᠤᠷᠢ ᠶᠠᠮᠠᠷ ᠵᠡᠷᠭᠡ ᠪᠠᠶᠢᠭᠰᠠᠨ ᠢ ᠣᠶᠢᠯᠠᠭᠠᠵᠣ ᠪᠣᠯᠣᠨ᠎ᠠ᠃ ᠣᠳᠣ ᠮᠠᠨ ᠤ ᠦᠨᠳᠦᠰᠦᠲᠡᠨ ᠤ ᠵᠠᠩ ᠦᠢᠯᠡ ᠶᠢᠨ | ᠲᠣᠬᠠᠢ ᠰᠣᠳᠣᠯᠭᠠᠨ ᠤ ᠠᠵᠢᠯ ᠲᠣᠩ ᠪᠠᠭᠤᠷᠠᠢ ᠶᠠᠪᠣᠭᠳᠠᠵᠣ ᠪᠠᠶᠢᠨ᠎ᠠ᠃ ᠭᠤᠣᠯ ᠰᠢᠯᠲᠠᠭᠠᠨ ᠨᠢ ᠦᠨᠳᠦᠰᠦᠲᠡᠨ ᠤ | ᠲᠦᠷᠦ ᠶᠢᠨ ᠪᠣᠳᠣᠯᠭ᠎ᠠ ᠶᠢ ᠲᠡᠶᠢᠮᠦ ᠰᠠᠶᠢᠨ ᠲᠣᠣᠱᠯᠠᠭᠤᠯᠣᠨ ᠬᠡᠷᠡᠭᠵᠢᠭᠦᠯᠵᠦ ᠪᠠᠶᠢᠬᠤ ᠦᠭᠡᠢ ᠳᠤ ᠣᠷᠣᠰᠢᠨ᠎ᠠ᠃ | ᠵᠠᠷᠢᠮ ᠦᠶ᠎ᠡ ᠳᠤ ᠭᠡᠯᠡᠬᠦ ᠶᠢᠨ ᠳᠠᠳᠤᠢ ᠭᠡᠯᠡᠭᠡᠤᠨ ᠪᠣᠲᠠᠲᠠᠢ ᠠᠵᠢᠯ ᠤᠨ ᠨᠦᠬᠦᠴᠡᠯ ᠢ ᠪᠦᠷᠢᠯᠳᠦᠭᠦᠯᠦᠨ ᠦᠭᠬᠦ ᠦᠭᠡᠢ | ᠃ ᠨᠡᠩ ᠴᠢᠬᠤᠯᠠ ᠨᠢ ᠵᠠᠷᠢᠮ ᠰᠣᠶᠣᠯ ᠳᠣᠷᠣᠢ ᠣᠳᠣᠷᠢᠳᠣᠯᠭ᠎ᠠ ᠪᠠ ᠳᠠᠷᠤᠭ᠎ᠠ ᠨᠠᠷ ᠦᠨᠳᠦᠰᠦᠲᠡᠨ ᠤ ᠵᠠᠩ | ᠦᠢᠯᠡ ᠶᠢ ᠬᠦᠨᠳᠦᠳᠬᠡᠨ ᠦᠵᠡᠬᠦ ᠦᠭᠡᠢ ᠪᠦᠭᠡᠳ ᠦᠨᠳᠦᠰᠦᠲᠡᠨ ᠤ ᠵᠠᠩ ᠦᠢᠯᠡ ᠶᠢ ᠴᠢᠬᠤᠯᠠᠴᠢᠯᠠᠨ ᠦᠵᠡᠬᠦ | ᠵᠢᠭᠠᠪᠣᠷᠢ ᠶᠢ ᠬᠠᠰᠢ ᠶᠠᠰᠢ ᠪᠠᠷ ᠪᠡᠶᠡᠯᠡᠭᠦᠯᠵᠦ ᠪᠠᠶᠢᠬᠤ ᠠᠴᠠ ᠪᠣᠯᠵᠠᠢ᠃ ᠮᠠᠨ ᠤ ᠵᠠᠷᠢᠮ ᠰᠡᠭᠡᠭᠡᠲᠡᠨ ᠪᠠ ᠣᠶᠣᠲᠠᠨ | ᠨᠠᠷ ᠴᠦ ᠪᠠᠶᠢᠷᠢ ᠰᠠᠭᠤᠷᠢ ᠡᠷᠬᠡ ᠠᠰᠢᠭ ᠢ ᠪᠣᠳᠣᠯᠬᠢᠯᠠᠳᠠᠭ ᠠᠴᠠ ᠪᠢᠰᠢ᠂ ᠦᠨᠳᠦᠰᠦᠲᠡᠨ ᠤ ᠪᠠᠨ ᠵᠠᠩ ᠵᠠᠩᠰᠢᠯ ᠢ | ᠬᠠᠶᠠᠭᠠᠨ ᠳᠠᠭᠠᠨ ᠬᠠᠶᠠᠵᠣ ᠳᠡᠮᠡᠢ ᠢᠯᠡ ᠲᠠᠢ ᠠᠵᠢᠯ ᠪᠢᠰᠢ ᠭᠡᠵᠦ ᠦᠵᠡᠭᠰᠡᠨ ᠠᠴᠠ ᠰᠢᠨᠵᠢᠯᠡᠬᠦ ᠣᠬᠠᠭᠠᠨ ᠤ | ᠬᠦᠷᠢᠶ᠎ᠡ ᠬᠡᠪᠴᠢᠶᠡᠨ ᠳᠤ ᠲᠣᠭᠠᠴᠠᠭᠳᠠᠬᠤ ᠦᠭᠡᠢ ᠪᠣᠯᠵᠣ ᠪᠠᠶᠢᠨ᠎ᠠ᠃ ᠬᠡᠷᠪᠡ ᠡᠨᠡ ᠮᠣᠩᠭᠤᠯ ᠦᠯᠦᠭᠡᠢ ᠶᠢ | ᠦᠭᠡᠷᠡᠴᠢᠯᠡᠭᠡᠳ ᠴᠠᠬᠢᠯᠭᠠᠨ ᠬᠦᠳᠡᠯᠪᠣᠷᠢ ᠲᠠᠢ ᠪᠣᠯᠭᠠᠨ᠂ ᠴᠠᠭ ᠤᠨ ᠴᠣᠬᠢᠯᠭ᠎ᠠ ᠮᠡᠲᠦ ᠨᠠᠰᠢ ᠴᠠᠰᠢ ᠠᠶᠢᠵᠠᠮ | ᠴᠣᠬᠢᠯᠭ᠎ᠠ ᠲᠠᠢ᠂ ᠪᠠᠰᠠ ᠳᠡᠭᠡᠷ᠎ᠡ ᠨᠢ ᠪᠦᠪᠡᠢ ᠶᠢᠨ ᠳᠠᠭᠤᠣ ᠲᠠᠢ ᠪᠣᠯᠭᠠᠪᠠᠯ ᠨᠡᠩ ᠰᠢᠨᠵᠢᠯᠡᠬᠦ ᠣᠬᠠᠭᠠᠨᠴᠢ᠂ ᠨᠡᠩ | ᠣᠳᠣᠬᠢᠴᠢᠯᠠᠭᠰᠠᠨ ᠪᠠᠶᠢᠵᠣ ᠪᠣᠯᠣᠨ᠎ᠠ᠃ ᠭᠡᠲᠡᠯ᠎ᠡ ᠦᠯᠦᠭᠡᠢ ᠶᠢᠨ ᠠᠴᠢ ᠲᠣᠰᠠ᠂ ᠬᠡᠷᠡᠭᠴᠡᠭᠡ ᠶᠢ ᠡᠳᠦᠭᠡ ᠪᠣᠯᠲᠠᠯ᠎ᠠ | ᠰᠣᠳᠣᠯᠬᠤ ᠬᠦᠮᠦᠨ ᠦᠭᠡᠢ ᠪᠠᠶᠢᠬᠤ ᠨᠢ ᠦᠨᠳᠦᠰᠦᠲᠡᠨ ᠤ ᠪᠠᠨ ᠵᠠᠩ ᠦᠢᠯᠡ ᠶᠢ ᠰᠣᠳᠣᠯᠵᠣ ᠪᠠᠶᠢᠭ᠎ᠠ ᠬᠦᠮᠦᠰ | ᠪᠠᠭ᠎ᠠ ᠪᠠᠶᠢᠬᠤ ᠶᠢ ᠭᠡᠷᠡᠴᠢᠯᠡᠵᠦ ᠪᠠᠶᠢᠨ᠎ᠠ᠃ ᠡᠶᠢᠮᠦ ᠠᠴᠠ ᠮᠣᠩᠭᠤᠯᠴᠣᠳ ᠦᠨᠳᠦᠰᠦᠲᠡᠨ ᠤ ᠪᠠᠨ ᠵᠠᠩ ᠦᠢᠯᠡ ᠶᠢ | ᠰᠣᠳᠣᠯᠣᠨ ᠰᠢᠨᠵᠢᠯᠡᠵᠦ ᠵᠠᠯᠭᠠᠮᠵᠢᠯᠠᠨ ᠬᠦᠭᠵᠢᠭᠦᠯᠬᠦ ᠶᠢᠨ ᠲᠦᠯᠦᠭᠡ ᠴᠢᠷᠮᠠᠶᠢᠬᠤ ᠬᠡᠷᠡᠭᠲᠡᠢ ᠭᠡᠰᠡᠨ ᠡᠭᠦᠷᠭᠡ ᠬᠦᠮᠦᠨ | ᠪᠦᠬᠦᠨ ᠳᠤ ᠲᠣᠯᠭᠠᠷᠠᠵᠣ ᠪᠠᠶᠢᠨ᠎ᠠ᠃ ︵ᠨᠠᠮᠵᠢᠯᠳᠣᠷᠵᠢ᠂ ᠨ᠊ · ᠪᠦᠬᠡᠬᠠᠳᠠ︶ | |