ᠢᠷᠭᠡᠨ ᠤᠯᠤᠰ ᠤᠨ ᠦᠶ᠎ᠡ ᠳᠠᠬᠢ ᠲᠦᠰᠢᠶᠡᠳᠦ ᠬᠤᠰᠢᠭᠤᠨ ᠤ ᠵᠠᠰᠠᠭ ᠵᠠᠭᠢᠷᠭᠠᠨ ᠤ ᠪᠠᠶᠢᠭᠤᠯᠤᠮᠵᠢ
ᠨᠡᠶᠢᠲᠡᠯᠡᠭᠰᠡᠨ ᠴᠠᠭ᠄
2018-07-06
   ᠨᠢᠭᠡ᠂ ᠵᠠᠰᠠᠭ ᠵᠠᠬᠢᠷᠭᠠᠨ ᠬᠠᠮᠤᠭ ᠰᠡᠭᠦᠯᠴᠢ ᠶᠢᠨ ᠲᠦᠰᠢᠶᠡᠳᠦ ᠴᠢᠨ ᠸᠠᠩ ᠶᠤᠰᠢᠬᠠᠶᠢᠰᠣᠨ ᠤ ᠵᠠᠰᠠᠭ ᠪᠠᠷᠢᠵᠤ  ᠪᠠᠶᠢᠭᠰᠠᠨ ᠬᠤᠭᠤᠴᠠᠭᠠᠨ ︵1902 — 1944︶ ᠳᠤ ᠬᠤᠰᠢᠭᠤᠨ ᠵᠠᠬᠢᠷᠭ᠎ᠠ ᠪᠠᠨ ᠲᠠᠶᠢᠴᠢᠨᠳᠠᠯ᠎ᠠ ᠳᠠᠬᠢ  ᠸᠠᠩ ᠤᠨ ᠤᠷᠳᠣᠨ ᠤ ᠭᠦᠷᠢᠶᠡᠨ ᠳᠤ ᠲᠤᠬᠢᠷᠠᠭᠤᠯᠵᠤ᠂ ᠡᠮᠦᠨ᠎ᠡ ᠬᠤᠶᠡᠷ ᠬᠦᠷᠢᠶ᠎ᠡ ᠨᠢ ᠬᠤᠰᠢᠭᠤᠨ ᠵᠠᠬᠢᠷᠭ᠎ᠠ ᠶᠢᠨ  ᠡᠯ᠎ᠡ ᠰᠠᠯᠠᠭ᠎ᠠ᠂ ᠲᠠᠰᠤᠭ ᠤᠨ ᠠᠯᠪᠠᠨ ᠭᠡᠷ ᠪᠠᠶᠢᠵᠤ᠂ ᠬᠤᠶᠢᠳᠣ ᠬᠦᠷᠢᠶ᠎ᠡ ᠨᠢ ᠸᠠᠩ ᠨᠤᠶᠠᠨ ᠤ ᠤᠷᠣᠨ ᠰᠠᠭᠤᠴᠠ  ᠪᠠᠶᠢᠵᠠᠢ᠃ ᠸᠠᠩ ᠤᠨ ᠤᠷᠳᠣᠨ ᠢ ᠵᠡᠭᠦᠨ ᠪᠠᠷᠠᠭᠤᠨ ᠬᠤᠷᠤᠭ᠎ᠠ ᠬᠤᠪᠢᠶᠠᠭᠠᠳ ᠲᠡᠭᠦᠨ ᠢᠶᠠᠨ ᠵᠡᠭᠦᠨ ᠶᠠᠮᠤᠨ᠂  ᠪᠠᠷᠠᠭᠤᠨ ᠶᠠᠮᠤᠨ ᠭᠡᠵᠤ᠂ ᠪᠠᠷᠠᠭᠤᠨ ᠬᠤᠷᠤᠭ᠎ᠠ ᠨᠢ ᠬᠠᠮᠤᠭ ᠲᠡᠭᠡᠳᠦ ᠵᠠᠰᠠᠭ ᠤᠨ ᠡᠷᠭᠡ ᠶᠢᠨ ᠭᠡᠯᠳᠡᠰ ᠪᠠᠶᠢᠵᠤ᠂  ᠵᠡᠭᠦᠨ ᠶᠠᠮᠤᠨ ᠨᠢ ᠲᠣᠳᠣᠭᠠᠳᠣ ᠬᠡᠷᠡᠭ ᠢ ᠬᠠᠮᠢᠶᠠᠷᠳᠠᠭ ᠪᠠᠶᠢᠪᠠ᠃   ᠵᠠᠬᠦᠨ ᠶᠠᠮᠤᠨ ᠤ ᠨᠤᠶᠠᠨ ᠨᠢ ᠡᠯᠭᠡᠩᠭᠡ᠂ ᠮᠡᠶᠢᠷᠡᠨ ᠨᠢ ᠰᠠᠯᠢᠩᠭ᠎ᠠ᠂ ᠪᠢᠴᠢᠭᠡᠴᠢ ᠨᠢ ᠠᠶᠢᠰᠢᠩᠭ᠎ᠠ᠂ ᠭᠠᠳᠠᠭᠠᠳᠣ  ᠬᠡᠷᠡᠭ ᠬᠠᠮᠢᠶᠠᠷᠣᠭᠴᠢ ᠨᠢ ᠰᠤᠪᠵᠢᠩᠭ᠎ᠠ᠃ ᠠᠷᠪᠠ ᠶᠢᠰᠦᠨ ᠵᠠᠷᠣᠴᠠ ᠲᠠᠢ᠃ ᠬᠠᠭᠠᠰ ᠰᠠᠷ᠎ᠠ ᠠᠯᠣᠰᠯᠠᠬᠤ ᠪᠦᠷᠢ  ᠨᠢᠭᠡ ᠡᠭᠡᠯᠵᠢ ᠪᠤᠯᠳᠠᠭ᠃ ᠪᠠᠷᠠᠭᠤᠨ ᠶᠠᠮᠤᠨ ᠢ ᠬᠤᠶᠠᠷ ᠲᠤᠰᠠᠯᠠᠭᠴᠢ ᠬᠠᠷᠢᠭᠤᠴᠠᠵᠤ᠂ ᠳᠡᠳᠡ ᠨᠡᠷ ᠪᠣᠯ  ᠭᠧᠮᠫᠢᠯᠵᠠᠮᠰᠣ ︵ᠶᠤᠰᠢᠬᠠᠶᠢᠰᠣᠨ ᠤ ᠠᠬ᠎ᠠ︶ ᠪᠤᠯᠤᠨ ᠰᠦᠴᠢᠩᠭ᠎ᠠ ᠪᠠᠶᠢᠵᠤ᠂ ᠲᠡᠳᠡ ᠬᠤᠶᠠᠭᠤᠯᠠ ᠠᠴᠠ ᠭᠠᠳᠠᠨ᠎ᠠ  ᠪᠦᠷᠦᠩᠭᠦᠨ ᠬᠤᠰᠢᠭᠤᠨ ᠤ ᠪᠠᠷᠠᠭᠤᠨ ᠬᠤᠷᠤᠭ᠎ᠠ ᠶᠢᠨ ᠬᠡᠷᠡᠭ ᠢ ᠡᠷᠬᠢᠯᠡᠨ ᠬᠠᠮᠢᠶᠡᠷᠳᠠᠭ᠃   ᠲᠤᠬᠠᠢ ᠶᠢᠨ ᠦᠶ᠎ᠡ ᠶᠢᠨ ᠮᠡᠶᠢᠷᠡᠨ ᠳᠤ ᠮᠤᠯᠤᠪᠠᠯᠵᠤᠤᠷ ᠪᠠ ᠬᠦᠩᠨᠠᠴᠦᠨ ᠪᠤᠢ᠃ ᠪᠢᠴᠢᠭ ᠤᠨ ᠶᠠᠪᠤᠳᠠᠯ ᠤᠨ  ᠮᠡᠶᠢᠷᠡᠨ ᠳᠤ ᠭᠧᠫᠧᠩᠭᠡ ᠪᠠ ᠵᠦᠷᠦᠩᠭ᠎ᠠ ᠪᠤᠢ᠃ ᠬᠦᠩᠨᠠᠴᠦᠨ ᠪᠦᠬᠦ ᠬᠤᠰᠢᠭᠤᠨ ᠤ ᠴᠡᠷᠢᠭ ᠤᠨ ᠶᠠᠪᠤᠳᠠᠯ᠂ ᠴᠡᠷᠢᠭ  ᠠᠩᠭᠢ ᠶᠢ ᠬᠠᠮᠢᠶᠠᠷᠳᠠᠭ᠃ ᠲᠤᠬᠠᠢ ᠶᠢᠨ ᠦᠶ᠎ᠡ ᠶᠢᠨ ᠵᠠᠰᠠᠭ ᠵᠠᠬᠢᠷᠭᠠᠨ ᠤ ᠲᠤᠤᠷ ᠰᠦᠯᠵᠢᠶᠡᠨ ᠤ ᠰᠢᠰᠲᠧᠮ  ᠲᠤᠳᠣᠷ᠎ᠠ ᠴᠠᠭᠳᠠᠭᠠᠨ ᠤ ᠰᠢᠰᠲᠧᠮ ᠨᠢ ᠬᠠᠮᠤᠭ ᠤᠨ ᠬᠦᠴᠦᠷᠭᠡᠭ ᠪᠠᠶᠢᠵᠤ᠂ ᠲᠡᠷᠡ ᠨᠢ ᠬᠦᠮᠦᠨ ᠤ ᠲᠤᠭ᠎ᠠ᠂  ᠪᠠᠶᠢᠭᠤᠯᠤᠮᠵᠢ ᠶᠢᠨ ᠲᠤᠬᠢᠷᠠᠭᠤᠯᠤᠯᠳᠠ ᠵᠡᠷᠭᠡ ᠲᠠᠯ᠎ᠠ ᠪᠠᠷ ᠪᠦᠷ ᠲᠦᠢᠯ ᠤᠨ ᠬᠦᠴᠦᠳᠡᠢ ᠪᠦᠭᠡᠳ ᠴᠠᠭᠳᠠᠭᠠᠨ ᠤ  ᠶᠠᠪᠤᠳᠠᠯ ᠤᠨ ᠠᠯᠢᠪᠠ ᠶᠢ ᠪᠦᠷ ᠶᠠᠫᠤᠨ ᠬᠦᠮᠦᠨ ᠡᠵᠡᠨ ᠮᠡᠳᠡᠵᠦ ᠪᠠᠶᠢᠳᠠᠭ᠃ ᠡᠨᠡ ᠨᠢ ᠪᠠᠷᠤᠭ ᠶᠠᠫᠤᠨ ᠡᠵᠡᠷᠭᠡᠭ  ᠲᠦᠷᠢᠮᠡᠭᠡᠶᠢᠳᠡᠨ ᠤ ᠹᠠᠱᠢᠰ ᠨᠤᠶᠠᠷᠬᠠᠯ ᠤᠨ ᠬᠡᠷᠡᠭᠴᠡᠭᠡ ᠠᠴᠠ ᠪᠤᠯᠤᠭᠰᠠᠨ ᠠᠷᠭ᠎ᠠ ᠬᠡᠮᠵᠢᠶ᠎ᠡ ᠪᠤᠯᠬᠤ ᠮᠠᠭᠠᠳ᠃   ᠪᠦᠬᠦ ᠬᠤᠰᠢᠭᠤᠨ ᠳᠤ ᠶᠡᠭᠡ ᠨᠤᠶᠠᠨ ᠵᠢᠷᠭᠤᠭ᠎ᠠ᠂ ᠪᠠᠭ᠎ᠠ ᠨᠤᠶᠠᠨ ᠵᠢᠷᠭᠤᠭ᠎ᠠ᠂ ᠵᠠᠯᠠᠨ ᠨᠠᠢᠮᠠ᠂ ᠵᠠᠩᠭᠢ ᠭᠤᠴᠢᠨ  ᠬᠤᠶᠠᠷ ᠪᠠᠶᠢᠵᠤ᠂ ᠳᠡᠳᠡᠨᠡᠷ ᠠᠷᠠᠳ ᠠᠴᠠ ᠭᠠᠶᠢᠯᠢ ᠲᠦᠷᠢᠶᠡᠰᠦ ᠬᠤᠷᠢᠶᠠᠨ᠂ ᠸᠠᠩ ᠤᠨ ᠣᠷᠳᠣᠨ ᠤ ᠪᠠᠷᠠᠭᠤᠨ  ᠶᠠᠮᠤᠨ ᠳᠤ ᠨᠢᠭᠡᠳᠦᠯᠳᠡᠢ ᠲᠤᠰᠢᠶᠠᠳᠠᠭ ᠪᠠᠶᠢᠪᠠ᠃ ᠴᠢᠩ ᠤᠯᠤᠰ ᠤᠨ ᠦᠶ᠎ᠡ ᠪᠠ ᠢᠷᠭᠡᠨ ᠤᠯᠤᠰ ᠤᠨ ᠡᠬᠢᠨ ᠤ  ᠬᠤᠭᠤᠴᠠᠭᠠᠨ ᠳᠤ ᠲᠤᠰ ᠬᠤᠰᠢᠭᠤ ᠶᠢᠨ ᠡᠳ᠋ ᠤᠨ ᠵᠠᠰᠠᠭ ᠤᠨ ᠣᠷᠣᠯᠭ᠎ᠠ ᠨᠢ ᠭᠤᠤᠯᠳᠠᠭᠤ ᠬᠤᠰᠢᠭᠤ ᠵᠠᠰᠠᠭ ᠤᠨ  ᠶᠠᠮᠤᠨ ᠵᠢᠯ ᠪᠦᠷᠢ ᠬᠤᠰᠢᠭᠤᠨ ᠤ ᠠᠷᠠᠳ ᠠᠴᠠ ᠲᠡᠰᠭᠡᠨ ᠳᠠᠳᠠᠪᠤᠷᠢᠯᠠᠳᠠᠭ᠃ ᠲᠡᠰᠭᠡᠨ ᠲᠠᠳᠠᠪᠤᠷᠢᠯᠠᠬᠤ ᠠᠷᠭ᠎ᠠ ᠨᠢ  ᠬᠤᠰᠢᠭᠤᠨ ᠤ ᠠᠷᠠᠳ ᠤᠨ ᠲᠡᠵᠢᠭᠡᠨ ᠠᠷᠠᠴᠢᠯᠠᠵᠤ ᠪᠠᠶᠢᠭ᠎ᠠ ᠮᠠᠯ ᠤᠨ ᠲᠤᠭ᠎ᠠ ᠪᠠᠷ ᠨᠢ ᠲᠤᠭᠳᠠᠭᠠᠵᠤ᠂ ᠢᠯᠡᠬᠦᠦ  ᠲᠡᠵᠢᠭᠡᠵᠦ ᠪᠠᠶᠢᠪᠠᠯ ᠢᠯᠡᠭᠦᠦ ᠬᠤᠷᠢᠶᠠᠵᠤ᠂ ᠪᠠᠭ᠎ᠠ ᠲᠡᠵᠢᠭᠡᠵᠦ ᠪᠠᠶᠢᠪᠠᠯ ᠪᠠᠭ᠎ᠠ ᠬᠤᠷᠢᠶᠠᠳᠠᠭ᠃     ᠪᠠᠳᠠᠷᠠᠭᠤᠯᠳᠣ ᠲᠦᠷᠦ ᠶᠢᠨ 31 ᠤᠨ ︵1905 ᠤᠨ︶ ᠳᠤ ᠴᠢᠩ ᠤᠯᠤᠰ ᠠᠴᠠ ᠭᠠᠵᠠᠷ ᠰᠢᠷᠣᠢ ᠶᠢ  ᠴᠢᠯᠥᠭᠡᠳᠡᠢ ᠪᠤᠯᠭᠠᠵᠦ ᠠᠳᠠᠷ ᠬᠠᠭᠠᠯᠪᠤᠷᠢᠯᠠᠭᠰᠠᠨ ᠤ ᠲᠠᠷᠠᠭ᠎ᠠ ᠬᠤᠰᠢᠭᠤᠨ ᠤ ᠲᠤᠳᠣᠷ᠎ᠠ ᠭᠠᠵᠠᠷ ᠰᠢᠷᠣᠢ ᠶᠢ  ᠬᠠᠮᠢᠶᠠᠷᠣᠨ ᠲᠠᠭᠠᠭᠠᠴᠢᠯᠠᠭᠰᠠᠨ ᠪᠠᠶᠠᠨ ᠡᠷᠦᠭᠡ ᠠᠭᠠᠵᠢᠮ ᠢᠶᠠᠷ ᠪᠦᠷᠢᠯᠳᠦᠪᠠ᠃ ᠳᠡᠳᠡ ᠬᠦᠮᠦᠨ ᠬᠦᠯᠥᠰᠦᠯᠡᠵᠦ  ᠲᠠᠷᠢᠶ᠎ᠠ ᠲᠠᠷᠢᠬᠤ ᠪᠤᠯᠵᠤ᠂ ᠵᠢᠯ ᠪᠦᠷᠢ ᠸᠠᠩ ᠤᠨ ᠣᠷᠳᠣᠨ ᠳᠤ ᠨᠢᠭᠡ ᠳ᠋ᠠᠨ ᠲᠦᠷᠢᠶᠡᠰᠦᠨ ᠪᠤᠳᠠᠭ᠎ᠠ᠂ ᠭᠡᠳᠦᠨ ᠵᠢᠩ  ᠭᠠᠭ᠋ᠠᠢ ᠶᠢᠨ ᠮᠢᠬ᠎ᠠ ᠲᠤᠰᠢᠶᠠᠳᠠᠭ ᠪᠠᠶᠢᠨ᠎ᠠ᠃ ᠠᠯᠪᠠᠨ ᠳᠤ ᠬᠤᠷᠢᠶᠠᠬᠤ ᠨᠢ ᠲᠤᠭᠳᠠᠭᠰᠠᠨ ᠬᠤᠭᠤᠴᠠᠭ᠎ᠠ ᠦᠭᠡᠢ᠂  ᠭᠡᠷᠡᠭᠴᠡᠭᠡ ᠪᠠᠨ ᠦᠨᠳᠣᠰᠣᠯᠡᠵᠦ ᠭᠡᠵᠢᠶ᠎ᠡ ᠠᠪᠤᠨ᠎ᠠ ᠭᠡᠪᠡᠯ ᠬᠡᠵᠢᠶ᠎ᠡ ᠨᠡᠬᠡᠵᠦ ᠠᠪᠳᠠᠭ ᠪᠦᠭᠡᠳ ᠲᠦᠴᠢᠦᠸᠠᠨ ᠤ  ᠬᠤᠷᠢᠶᠠᠵᠦ ᠲᠦᠷᠢᠶᠡᠰᠦᠯᠡᠬᠦ ᠲᠤᠪᠴᠢᠶ᠎ᠠ᠂ ᠵᠠᠨ ᠢᠤᠢ ᠶᠢᠨ ᠬᠤᠷᠢᠶᠠᠵᠤ ᠲᠦᠷᠢᠶᠡᠰᠦᠯᠡᠬᠦ ᠲᠤᠪᠴᠢᠶ᠎ᠠ᠂ ᠳᠠᠯᠠᠢ ᠶᠢᠨ  ᠬᠤᠷᠢᠶᠠᠵᠤ ᠲᠦᠷᠢᠶᠡᠰᠦᠯᠡᠬᠦ ᠲᠤᠪᠴᠢᠶ᠎ᠠ ᠶᠢ ᠪᠠᠶᠢᠭᠤᠯᠵᠠᠢ᠃     ᠬᠤᠶᠠᠷ᠂ ᠨᠤᠳᠤᠭ᠂ ᠠᠶᠢᠯ ᠪᠦᠬᠦ ᠬᠤᠰᠢᠭᠤᠨ ᠳᠤ ᠠᠷᠪᠠᠨ ᠨᠤᠳᠤᠭ ᠤᠨ ᠠᠯᠪᠠᠨ ᠭᠠᠵᠠᠷ ᠲᠠᠢ᠂ ᠨᠢᠭᠡ  ᠵᠡᠭᠡᠯᠢ ᠶᠢᠨ ᠠᠯᠪᠠᠨ ᠭᠠᠵᠠᠷ ︵ᠭᠤᠤᠯ ᠤᠨ ᠪᠠᠶᠢᠰᠢᠩ ᠵᠡᠭᠡᠯᠢ︶ ᠲᠠᠢ᠂ ᠡᠨᠡ ᠨᠢ ᠪᠦᠭᠦ ᠬᠤᠰᠢᠭᠤᠨ ᠤ ᠴᠤᠷᠢ ᠶᠢᠨ  ᠭᠠᠭᠴᠠ ᠭᠠᠳᠠᠭᠠᠳᠣ ᠠᠷᠠᠯᠵᠢᠶᠠᠨ ᠤ ᠭᠠᠵᠠᠷ ᠮᠦᠨ᠃ ᠨᠢᠭᠡ ᠨᠤᠳᠤᠭ ᠤᠨ ᠠᠯᠪᠠᠨ ᠭᠠᠵᠠᠷ ︵ᠠᠯᠳᠠᠷ ᠲᠤᠰᠬᠤᠨ︶  ᠲᠠᠢ᠂ ᠬᠤᠰᠢᠭᠤᠨ ᠤ ᠬᠤᠶᠢᠳᠣ ᠬᠡᠰᠡᠭ ᠲᠠᠬᠢ ᠠᠯᠳᠠᠷ ᠤᠷᠣᠨ ᠨᠢ ᠠᠳᠠᠷ ᠲᠠᠯᠪᠢᠭᠰᠠᠨ ᠭᠠᠵᠠᠷ ᠲᠠᠢ ᠬᠢᠯᠢ  ᠨᠡᠶᠢᠯᠡᠵᠦ᠂ ᠲᠤᠰ ᠤᠷᠣᠨ ᠤ ᠰᠠᠭᠤᠭᠠᠯᠢ ᠠᠷᠠᠳ ᠨᠢ ᠪᠦᠬᠦᠨ ᠢᠶᠠᠷ ᠢᠶᠠᠨ ᠬᠢᠳᠡᠳ ᠬᠦᠮᠦᠨ ᠪᠤᠯᠬᠤᠷ ᠲᠠᠳᠬᠠᠯ  ᠶᠣᠰᠣᠭᠠᠷ ᠨᠢᠭᠡ ᠲᠤᠰᠬᠤᠨ ᠤ ᠠᠯᠪᠠᠨ ᠭᠠᠵᠠᠷ ᠲᠣᠬᠢᠷᠠᠭᠤᠯᠵᠤ ᠣᠨᠴᠠᠭᠠᠢ ᠬᠠᠮᠢᠶᠠᠷᠣᠯᠳᠠ ᠶᠠᠪᠤᠭᠤᠯᠪᠠ᠃   ᠶᠠᠫᠤᠨ ᠤ ᠬᠠᠭᠤᠷᠮᠠᠭ ᠮᠠᠨᠵᠤ ᠶᠢᠨ ᠨᠤᠶᠠᠷᠬᠠᠯ ᠤᠨ ᠬᠤᠭᠤᠴᠠᠭᠠᠨ ︵1932 — 1945︶ ᠳᠤ  ᠬᠤᠰᠢᠭᠤᠨ ᠤ ᠠᠯᠪᠠᠨ ᠵᠠᠬᠢᠷᠭ᠎ᠠ ᠶᠢᠨ ᠲᠤᠤᠷ᠎ᠠ ᠨᠤᠳᠤᠭ ︵ᠣᠷᠣᠨ︶᠂ ᠭᠠᠴᠠᠭ᠎ᠠ ︵ᠰᠢᠶᠠᠩ︶ ᠪᠤᠯᠤᠨ ᠠᠶᠢᠯ ︵ ᠲᠤᠰᠬᠤᠨ︶ ᠭᠡᠵᠤ ᠪᠠᠶᠢᠭᠤᠯᠪᠠ᠃ ᠨᠤᠳᠤᠭ ᠲᠤ ᠨᠤᠳᠤᠭ ᠤᠨ ᠲᠠᠷᠤᠭ᠎ᠠ ᠲᠠᠢ᠂ ᠲᠤᠳᠣᠭᠠᠳᠣ ᠳᠤᠨᠢ ᠲᠤᠰᠠᠯᠠᠭᠴᠢ ︵ ᠨᠤᠳᠤᠭ ᠤᠨ ᠲᠠᠷᠤᠭ᠎ᠠ ᠶᠢ ᠲᠤᠰᠠᠯᠠᠨ ᠵᠠᠰᠠᠭ ᠵᠠᠬᠢᠷᠭᠠᠨ ᠤ ᠶᠠᠪᠤᠳᠠᠯ ᠢ ᠰᠢᠢᠳᠪᠤᠷᠢᠯᠡᠨ᠎ᠡ︶᠂ ᠨᠢᠭᠳᠠᠯᠠᠨ ᠪᠤᠳᠣᠭᠴᠢ ︵ ᠡᠳ᠋ ᠤᠨ ᠶᠠᠪᠤᠳᠠᠯ ᠢ ᠭᠤᠤᠯᠯᠠᠨ ᠬᠠᠮᠢᠶᠠᠷᠣᠨ᠎ᠠ︶᠂ ᠠᠵᠢᠯᠯᠠᠭᠴᠢ ︵ᠶᠡᠷᠦᠩᠭᠡᠢ ᠶᠠᠪᠤᠳᠠᠯ᠂ ᠠᠷᠠᠳ ᠤᠨ ᠬᠠᠷᠢᠶ᠎ᠠ᠂  ᠡᠳ᠋ ᠤᠨ ᠶᠠᠪᠤᠳᠠᠯ᠂ ᠵᠠᠰᠠᠭ ᠵᠠᠬᠢᠷᠭᠠᠨ᠂ ᠴᠡᠷᠢᠭ ᠤᠨ ᠠᠯᠪᠡ ᠵᠡᠷᠭᠡ ᠬᠦᠯᠥᠰᠣᠨ ᠤ ᠬᠦᠮᠦᠨ ᠢ ᠪᠠᠭᠳᠠᠭᠠᠨ᠎ᠠ︶  ᠲᠤᠬᠢᠷᠠᠭᠤᠯᠵᠤ᠂ ᠬᠦᠯᠥᠰᠣᠨ ᠤ ᠭᠡᠳᠦᠨ ᠬᠦᠮᠦᠨ ᠬᠢᠭᠡᠳ ᠬᠤᠯᠪᠤᠭᠠᠴᠢᠨ᠂ ᠲᠤᠭᠤᠭᠠᠴᠢ ᠵᠡᠷᠭᠡ 10 ᠭᠠᠷᠣᠢ  ᠬᠦᠮᠦᠨ ᠢᠶᠠᠷ ᠪᠦᠷᠢᠯᠳᠦᠵᠡᠢ᠃ ᠠᠶᠢᠯ ᠤᠨ ᠲᠤᠳᠣᠷ᠎ᠠ ᠠᠶᠢᠯ ᠤᠨ ᠲᠠᠷᠤᠭ᠎ᠠ᠂ ᠪᠢᠴᠢᠭᠡᠴᠢ ᠲᠤᠬᠢᠷᠠᠭᠤᠯᠵᠤ᠂ ᠠᠶᠢᠯ ᠤᠨ ᠬᠠᠷᠢᠶᠠᠨ ᠳᠤ ᠭᠡᠳᠦᠨ  ᠲᠤᠰᠬᠤᠨ ᠲᠠᠢ᠂ 10 — 30 ᠡᠷᠦᠭᠡ ᠪᠦᠷᠢ ᠳᠤ ᠫᠠᠶᠢᠵᠠᠩ ᠲᠤᠬᠢᠷᠠᠭᠤᠯᠤᠨ ᠠᠮᠤ ᠪᠤᠳᠠᠭ᠎ᠠ᠂ ᠮᠠᠯ ᠤᠨᠤᠭ᠎ᠠ  ᠳᠠᠳᠠᠪᠤᠷᠢᠯᠠᠨ ᠬᠦᠴᠦᠨ ᠤ ᠬᠦᠮᠦᠨ ᠪᠠᠷᠢᠳᠠᠭ᠃   ︽ᠬᠤᠷᠴᠢᠨ ᠪᠠᠷᠠᠭᠤᠨ ᠭᠠᠷᠣᠨ ᠲᠤᠮᠳᠠᠳᠣ ᠬᠤᠰᠢᠭᠤᠨ ᠤ ᠤᠶᠢᠯᠠᠯᠭ᠎ᠠ︾᠂ ︽ᠬᠤᠷᠴᠢᠨ ᠪᠠᠷᠠᠭᠤᠨ ᠭᠠᠷᠣᠨ  ᠲᠤᠮᠳᠠᠳᠣ ᠬᠤᠰᠢᠭᠤᠨ ᠤ ᠰᠤᠶᠤᠯ ᠲᠡᠤᠭᠡ︾ ︵ᠲᠠᠪᠤᠳᠣᠭᠠᠷ ᠡᠮᠬᠢᠳᠭᠡᠯ︶᠂ ︽ᠬᠤᠷᠴᠢᠨ ᠪᠠᠷᠠᠭᠤᠨ ᠭᠠᠷᠣᠨ  ᠲᠤᠮᠳᠠᠳᠣ ᠬᠤᠰᠢᠭᠤᠨ ᠤ ᠰᠤᠶᠤᠯ ᠲᠡᠤᠭᠡ︾ ︵ᠨᠢᠭᠡᠳᠦᠭᠡᠷ᠂ ᠵᠢᠷᠭᠤᠳᠣᠭᠠᠷ ᠡᠮᠬᠢᠳᠭᠡᠯ᠂ ᠬᠢᠳᠡᠳ ᠬᠡᠪᠯᠡᠯ︶ ᠵᠡᠷᠭᠡ  ᠨᠤᠮ ᠤᠳ ᠠᠴᠠ ᠨᠠᠶᠢᠷᠠᠭᠤᠯᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号