ᠮᠤᠩᠭᠤᠯᠴᠤᠳ ᠤᠨ ︽6︾ ᠲᠠᠢ ᠬᠤᠯᠪᠤᠭᠳᠠᠬᠤ ᠵᠠᠩ ᠠᠷᠠᠨᠰᠢᠨ
ᠨᠡᠶᠢᠲᠡᠯᠡᠭᠰᠡᠨ ᠴᠠᠭ᠄
2018-07-06
   ᠮᠤᠩᠭᠤᠯᠴᠤᠳ ︽6︾ ᠲᠤᠭ᠎ᠠ ᠶᠢ ᠶᠠᠷᠤ ᠪᠤᠰᠤ ᠶᠢᠨ ᠤᠳᠬ᠎ᠠ ᠠᠭᠤᠯᠭ᠎ᠠ ᠲᠠᠢ ᠭᠡᠵᠤ ᠦᠵᠡᠳᠡᠭ᠃  ᠵᠢᠷᠭᠤᠭ᠎ᠠ ᠶᠢᠨ ᠲᠤᠭ᠎ᠠ ᠨᠢ ᠬᠤᠶᠠᠷ ᠪᠠ ᠭᠤᠷᠪᠠ ᠶᠢᠨ ᠳᠠᠬᠢᠨ ᠲᠤᠭ᠎ᠠ ᠤᠴᠢᠷ ᠠᠴᠠ ᠤᠭ ᠲᠤᠭᠠᠨ ᠤ ᠠᠭᠤᠯᠭ᠎ᠠ ᠶᠢ  ᠬᠠᠳᠠᠭᠠᠯᠠᠳᠠᠭ᠃ ᠵᠢᠱᠢᠶᠠᠯᠠᠪᠠᠯ᠄ ︽ᠵᠢᠷᠭᠤᠭᠠᠨ ᠬᠦᠵᠤᠬᠦᠤ ᠪᠠᠨ ᠲᠤᠯᠤᠭ᠎ᠠ ᠪᠤᠯᠳᠠᠯ᠎ᠠ ᠵᠢᠳᠬᠦᠪᠡ︾ ᠬᠡᠬᠦ ᠨᠢ  ᠬᠦᠮᠤᠰ ᠤᠨ ᠦᠢᠯᠠᠰ ᠪᠦᠳᠤᠭᠡᠬᠦ ᠳᠡᠭᠡᠨ ᠪᠦᠬᠦ ᠬᠦᠴᠤᠨ ᠴᠢᠳᠠᠯ ᠢᠶᠠᠨ ᠭᠠᠷᠭᠠᠵᠤ ᠬᠢᠭᠰᠡᠨ ᠪᠠ ᠬᠢᠷᠢ ᠠᠴᠠ ᠪᠠᠨ  ᠬᠡᠳᠤᠷᠠᠳᠠᠯ᠎ᠠ ᠴᠢᠷᠮᠠᠶᠢᠢᠨ ᠠᠵᠢᠯᠯᠠᠭᠰᠠᠨ ᠢ ᠵᠦᠷᠢᠴᠡᠭᠰᠡᠨ ᠪᠠᠶᠢᠢᠳᠠᠭ᠃ ᠬᠡᠯᠡᠴᠡ ᠨᠦᠭᠦᠳ ᠠᠴᠠ ᠰᠠᠶᠢᠢᠷᠠᠬᠦᠯᠪᠠᠯ᠄   ᠵᠢᠷᠭᠤᠭᠠᠨ ᠰᠠᠶᠢᠢᠨ — ᠮᠤᠩᠭᠤᠯ ᠡᠮ ᠳᠠᠬᠢ ᠵᠦᠭᠠᠩ᠂ ᠬᠦᠷᠬᠦᠮ᠂ ᠭᠤᠤᠯᠳᠤ ᠪᠤᠷᠤ᠂ ᠽᠠᠳᠢ᠂ ᠰᠦᠭᠮᠤᠯ᠂  ᠭᠠᠭᠤᠯᠠ ᠵᠡᠷᠭᠡ ᠵᠢᠷᠭᠤᠭᠠᠨ ᠵᠦᠢᠯ ᠤᠨ ᠡᠮ ᠢ ᠵᠢᠷᠭᠤᠭᠠᠨ ᠰᠠᠶᠢᠢᠨ ᠭᠡᠳᠡᠭ᠃     ᠵᠢᠷᠭᠤᠭᠠᠨ ᠪᠢᠴᠢᠭ — ᠤᠴᠢᠷ ᠢ ᠵᠢᠭᠠᠬᠤ᠂ ᠦᠰᠦᠭ ᠤᠨ ᠲᠦᠷᠰᠤ᠂ ᠦᠰᠦᠭ ᠤᠨ ᠠᠪᠢᠶ᠎ᠠ᠂  ᠦᠰᠦᠭ ᠤᠨ ᠤᠳᠬ᠎ᠠ᠂ ᠦᠰᠦᠭ ᠤᠨ ᠳᠠᠶᠢᠢᠯᠪᠤᠷᠢ᠂ ᠦᠬᠡ ᠵᠢᠬᠡᠯᠡᠬᠦ ᠵᠡᠷᠬᠡ ᠶᠢ ᠬᠡᠯᠡᠨ᠎ᠠ᠃     ᠵᠢᠷᠭᠤᠭᠠᠨ ᠴᠢᠪᠬᠠᠳᠠᠰᠤ ᠲᠦᠷᠤ ᠶᠢᠨ ᠶᠠᠳᠤᠭ᠎ᠠ — ᠲᠦᠷᠤ ᠶᠢᠨ ᠶᠡᠭᠡ ᠬᠤᠷᠢᠮ᠂ ᠬᠤᠷᠠᠯ᠂ ᠨᠠᠶᠢᠢᠷ᠂  ᠨᠠᠭᠠᠳᠤᠮ ᠳᠤ ᠡᠬᠦᠰᠬᠡᠬᠦ ᠬᠦᠭᠵᠢᠮ ᠢ ᠬᠡᠯᠡᠨ᠎ᠠ᠃ ᠡᠬᠡ ᠪᠤᠯᠤᠭᠰᠠᠨ ᠵᠢᠷᠭᠤᠭᠠᠨ ᠵᠦᠢᠯ — ᠱᠠᠰᠢᠨ ᠤ ᠶᠤᠰᠤᠨ ᠳᠤ ᠲᠡᠭᠷᠢ᠂ ᠠᠰᠤᠷᠢ᠂ ᠬᠦᠮᠤᠨ᠂ ᠳᠠᠮᠤ᠂ ᠪᠢᠷᠢᠳ᠂ ᠠᠳᠤᠭᠤᠰᠤ ᠡᠨᠡ ᠵᠢᠷᠭᠤᠭ᠎ᠠ ᠶᠢ ᠬᠡᠯᠡᠳᠡᠭ᠃ ᠬᠠᠮᠤᠭ ᠠᠮᠢᠳᠠᠨ᠂ ᠲᠦᠮᠠᠨ ᠪᠤᠳᠠᠰ ᠢ ᠵᠢᠭᠠᠭᠰᠠᠨ ᠤᠳᠬ᠎ᠠ ᠲᠠᠢ᠃     ᠵᠢᠷᠭᠤᠭᠠᠨ ᠮᠠᠳᠠᠷᠠᠬᠦᠢ — ᠦᠵᠡᠬᠦ᠂ ᠰᠤᠨᠤᠰᠬᠤ᠂ ᠦᠨᠤᠷᠳᠠᠬᠦ᠂ ᠠᠮᠳᠠᠯᠠᠬᠤ᠂ ᠬᠦᠷᠤᠴᠠᠯᠬᠦ᠂ ᠰᠠᠳᠬᠢᠬᠦ  ᠵᠡᠷᠬᠡ ᠶᠢ ᠵᠢᠷᠭᠤᠭᠠᠨ ᠮᠠᠳᠠᠷᠠᠬᠦᠢ ᠬᠡᠨ᠎ᠠ᠃ ᠡᠨᠡ ᠨᠢ ᠨᠢᠳᠤ᠂ ᠴᠢᠬᠢ᠂ ᠬᠠᠮᠠᠷ᠂ ᠬᠡᠯᠠ᠂ ᠠᠷᠠᠰᠤ᠂ ᠳᠠᠷᠢᠬᠢ ᠵᠡᠷᠭᠡ  ᠵᠢᠷᠭᠤᠭᠠᠨ ᠡᠷᠬᠡᠳᠡᠨ ᠠᠴᠠ ᠡᠬᠦᠰᠤᠨ᠎ᠠ᠃     ᠨᠠᠷᠠᠳᠤ ᠵᠢᠷᠭᠤᠭᠠᠨ ᠤᠳᠠᠴᠢ — ᠢᠰᠢᠪᠠᠯᠵᠤᠤᠷ ︵1704 — 1788︶ ᠪᠤᠯ ᠬᠦᠬᠡᠨᠡᠭᠤᠷ  ᠮᠤᠵᠢ ᠶᠢᠨ ᠬᠦᠮᠤᠨ᠃ 18 ᠳ᠋ᠤᠭᠠᠷ ᠵᠠᠭᠤᠨ ᠤ ᠮᠤᠩᠭᠤᠯ ᠬᠦᠨ ᠤᠬᠠᠭᠠᠨᠳᠠᠨ᠂ ᠠᠯᠳᠠᠷᠳᠤ ᠳᠠᠤᠬᠡᠴᠢᠨ᠂  ᠵᠢᠷᠤᠬᠠᠶᠢᠢᠴᠢᠨ᠂ ᠬᠡᠯᠡᠨ ᠤ ᠰᠢᠨᠵᠢᠯᠡᠭᠡᠳᠠᠨ᠂ ᠤᠳᠬ᠎ᠠ ᠵᠤᠬᠢᠶᠠᠯᠴᠢ ᠮᠦᠷᠳᠠᠭᠡᠨ ᠰᠢᠯᠭᠠᠷᠠᠭᠰᠠᠨ ᠠᠨᠠᠭᠠᠬᠤ  ᠤᠬᠠᠭᠠᠨᠳᠠᠨ ᠶᠤᠮ᠃ ᠯᠤᠪᠰᠠᠩᠴᠦᠶᠢᠯᠳᠤᠮ ︵ᠴᠠᠬᠠᠷ ᠤᠨ︶᠂ ᠯᠦᠷᠦᠭᠳᠡᠩᠳᠠᠷ ︵ᠬᠠᠯᠠᠬ᠎ᠠ ᠶᠢᠨ︶᠂ ᠵᠠᠮᠪᠠᠯᠳᠤᠷᠵᠢ  ︵ᠬᠤᠷᠴᠢᠨ ᠤ︶᠂ ᠢᠰᠢᠳᠡᠩᠽᠠᠨᠸᠠᠩᠵᠢᠯ ︵ᠴᠠᠬᠠᠷ ᠠᠴᠠ ᠶᠡᠭᠡ ᠵᠤᠤ ᠳᠤ ᠵᠠᠯᠠᠭᠳᠠᠵᠠᠢ︶᠂ ᠬᠦᠨᠠᠪᠢᠳᠠᠷᠠ ︵ ᠬᠠᠷᠠᠴᠢᠨ ᠤ︶ ᠵᠠᠷᠬᠡ ᠪᠤᠯ ᠮᠤᠩᠭᠤᠯ ᠠᠨᠠᠭᠠᠬᠤ ᠤᠬᠠᠭᠠᠨ ᠤ ᠵᠢᠷᠭᠤᠭᠠᠨ ᠡᠷᠳᠠᠮᠳᠠᠨ᠂ ᠤᠳᠠᠴᠢ ᠪᠤᠯᠤᠨ᠎ᠠ᠃     ᠴᠢᠩᠬᠢᠰ ᠬᠠᠭᠠᠨ ᠤ ᠲᠤᠬᠠᠢ ᠵᠢᠷᠭᠤᠭᠠᠨ ᠵᠦᠢᠯ ᠤᠨ ᠦᠨᠠᠯᠠᠯᠳᠠ᠄ ᠨᠢᠭᠡ᠂ ᠤᠯᠠᠨ ᠵᠢᠯ ᠲᠠᠷᠠᠬᠠᠢ ᠪᠤᠳᠠᠷᠬᠠᠢ  ᠪᠠᠶᠢᠢᠭᠰᠠᠨ ᠮᠤᠩᠭᠤᠯ ᠤᠨ ᠠᠶᠢᠢᠮᠠᠭ ᠤᠳ ᠢ ᠨᠢᠬᠡᠳᠭᠡᠵᠤ᠂ ᠤᠯᠤᠰ ᠤᠨ ᠲᠤᠯᠭᠤᠷ ᠲᠦᠷᠤ ᠶᠢ ᠦᠨᠳᠤᠰᠤᠯᠠᠨ  ᠪᠠᠶᠢᠢᠭᠤᠯᠤᠭᠰᠠᠨ᠃ ᠬᠤᠶᠠᠷ᠂ ᠮᠤᠩᠭᠤᠯ ᠲᠦᠷᠤ ᠶᠢᠨ ᠳᠠᠭᠡᠳᠤ ᠡᠷᠬᠡ ᠶᠢ ᠬᠠᠳᠠᠮᠵᠢᠯᠠᠨ ᠪᠠᠷᠢᠵᠤ ᠪᠠᠶᠢᠢᠭᠰᠠᠨ᠂  ᠬᠡᠬᠦ ᠳᠡᠭᠡᠨ ᠠᠷᠠᠳᠴᠢᠯᠠᠯ ᠤᠨ ᠪᠠᠯᠭᠡᠳᠠᠯ ︽ᠶᠡᠭᠡ ᠬᠤᠷᠠᠯᠳᠠᠢ︾᠂ ︽ᠰᠠᠴᠠᠳ ᠤᠨ ᠵᠦᠪᠯᠠᠯ ᠤᠨ ᠰᠠᠨᠠᠯ ᠪᠤᠳᠤᠯ ᠳᠤ  ᠨᠠᠩ ᠪᠤᠳᠤᠯ ᠳᠤ ᠨᠠᠩ ᠠᠩᠬᠠᠷᠤᠯ ᠲᠠᠢ ᠬᠠᠨᠳᠤᠨ ᠨᠢᠭᠳᠠᠯᠠᠨ ᠡᠷᠬᠢᠴᠠᠬᠦᠯᠵᠤ ᠬᠦᠯᠢᠶᠠᠵᠤ ᠠᠪᠳᠠᠭ︾᠃ ᠭᠤᠷᠪᠠ᠂  ᠲᠦᠷᠤ ᠶᠢᠨ ᠠᠯᠳᠠᠨ ᠪᠤᠭᠤᠯᠠᠭ᠎ᠠ — ︽ᠶᠡᠭᠡ ᠵᠠᠰᠠᠭ ᠬᠠᠤᠯᠢ︾ ᠶᠢ ᠭᠠᠷᠭᠠᠭᠰᠠᠨ᠃ ᠲᠦᠷᠪᠡ᠂ ︽ᠭᠠᠵᠠᠷ ᠪᠤᠯ  ᠤᠯᠤᠰ ᠤᠨ ᠦᠨᠳᠤᠰᠤ︾ ᠬᠡᠮᠡᠬᠦ ᠡᠾᠦᠶᠢᠩᠨᠤ ᠮᠠᠤᠳᠠᠨ ᠤ ᠴᠠᠨ ᠢᠤᠢ ᠶᠢᠨ ᠦᠶ᠎ᠠ ᠠᠴᠠ ᠤᠯᠠᠮᠵᠢᠯᠠᠭᠰᠠᠨ ᠵᠠᠷᠴᠢᠮ ᠢ  ᠬᠠᠳᠠᠭᠤ ᠴᠢᠩᠭ᠎ᠠ ᠪᠠᠷᠢᠮᠳᠠᠯᠠᠵᠤ ᠪᠠᠶᠢᠢᠭᠰᠠᠨ᠃ ᠲᠠᠪᠤ᠂ ᠶᠡᠭᠡ ᠮᠤᠩᠭᠤᠯ ᠤᠯᠤᠰ ᠢ ᠲᠦᠷᠤ ᠶᠢᠨ ᠪᠢᠴᠢᠭ ᠲᠠᠢ  ᠪᠤᠯᠭᠠᠭᠰᠠᠨ᠃ ᠵᠢᠷᠭᠤᠭ᠎ᠠ᠂ ᠮᠤᠩᠭᠤᠯ ᠲᠤᠭᠤᠷᠭᠠᠳᠠᠨ ᠢ ᠳᠠᠯᠠᠬᠡᠢ ᠳᠠᠬᠢᠨ ᠤ ᠳᠠᠪᠴᠠᠩ ᠳᠤ ᠭᠠᠷᠭᠠᠭᠰᠠᠨ ᠵᠡᠷᠭᠡ  ᠪᠤᠯᠤᠨ᠎ᠠ᠃     ᠵᠢᠷᠭᠤᠭᠠᠨ ᠶᠡᠭᠡ ᠦᠯᠢᠬᠡᠷ᠄ ᠨᠢᠭᠡ᠂ ᠮᠤᠩᠭᠤᠯ ᠤᠨ ᠬᠠᠳ ᠦᠩᠬᠡᠷᠡᠭᠰᠡᠨ ᠤ ᠲᠦᠷᠤ ᠶᠢ ᠵᠠᠰᠠᠭᠰᠠᠨ ᠳᠠᠤᠬᠡ ᠶᠢ  ᠦᠯᠢᠬᠡᠷ ᠳᠠᠭᠤᠷᠢᠶᠠᠯ ᠪᠤᠯᠭᠠᠬᠤ᠃ ᠬᠤᠶᠠᠷ᠂ ᠪᠤᠷᠬᠠᠨ ᠱᠠᠰᠢᠨ ᠤ ᠰᠤᠷᠭᠠᠯ ᠵᠠᠷᠯᠢᠭ ᠢ ᠦᠯᠢᠭᠡᠷ ᠳᠠᠭᠤᠷᠢᠶᠠᠯ  ᠪᠤᠯᠭᠠᠬᠤ᠃ ᠭᠤᠷᠪᠡ᠂ ᠲᠦᠷᠤ ᠶᠤᠰᠤ ᠶᠢ ᠶᠠᠪᠤᠭᠤᠯᠬᠤ ᠶᠤᠰᠤᠯᠠᠯ ᠲᠦᠷᠢᠮ ᠢ ᠦᠯᠢᠬᠡᠷ ᠳᠠᠭᠤᠷᠢᠶᠠᠯ ᠪᠤᠯᠭᠠᠬᠤ᠃  ᠲᠦᠷᠪᠡ᠂ ᠵᠤᠷᠢᠭ ᠮᠠᠳᠠᠨ ᠲᠤᠷ᠎ᠠ ᠳᠠᠪᠠ ᠪᠠᠷ ᠢᠶᠠᠨ ᠡᠰᠠ ᠶᠠᠪᠤᠬᠤ ᠶᠢ ᠦᠯᠢᠭᠡᠷ ᠳᠠᠭᠤᠷᠢᠶᠠᠯ ᠪᠤᠯᠭᠠᠬᠤ᠃ ᠲᠠᠪᠤ᠂  ᠴᠡᠷᠢᠭ ᠪᠠᠶᠢᠢᠭᠤᠯᠵᠤ ᠲᠦᠷᠤ ᠪᠠᠨ ᠬᠠᠮᠠᠭᠠᠯᠠᠭᠰᠠᠨ ᠢ ᠦᠯᠢᠭᠡᠷ ᠳᠠᠭᠤᠷᠢᠶᠠᠯ ᠪᠤᠯᠭᠠᠬᠤ᠃ ᠵᠢᠷᠭᠤᠭ᠎ᠠ᠂ ᠭᠠᠮᠨᠠᠨ  ᠠᠷᠪᠢᠯᠠᠵᠤ᠂ ᠦᠰᠬᠡᠨ ᠨᠠᠮᠡᠭᠳᠠᠬᠦᠯᠬᠦ ᠶᠢ ᠦᠯᠢᠬᠡᠷ ᠳᠠᠭᠤᠷᠢᠶᠠᠯ ᠪᠤᠯᠭᠠᠬᠤ ᠵᠡᠷᠬᠡ ᠵᠢᠷᠭᠤᠭᠠᠨ ᠶᠡᠭᠡ ᠦᠯᠢᠭᠡᠷ  ᠳᠠᠭᠤᠷᠢᠶᠠᠯ ᠨᠢ ᠮᠤᠩᠭᠤᠯ ᠤᠨ ᠬᠠᠭᠠᠳ ᠤᠨ ᠲᠦᠷᠤ ᠪᠠᠨ ᠵᠠᠰᠠᠬᠤ ᠦᠯᠢᠬᠡᠷ ᠳᠠᠭᠤᠷᠢᠶᠠᠯ ᠪᠤᠯᠤᠭᠰᠠᠨ ᠪᠠᠶᠢᠢᠵᠠᠢ᠃    ᠵᠢᠷᠭᠤᠭᠠᠨ ᠫᠠᠷᠵᠢ᠄ ᠵᠢᠷᠭᠤᠭᠠᠨ ᠫᠡᠷᠵᠢ ᠭᠡᠵᠤ ᠬᠦᠯᠬᠡᠨ ᠨᠠᠭᠠᠳᠤᠮ ᠪᠤᠯᠤᠨ᠎ᠠ᠃ ᠳᠠᠯᠠᠢ ᠶᠢᠨ ᠠᠮᠢᠳᠠᠨ ᠤ  ᠶᠠᠰᠤ ᠶᠢ ᠵᠠᠰᠠᠵᠤ᠂ ᠬᠦᠨᠳᠠᠢ ᠳᠤᠨᠢ ᠯᠠᠴᠢ ᠴᠢᠳᠬᠤᠭᠠᠳ ᠶᠡᠭᠡ ᠪᠠᠭ᠎ᠠ ᠨᠢ ᠢᠵᠢᠯ ᠵᠢᠷᠭᠤᠭᠠᠨ ᠫᠠᠷᠵᠢ᠂ ᠲᠦᠷᠪᠠᠨ  ᠡᠬᠦᠳᠠ ᠲᠠᠢ ᠬᠦᠯᠬᠡ ᠲᠠᠢ᠂ ᠬᠤᠶᠠᠷ ᠳᠠᠯᠠᠯᠠᠨ ᠲᠤᠭᠯᠠᠳᠠᠭ᠃    ᠵᠢᠷᠭᠤᠭᠠᠨ ᠢᠮᠠᠭᠠᠨ ᠤ ᠵᠢᠷᠠᠨ ᠤᠬᠤᠨ᠎ᠠ᠄ ᠬᠡᠷᠡᠭ ᠤᠴᠢᠷ ᠢ ᠵᠤᠬᠢᠴᠠᠩᠭᠤᠢ ᠪᠤᠰᠤ ᠪᠤᠯᠭᠠᠭᠰᠠᠨ ᠢ ᠵᠢᠭᠠᠵᠤ  ᠪᠠᠶᠢᠢᠨ᠎ᠠ᠃ ᠵᠢᠱᠢᠶᠠᠯᠠᠬᠦ ᠳᠤ ᠳᠠᠷᠤᠭᠠᠯᠠᠵᠤ ᠵᠠᠬᠢᠷᠬᠤ ᠬᠦᠮᠤᠨ ᠨᠢ ᠤᠯᠠᠨ ᠪᠤᠯᠤᠭᠰᠠᠨ ᠵᠡᠷᠬᠡ ᠶᠢ ᠵᠦᠢᠷᠯᠡᠳᠡᠭ᠃     ᠵᠢᠷᠭᠤᠭᠠᠨ ᠬᠡᠮᠰᠢᠯ᠄ ᠨᠢᠭᠡ᠂ ᠡᠷᠳᠠᠮ ᠢ ᠡᠰᠠ ᠰᠤᠷᠪᠠᠰᠤ ᠬᠡᠷᠡᠭᠯᠡᠬᠦ ᠴᠠᠭ ᠲᠤ ᠬᠡᠮᠰᠢᠨ᠎ᠠ᠃ ᠬᠤᠶᠠᠷ᠂ ᠡᠷᠡᠬᠦᠯ  ᠪᠠᠶ᠎ᠠ ᠪᠠᠨ ᠡᠰᠠ ᠠᠰᠠᠷᠠᠪᠠᠰᠤ ᠡᠪᠡᠳᠦᠭᠰᠡᠨ ᠤ ᠬᠤᠶᠢᠢᠨ᠎ᠠ ᠬᠡᠮᠰᠢᠨ᠎ᠠ᠃ ᠭᠤᠷᠪᠠᠨ᠂ ᠨᠤᠶᠠᠨ ᠪᠦᠭᠡᠳ ᠠᠷᠢᠭᠤᠨ ᠡᠰᠠ  ᠶᠠᠪᠤᠪᠠᠰᠤ ᠪᠠᠭᠤᠭᠰᠠᠨ ᠤ ᠬᠤᠶᠢᠢᠨ᠎ᠠ ᠬᠡᠮᠰᠢᠨ᠎ᠠ᠃ ᠲᠦᠷᠪᠡ᠂ ᠪᠠᠶᠠᠨ ᠪᠦᠬᠡᠳ ᠡᠳ᠋ᠯᠠᠨ ᠡᠰᠡ ᠴᠢᠳᠠᠪᠠᠰᠤ  ᠦᠬᠡᠶᠢᠢᠷᠡᠭᠰᠡᠨ ᠤ ᠬᠤᠶᠢᠢᠨ᠎ᠠ ᠬᠡᠮᠰᠢᠨ᠎ᠠ᠃ ᠲᠠᠪᠤ᠂ ᠠᠷᠢᠬᠢ ᠤᠤᠭᠤᠵᠤ ᠮᠠᠭᠤ ᠠᠪᠤᠷᠢᠯᠠᠪᠠᠰᠤ ᠰᠠᠷᠭᠦᠭᠰᠡᠨ ᠤ  ᠬᠤᠶᠢᠢᠨ᠎ᠠ ᠬᠡᠮᠰᠢᠨ᠎ᠠ᠃ ᠵᠢᠷᠭᠤᠭ᠎ᠠ᠂ ᠦᠢᠯᠠ᠂ ᠦᠬᠡ ᠬᠤᠶᠠᠷ ᠢᠶᠠᠨ ᠡᠰᠡ ᠬᠢᠴᠢᠶᠠᠪᠠᠯ᠂ ᠤᠴᠢᠷ ᠡᠭᠦᠰᠦᠭᠰᠡᠨ ᠤ  ᠬᠤᠶᠢᠢᠨ᠎ᠠ ᠬᠡᠮᠰᠢᠨ᠎ᠠ ᠵᠡᠷᠭᠡ ᠪᠤᠯᠤᠨ᠎ᠠ᠃     ︵ᠭᠦᠯᠤᠠ ᠪᠦᠢᠷ ᠤᠨ ᠡᠳᠦᠷ ᠤᠨ ᠰᠤᠨᠢᠨ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号