ᠶᠤᠸᠠᠨ ᠤᠯᠤᠰ ᠤᠨ ᠲᠦᠷᠪᠠᠨ ᠶᠡᠭᠡ ᠵᠢᠷᠤᠭᠴᠢᠨ
ᠨᠡᠶᠢᠲᠡᠯᠡᠭᠰᠡᠨ ᠴᠠᠭ᠄
2018-07-06
   ᠶᠤᠸᠠᠨ ᠤᠯᠤᠰ ᠤᠨ ᠳᠤᠮᠳᠠᠴᠢ ᠰᠡᠭᠦᠯᠴᠢ ᠦᠶ᠎ᠠ ᠳᠤ᠂ ᠠᠭᠤᠯᠠ ᠤᠰᠤᠨ ᠤ ᠵᠢᠷᠤᠭ ᠤᠨ ᠵᠤᠬᠢᠶᠠᠨ  ᠪᠦᠲᠦᠭᠡᠯᠭᠡ ᠶᠢᠨ ᠲᠠᠯ᠎ᠠ ᠪᠠᠷ ᠴᠢᠬᠤᠯᠠ ᠭᠠᠪᠢᠶ᠎ᠠ ᠵᠢᠳᠬᠦᠯ ᠦᠵᠡᠬᠦᠯᠦᠭᠰᠡᠨ ᠠᠭᠤᠯᠠ ᠤᠰᠤᠨ ᠤ ᠵᠢᠷᠤᠭᠴᠢᠨ  ᠬᠤᠸᠠᠩ ᠬᠦᠩ ᠸᠠᠩ᠂ ᠸᠠᠩ ᠮᠧᠩ᠂ ᠡᠦ ᠵᠧᠨ᠂ ᠨᠢ ᠽᠠᠨ ᠲᠦᠷᠪᠡ ᠶᠢ ᠬᠦᠮᠦᠰ ︽ᠶᠤᠸᠠᠨ ᠤᠯᠤᠰ ᠤᠨ  ᠲᠦᠷᠪᠡᠨ ᠶᠡᠭᠡ ᠵᠢᠷᠤᠭᠴᠢᠨ︾ ᠭᠡᠳᠡᠭ᠃ ᠡᠨᠡ ᠲᠦᠷᠪᠡᠨ ᠵᠢᠷᠤᠭᠴᠢᠨ ᠵᠤᠤ ᠮᠧᠩ ᠹᠦ᠋ ᠶᠢᠨ ᠨᠦᠯᠦᠭᠡ ᠪᠠᠷ ᠲᠠᠪᠤᠨ  ᠲᠦᠷᠦ᠂ ᠤᠮᠠᠷᠠᠲᠤ ᠰᠦᠩ ᠤᠯᠤᠰ ᠤᠨ ᠠᠭᠤᠯᠠ ᠤᠰᠤᠨ ᠤ ᠵᠢᠷᠤᠭ ᠤᠨ ᠤᠷᠠᠯᠢᠭ ᠤᠨ ᠦᠷ᠎ᠠ ᠪᠦᠲᠦᠮᠵᠢ ᠶᠢ  ᠦᠷᠭᠡᠨ ᠢᠶᠠᠷ ᠰᠢᠩᠭᠡᠭᠡᠨ ᠠᠪᠴᠦ᠂ ᠪᠢᠷ ᠪᠡᠭᠡᠰ ᠤᠨ ᠴᠢᠳᠠᠯ ᠢ ᠲᠡᠭᠦᠯᠲᠡᠷ ᠪᠠᠳᠠᠷᠠᠭᠤᠯᠵᠤ᠂ ᠦᠡᠭᠭᠡ ᠠᠶᠢᠵᠠᠮ ᠢ ᠨᠢ  ᠠᠭᠤᠯᠠ ᠤᠰᠤᠨ ᠤ ᠵᠢᠷᠤᠭ ᠲᠤ ᠰᠢᠨ᠎ᠡ ᠲᠦᠪᠰᠢᠨ ᠬᠦᠷᠲᠡᠯ᠎ᠡ ᠳᠡᠭᠡᠭᠰᠢᠯᠡᠬᠦᠯᠵᠤ᠂ ᠠᠭᠤᠯᠠ ᠤᠰᠤᠨ ᠤ ᠵᠢᠷᠤᠭ ᠤᠨ  ᠤᠳᠬ᠎ᠠ ᠵᠤᠬᠢᠶᠠᠯ ᠤᠨ ᠦᠡᠭᠭᠡ ᠦᠨᠤᠷ ᠢ ᠳᠤᠪᠤᠶᠢᠯᠭᠠᠵᠤ᠂ ᠰᠢᠯᠦᠭ ᠪᠢᠴᠢᠯᠭᠡ᠂ ᠵᠢᠷᠤᠭ ᠲᠠᠮᠠᠭ᠎ᠠ ᠶᠢ ᠨᠢᠭᠡᠨ  ᠴᠤᠭᠴᠠ ᠪᠤᠯᠭᠠᠨ ᠤᠶᠠᠯᠳᠤᠭᠤᠯᠵᠤ᠂ ᠦᠪᠡᠷ ᠦᠪᠡᠷ ᠤᠨ ᠬᠡᠪ ᠨᠡᠮᠪᠡ ᠶᠢ ᠪᠦᠷᠢᠯᠲᠤᠬᠦᠯᠵᠡᠢ᠃ ᠲᠡᠳᠡ ᠨᠢᠭᠡᠨ  ᠡᠷᠡᠨ ᠤ ᠰᠢᠨ᠎ᠡ ᠬᠡᠪ ᠨᠠᠮᠪᠠ ᠶᠢ ᠡᠭᠦᠳᠦᠨ ᠨᠡᠭᠡᠭᠡᠵᠤ᠂ ᠪᠢᠴᠢᠭ ᠤᠨ ᠬᠦᠮᠦᠨ ᠤ ᠵᠢᠷᠤᠭ ᠢᠶᠠᠷ ᠭᠤᠤᠯ ᠤᠷᠤᠰᠬᠠᠯ  ᠪᠤᠯᠭᠠᠭᠰᠠᠨ ᠠᠭᠤᠯᠠ ᠤᠰᠤᠨ ᠤ ᠵᠢᠷᠤᠭ ᠤᠨ ᠤᠷᠤᠰᠬᠠᠯ ᠢ ᠪᠦᠷᠢᠯᠲᠦᠭᠦᠯᠦᠭᠰᠡᠨ ᠨᠢ ᠮᠢᠩ ᠤᠯᠤᠰ ᠴᠢᠩ  ᠤᠯᠤᠰ ᠤᠨ ᠵᠢᠷᠤᠭ ᠤᠨ ᠲᠡᠪᠴᠠᠩ ᠳᠤ ᠬᠦᠨᠵᠡᠭᠡᠢ ᠨᠦᠯᠦᠭᠡ ᠭᠠᠷᠭᠠᠭᠰᠠᠨ ᠶᠤᠮ᠃ ᠬᠤᠸᠠᠩ ᠬᠦᠩ ᠸᠠᠩ ︵ 1269 — 1354︶ ᠶᠤᠸᠠᠨ ᠤᠯᠤᠰ ᠤᠨ ᠤᠷᠠᠨ ᠪᠢᠴᠢᠯᠭᠡᠲᠡᠨ᠂ ᠶᠤᠸᠠᠨ ᠤᠯᠤᠰ ᠤᠨ ᠲᠦᠷᠪᠡᠨ ᠶᠡᠭᠡ  ᠵᠢᠷᠤᠭᠴᠢᠨ ᠤ ᠨᠢᠭᠡ᠃ ᠵᠢᠶᠠᠩᠰᠤ ᠶᠢᠨ ᠴᠠᠩᠱᠦ ᠶᠢᠨ ᠬᠦᠮᠦᠨ᠃ ᠤᠤᠯ ᠤᠨ ᠤᠪᠤᠭ ᠯᠦ᠂ ᠨᠡᠷ᠎ᠠ ᠵᠢᠶᠠᠨ᠃  ᠬᠤᠸᠠᠩ ᠤᠪᠤᠭ ᠲᠤ ᠦᠷᠡᠴᠢᠯᠡᠭᠳᠡᠭᠰᠡᠨ ᠪᠤᠯᠬᠤᠷ ᠬᠤᠸᠠᠩ ᠤᠪᠤᠭ ᠲᠠᠢ ᠪᠤᠯᠵᠠᠢ᠃ ᠡᠷᠭᠦᠭᠰᠡᠨ ᠨᠡᠷ᠎ᠠ ᠽᠢ ᠵᠢᠤ᠋᠂  ᠴᠤᠯᠠ ᠳ᠋ᠠ ‍ᠤᠤᠢ᠂ ᠢ ᠹᠧᠩ ᠪᠤᠮᠪᠤ᠃ ᠰᠢᠯᠦᠭ ᠪᠢᠴᠢᠯᠭᠡ ᠵᠢᠷᠤᠭ ᠤᠨ ᠠᠯᠢ ᠠᠯᠢᠨ ᠳᠤ ᠴᠦ ᠴᠢᠳᠠᠮᠠᠭᠠᠢ᠂  ᠵᠢᠷᠤᠭ ᠤᠨ ᠲᠠᠯ᠎ᠠ ᠪᠠᠷ ᠳ᠋ᠦᠩ ᠶᠤᠸᠠᠨ᠂ ᠵᠢᠤᠢ ᠷᠠᠨ ᠠᠴᠠ ᠰᠤᠷᠤᠯᠴᠠᠭᠰᠠᠨ ᠪᠠᠶᠢᠨ᠎ᠠ᠃ ᠵᠢᠷᠤᠭ ᠤᠨ ᠬᠡᠪ ᠨᠠᠮᠪᠠ ᠨᠢ  ᠠᠪᠰᠠᠷ ᠳᠠᠷᠤᠤᠬᠠᠨ᠂ ᠤᠷᠠᠯᠢᠭ ᠤᠨ ᠦᠪᠡᠷᠮᠢᠴᠠ ᠤᠨᠴᠠᠯᠢᠭ ᠲᠠᠢ᠃ ᠦᠳᠡᠯ᠎ᠠ ᠨᠠᠰᠤᠨ ᠤ ᠬᠢᠨᠢ ᠬᠠᠨᠤᠮᠵᠢᠲᠠᠢ  ᠪᠦᠲᠦᠭᠡᠯ ︽ᠹᠦᠴᠦ᠋ᠨ ᠤ ᠠᠭᠤᠯᠠᠨ ᠰᠠᠭᠤᠴᠠ︾ ᠨᠢ ᠵᠤᠵᠢᠶᠠᠩ ᠤᠨ ᠹᠦ᠋ ᠴᠦᠨ ᠵᠢᠶᠠᠩ ᠮᠦᠷᠡᠨ ᠤᠷᠴᠢᠮ ᠤᠨ  ᠭᠠᠩᠭᠠᠩ ᠰᠠᠶᠢᠬᠠᠨ ᠦᠵᠡᠮᠵᠢ ᠶᠢ ᠴᠠᠭᠠᠰᠤᠨ ᠲᠡᠭᠡᠷ᠎ᠠ ᠪᠡᠭᠡ ᠪᠠᠷ ᠤᠷᠠᠯᠠᠨ ᠵᠢᠷᠤᠭᠰᠠᠨ ᠪᠠᠶᠢᠳᠠᠭ᠃ ᠵᠢᠷᠤᠭ ᠲᠤ  ᠠᠭᠤᠯᠠ ᠬᠠᠳᠠ ᠲᠡᠭᠲᠡᠷᠯᠡᠨ᠂ ᠰᠠᠯᠬᠢᠨ ᠡᠶᠡᠪᠡᠷᠬᠦᠦ ᠨᠠᠷᠠᠨ ᠲᠤᠩᠭᠠᠯᠠᠭ᠂ ᠦᠡᠭᠭᠡ ᠦᠵᠡᠮᠵᠢ ᠨᠠᠮᠤᠭᠤᠬᠠᠨ ᠡᠶᠡᠰᠡᠭ᠂  ᠡᠭᠡᠭᠡ ᠯᠡ ᠶᠢᠷᠲᠢᠨᠴᠦ ᠠᠴᠠ ᠲᠠᠰᠤᠷᠬᠠᠢ ᠤᠷᠤᠨ ᠮᠡᠲᠦ᠃ ᠡᠨᠡ ᠵᠢᠷᠤᠭ ᠵᠢᠷᠤᠭᠴᠢᠨ ᠤ ᠠᠮᠢᠳᠤᠷᠠᠯ ᠤᠨ  ᠬᠦᠰᠡᠯᠡᠩ ᠢ ᠨᠢ ᠢᠯᠡᠳᠬᠡᠭᠰᠡᠨ ᠶᠤᠮ᠃ ᠳ᠋ᠦᠩ ᠴᠢ ᠴᠠᠩ ᠲᠡᠭᠦᠨ ᠢ ︽ᠶᠤᠸᠠᠨ ᠤᠯᠤᠰ ᠤᠨ ᠲᠦᠷᠪᠡᠨ ᠶᠡᠭᠡ  ᠵᠢᠷᠤᠭᠴᠢᠨ︾ ᠤ ᠲᠡᠷᠢᠬᠦᠨ ᠳᠤ ᠤᠷᠤᠭᠤᠯᠤᠭᠰᠠᠨ ᠶᠤᠮ᠃ ᠡᠦ ᠵᠧᠨ ︵1280 — 1354︶ ᠶᠤᠸᠠᠨ  ᠤᠯᠤᠰ ᠤᠨ ᠤᠷᠠᠨ ᠪᠢᠴᠢᠯᠭᠡᠲᠡᠨ᠂ ᠶᠤᠸᠠᠨ ᠤᠯᠤᠰ ᠤᠨ ᠲᠦᠷᠪᠡᠨ ᠶᠡᠭᠡ ᠵᠢᠷᠤᠭᠴᠢᠨ ᠤ ᠨᠢᠭᠡ᠃ ᠡᠷᠭᠦᠭᠰᠡᠨ ᠨᠡᠷ᠎ᠡ  ᠵᠦᠩ ᠬᠦᠢ᠂ ᠴᠤᠯᠠ ᠮᠸᠢ ᠬᠤᠸᠠ ᠪᠤᠮᠪᠤ᠂ ᠮᠸᠢ ᠭᠡᠰᠦᠯ᠃ ᠠᠭᠤᠯᠠ ᠤᠰᠤ᠂ ᠬᠤᠯᠤᠰᠤ ᠵᠢᠷᠤᠬᠤ ᠳᠠᠭᠠᠨ  ᠭᠠᠷᠮᠠᠭᠠᠢ᠃ ᠬᠡᠷ ᠨᠢ ᠶᠠᠳᠠᠭᠤ ᠪᠠᠶᠢᠭᠰᠠᠨ ᠤ ᠬᠠᠷᠠᠭ᠎ᠠ ᠪᠠᠷ ᠲᠦᠯᠭᠡ ᠦᠵᠡᠨ ᠠᠮᠢᠳᠤᠷᠠᠯ ᠢᠶᠠᠨ ᠲᠦᠡᠭᠭᠡᠵᠤ ᠪᠠᠶᠢᠭᠰᠠᠨ  ᠡᠨᠡ ᠵᠢᠷᠤᠭᠴᠢᠨ ᠤ ᠵᠢᠷᠤᠭ ᠤᠨ ᠬᠡᠪ ᠨᠡᠮᠪᠡ ᠨᠢ ᠶᠡᠭᠡ ᠯᠡ ᠦᠪᠡᠷᠮᠢᠴᠡ᠃ ᠪᠠᠳᠠᠷᠠᠭᠤᠨ ᠪᠡᠭᠡ ᠪᠠᠷ ᠬᠡᠨᠡᠨ ᠰᠤᠨᠢᠨ  ᠵᠢᠷᠤᠳᠠᠭ ᠪᠦᠭᠡᠳ ᠵᠢᠷᠤᠭ ᠲᠠᠬᠢ ᠪᠢᠴᠢᠭᠡᠰᠦ ᠪᠠᠨ ᠪᠦᠵᠢᠭᠯᠡᠵᠤ ᠪᠠᠶᠢᠬᠤ ᠮᠡᠲᠦ ᠲᠠᠲᠠᠯᠠᠨ ᠪᠢᠴᠢᠳᠡᠭ᠃ ︽ᠨᠠᠮᠤᠷ ᠤᠨ  ᠮᠦᠷᠡᠨ᠎ᠡ ᠵᠢᠭᠠᠰᠤ ᠠᠩᠨᠠᠭᠰᠠᠨ ᠨᠢ︾᠂ ︽ᠵᠢᠭᠠᠰᠤᠴᠢᠨ ᠠᠪᠤ︾ ᠵᠡᠷᠭᠡ ᠲᠦᠯᠦᠭᠡᠯᠡᠭᠴᠢ ᠪᠦᠲᠦᠭᠡᠯ ᠲᠠᠢ᠃ ᠸᠠᠩ  ᠮᠧᠩ ︵1308 — 1385︶ ᠶᠤᠸᠠᠨ ᠤᠯᠤᠰ ᠤᠨ ᠤᠷᠠᠨ ᠪᠢᠴᠢᠯᠭᠡᠲᠡᠨ᠂ ᠶᠤᠸᠠᠨ ᠤᠯᠤᠰ ᠤᠨ ᠲᠦᠷᠪᠡᠨ  ᠶᠡᠭᠡ ᠵᠢᠷᠤᠭᠴᠢᠨ ᠤ ᠨᠢᠭᠡ᠃ ᠡᠷᠭᠦᠭᠰᠡᠨ ᠨᠡᠷ᠎ᠠ ᠱᠦ ᠮᠢᠩ᠂ ᠴᠤᠯᠠ ᠬᠤᠸᠠᠩ ᠡᠾᠧ ᠱᠠᠨ ᠴᠢᠶᠤᠤ᠃ ᠸᠠᠩ ᠮᠧᠩ  ᠪᠤᠯ ᠶᠡᠭᠡ ᠤᠷᠠᠨ ᠪᠢᠴᠢᠯᠭᠡᠲᠡᠨ ᠵᠤᠤ ᠮᠧᠩ ᠹᠦ᠋ ᠶᠢᠨ ᠲᠦᠷᠦᠭᠰᠡᠨ ᠵᠢᠭᠡ ᠤᠮᠪᠤᠯᠤ᠂ ᠨᠡᠶᠢᠭᠡᠮ ᠤᠨ ᠪᠠᠶᠢᠷᠢ ᠰᠠᠭᠤᠷᠢ  ᠦᠨᠳᠦᠷ᠂ ᠨᠠᠶᠢᠵᠠ ᠨᠦᠭᠦᠳ ᠤᠯᠠᠨ᠂ ᠵᠦᠭᠡᠷ ᠰᠠᠭᠤᠬᠤ ᠲᠤᠷ᠎ᠠ ᠦᠭᠡᠢ᠃ ᠤᠷᠠᠨ ᠪᠦᠲᠦᠭᠡᠯ ᠳᠡᠭᠡᠨ ᠶᠡᠷᠦ ᠨᠢ  ᠪᠦᠬᠦ ᠦᠵᠡᠮᠵᠢᠲᠦ ᠵᠢᠷᠤᠭ ᠤᠨ ᠪᠦᠲᠦᠴᠡ ᠶᠢ ᠬᠡᠷᠡᠭᠯᠡᠳᠡᠭ ᠪᠦᠭᠡᠳ ᠦᠵᠡᠮᠵᠢ ᠶᠠᠭᠤᠮ᠎ᠠ ᠨᠢ ᠨᠢᠭᠲᠠ᠂  ᠪᠠᠶᠢᠷᠢᠰᠢᠭᠤᠯᠤᠯᠲᠠ ᠲᠦᠭᠦᠷᠡᠩ᠂ ᠪᠦᠲᠦᠴᠡ ᠪᠤᠲᠤᠯᠢᠶᠠᠨ ᠲᠠᠢ᠂ ᠪᠡᠭᠡ ᠦᠳᠬᠡᠨ ᠪᠠᠳᠠᠷᠠᠭᠤᠨ᠃ ᠲᠦᠯᠦᠭᠡᠯᠡᠭᠴᠢ  ᠪᠦᠲᠦᠭᠡᠯ ᠳᠤᠨᠢ ︽ᠪᠢᠶᠠᠨᠱᠠᠨ ᠠᠭᠤᠯᠠᠨ᠎ᠠ ᠨᠢᠭᠤᠨ ᠰᠠᠭᠤᠭᠰᠠᠨ ᠨᠢ︾᠂ ︽ᠭᠧ ᡁᠢ ᠴᠤᠸᠠᠨ ᠤ ᠨᠡᠭᠦᠭᠰᠡᠨ ᠨᠢ︾  ᠵᠡᠷᠭᠡ ᠪᠤᠢ᠃ ᠨᠢ ᠽᠠᠨ ︵1301 — 1374︶ ᠶᠤᠸᠠᠨ ᠤᠯᠤᠰ ᠤᠨ ᠤᠷᠠᠨ ᠪᠢᠴᠢᠯᠭᠡᠲᠡᠨ᠂ ᠶᠤᠸᠠᠨ  ᠤᠯᠤᠰ ᠤᠨ ᠲᠦᠷᠪᠡᠨ ᠶᠡᠭᠡ ᠵᠢᠷᠤᠭᠴᠢᠨ ᠤ ᠨᠢᠭᠡ᠃ 1301 ᠤᠨ ᠤ 2 ᠰᠠᠷ᠎ᠠ ᠶᠢᠨ 27 ᠤ ᠡᠳᠦᠷ ᠲᠦᠷᠦᠵᠤ᠂  1374 ᠤᠨ ᠤ 12 ᠰᠠᠷ᠎ᠠ ᠶᠢᠨ 25 ᠤ ᠡᠳᠦᠷ ᠨᠠᠰᠤ ᠪᠠᠷᠠᠪᠠ᠃ ᠤᠤᠯ ᠨᠡᠷ᠎ᠠ ᠨᠢ ᠲᠢᠩ᠂ ᠡᠷᠭᠦᠭᠰᠡᠨ ᠨᠡᠷ᠎ᠠ  ᠶᠤᠸᠠᠨ ᠵᠧᠨ᠂ ᠴᠤᠯᠠ ᠶᠦᠨ ᠯᠢᠨ ᠽᠢ᠃ ᠵᠠᠯᠬᠠᠭᠤ ᠽᠠᠨ᠂ ᠰᠢᠶᠤᠤ ᠰᠢᠶᠠᠨ ᠯᠠᠩ ᠵᠡᠷᠭᠡ ᠤᠯᠠᠨ ᠦᠬᠡᠷ᠎ᠠ  ᠴᠤᠯᠠ ᠲᠠᠢ᠃ ᠪᠠᠶᠠᠨ ᠲᠠᠩᠰᠤᠭ ᠭᠡᠷ ᠪᠦᠯᠢ ᠳᠤ ᠲᠦᠷᠦᠵᠤ ᠦᠰᠦᠭᠰᠡᠨ ᠪᠤᠯᠪᠠᠴᠤ ᠬᠤᠵᠢᠮ ᠨᠢ ᠠᠵᠤ  ᠠᠮᠢᠳᠤᠷᠠᠯ ᠨᠢ ᠤᠷᠤᠭᠤᠳᠠᠨ ᠲᠤᠷᠦ᠋ᠢᠲᠠᠵᠤ᠂ ᠢᠳᠡᠷ ᠨᠠᠰᠤᠨ ᠳᠤᠨᠢ ᠡᠬᠡᠨᠡᠷ ᠨᠢ ᠨᠦᠭᠴᠢᠵᠤ᠂ ᠦᠲᠡᠯ᠎ᠡ  ᠨᠠᠰᠤᠨ ᠳᠤᠨᠢ ᠬᠦᠪᠡᠬᠦᠨ ᠨᠢ ᠨᠠᠰᠤ ᠪᠠᠷᠠᠭᠰᠠᠨ ᠵᠡᠷᠭᠡ ᠪᠠᠷ ᠭᠤᠨᠢᠭ ᠵᠤᠪᠠᠯᠠᠩ ᠦᠵᠡᠭᠰᠡᠨ ᠪᠠᠶᠢᠨ᠎ᠠ᠃ ᠬᠦᠴᠢᠷ ᠪᠡᠷᠬᠡ  ᠠᠮᠢᠳᠤᠷᠠᠯ ᠠᠬᠤᠢ᠂ ᠦᠪᠡᠷ ᠤᠨ ᠬᠢᠨᠢ ᠠᠮᠢᠳᠤᠷᠠᠯ ᠤᠨ ᠦᠵᠡᠯᠲᠡ ᠪᠡ ᠭᠤ ᠤᠠ᠋ ᠰᠠᠶᠢᠬᠠᠨ ᠤ ᠬᠦᠰᠡᠯᠡᠩ ᠠᠴᠠ  ᠪᠤᠯᠵᠤ᠂ ᠤᠷᠠᠯᠢᠭ ᠤᠨ ᠬᠡᠪ ᠨᠠᠮᠪᠠ ᠨᠢ ᠮᠠᠰᠢ ᠦᠪᠡᠷᠮᠢᠴᠡ ᠪᠤᠯᠵᠠᠢ᠃ ᠤᠷᠠᠨ ᠵᠢᠷᠤᠭ ᠤᠨ ︽ᠦᠪᠡᠷ ᠤᠨ ᠵᠤᠭ᠎ᠠ︾  ᠶᠢ ᠡᠷᠬᠢᠮᠯᠡᠳᠡᠭ ᠪᠦᠭᠡᠳ ᠵᠢᠷᠤᠭ ᠤᠨ ᠪᠦᠲᠦᠴᠡ ᠲᠦᠭᠦᠮ ᠪᠤᠷᠤᠭᠵᠢᠭᠤᠨ᠂ ᠪᠡᠭᠡ ᠶᠢᠨ ᠦᠡᠭᠭᠡ ᠬᠦᠶᠤᠬᠡᠨ  ᠭᠡᠶᠢᠪᠡᠷ᠂ ᠪᠢᠷ ᠤᠨ ᠲᠤᠰᠤᠯᠲᠠ ᠬᠦᠡᠭᠭᠡᠭᠡᠨ᠂ ᠨᠠᠮᠤᠭᠤᠨ ᠰᠢᠯᠦᠭᠤᠨ ᠵᠢᠷᠤᠭ ᠤᠨ ᠬᠡᠪ ᠨᠠᠮᠪᠠ ᠨᠢ ᠬᠤᠵᠢᠮ ᠤᠨ  ᠬᠦᠮᠦᠰ ᠲᠤ ᠬᠦᠨᠵᠡᠭᠡᠢ ᠨᠦᠯᠦᠭᠡ ᠦᠵᠡᠬᠦᠯᠦᠭᠰᠡᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号