ᠮᠤᠩᠭᠤᠯᠴᠣᠳ ᠤᠨ ᠪᠦᠰᠡ ᠶᠢᠨ ᠰᠤᠶᠤᠯ ᠤᠨ ᠪᠡᠯᠭᠡᠳᠡᠯ ᠰᠢᠨᠵᠢ
ᠨᠡᠶᠢᠲᠡᠯᠡᠭᠰᠡᠨ ᠴᠠᠭ᠄
2018-07-06
     ᠪᠦᠰᠡ ᠪᠣᠯ ᠮᠤᠩᠭᠤᠯᠴᠣᠳ ᠤᠨ ᠡᠷᠳᠡ ᠲᠡᠭᠡᠲᠦ ᠠᠴᠠ ᠡᠷᠬᠢᠮᠨᠡᠵᠦ ᠢᠷᠡᠭᠰᠡᠨ ᠬᠤᠪᠴᠠᠰᠦ ᠡᠳ᠋ᠯᠡᠯ ᠤᠨ  ᠴᠢᠬᠤᠯᠠ ᠪᠦᠷᠢᠯᠳᠦᠭᠦᠨ ᠮᠦᠨ᠃ ᠪᠦᠰᠡ ᠨᠢ ᠠᠯᠢᠪᠠ ᠵᠠᠳᠠᠭᠠᠢ ᠲᠠᠷᠠᠬᠠᠢ ᠶᠢ ᠪᠠᠬᠢᠯᠡᠨ ᠪᠠᠳᠣᠵᠢᠭᠤᠯᠵᠤ᠂ ᠰᠠᠯᠤᠬᠰᠠᠨ  ᠰᠠᠷᠨᠢᠬᠰᠠᠨ ᠢ ᠡᠪᠯᠡᠬᠦᠯᠵᠦ᠂ ᠪᠦᠲᠦᠭᠡᠭᠦ ᠤᠳᠬ᠎ᠠ ᠲᠠᠢ ᠪᠠᠶᠢᠳᠠᠭ ᠪᠣᠯᠬᠤᠷ᠂ ᠮᠤᠩᠭᠤᠯᠴᠣᠳ ︽ᠪᠦᠲᠦᠬᠦ  ᠲᠥᠷᠥ ᠶᠢᠨ ᠪᠦᠰᠡ︾ ᠭᠡᠮᠡᠨ ᠡᠷᠬᠢᠮᠨᠡᠳᠡᠭ᠃ ᠮᠤᠩᠭᠤᠯᠴᠣᠳ ᠪᠦᠯᠭᠦᠮᠳᠡᠯ ᠨᠢᠬᠳᠠᠷᠠᠯ ᠢᠶᠠᠨ ᠪᠦᠰᠡ ᠪᠠᠷ ᠢᠯᠡᠳᠭᠡᠨ᠂ ᠡᠷᠬᠡ ᠰᠦᠷ ᠢ ᠪᠦᠰᠡ ᠪᠠᠷ ᠪᠡᠯᠭᠡᠳᠡᠨ᠂ ᠢᠲᠡᠭᠡᠯ ᠪᠢᠰᠢᠷᠡᠯ ᠢᠶᠠᠨ ᠪᠦᠰᠡ ᠪᠠᠷ ᠢᠯᠡᠷᠡᠬᠦᠯᠵᠦ ᠪᠠᠶᠢᠵᠡᠢ᠃ ᠡᠶᠢᠨ ᠬᠦ  ᠪᠦᠰᠡ ᠨᠢ ᠮᠤᠩᠭᠤᠯᠴᠣᠳ ᠤᠨ ᠪᠦᠯᠬᠦᠮᠳᠡᠯ ᠨᠢᠬᠳᠠᠷᠠᠯ᠂ ᠡᠷᠬᠡ ᠰᠦᠷ ᠢ ᠪᠡᠯᠭᠡᠰᠢᠶᠡᠵᠦ ᠨᠡᠭᠦᠳᠡᠯ ᠰᠣᠶᠣᠯ ᠤᠨ  ᠴᠢᠬᠤᠯᠠ ᠪᠦᠷᠢᠯᠳᠦᠭᠦᠨ ᠪᠣᠯᠵᠤ᠂ ᠮᠤᠩᠭᠤᠯᠴᠣᠳ ᠤᠨ ᠨᠡᠶᠢᠬᠡᠮ ᠤᠨ ᠠᠮᠢᠳᠣᠷᠠᠯ ᠤᠨ ᠲᠤᠮᠳᠠᠬᠢ ᠪᠤᠳᠠᠰ ᠤᠨ  ᠬᠡᠷᠡᠭᠴᠡᠭᠡᠨ ᠤ ᠦᠢᠯᠡᠳᠦᠯ ᠪᠤᠶᠤ ᠪᠤᠳᠠᠰ ᠤᠨ ᠰᠤᠶᠤᠯ ᠠᠴᠠ ᠪᠠᠨ ᠪᠡᠯᠭᠡᠳᠡᠯ ᠤᠳᠬ᠎ᠠ ᠰᠢᠩᠭᠡᠭᠡᠭᠰᠡᠨ ᠣᠶᠣᠨ ᠤ  ᠰᠤᠶᠤᠯ ᠪᠣᠯᠵᠤ ᠬᠦᠭᠵᠢᠭᠰᠡᠨ ᠪᠠᠶᠢᠨ᠎ᠠ᠃ ᠮᠤᠩᠭᠤᠯᠴᠣᠳ ᠤᠨ ᠪᠦᠰᠡ ᠶᠢᠨ ᠪᠡᠯᠭᠡᠳᠡᠯ ᠶᠣᠰᠣᠨ ᠳᠤ ᠪᠦᠰᠡ ᠶᠢ ᠲᠡᠭᠡᠳᠦᠯᠡᠵᠦ ᠡᠷᠭᠦᠬᠦ ᠶᠣᠰᠦ ᠪᠠᠶᠢᠳᠠᠭ᠃  ᠲᠡᠮᠦᠵᠢᠨ ᠬᠠᠭᠠᠨ ᠰᠠᠭᠤᠬᠤ ᠠᠴᠠ ᠡᠮᠣᠨ᠎ᠡ ᠭᠤᠷᠪᠠᠨ ᠮᠡᠷᠬᠢᠳ ᠤᠨ ᠲᠤᠪᠳᠣᠯᠣᠯ ᠳᠤ ᠤᠴᠠᠷᠠᠵᠦ ᠪᠤᠷᠬᠠᠨ ᠬᠠᠯᠳᠣᠨ  ᠠᠭᠤᠯᠠᠨ᠎ᠠ ᠰᠢᠷᠭᠤᠵᠦ ᠠᠮᠢ ᠮᠡᠨᠳᠦ ᠭᠠᠷᠣᠬᠰᠠᠨ ᠳᠠᠭᠠᠨ᠂ ᠪᠦᠰᠡ ᠪᠠᠨ ᠬᠦᠵᠦᠭᠦᠨ ᠳᠡᠭᠡᠨ ᠡᠷᠢᠭᠡᠯᠡᠵᠦ᠂ ᠪᠤᠷᠬᠠᠨ  ᠬᠠᠯᠳᠣᠨ ᠠᠭᠤᠯᠠᠨ ᠳᠤ ᠶᠢᠰᠦᠨᠳᠡ ᠮᠦᠷᠭᠦᠭᠰᠡᠨ ᠨᠢ ᠠᠭᠤᠯᠠ ᠬᠠᠶᠢᠷᠬᠠᠨ ᠤ ᠪᠠᠨ ᠨᠠᠪᠳᠠᠭ ᠰᠠᠪᠳᠠᠭ ᠤᠨ ᠰᠠᠶᠢᠨ ᠢᠶᠠᠷ  ᠠᠮᠢᠨ ᠮᠠᠨᠳᠦ ᠭᠠᠷᠣᠬᠰᠠᠨ ᠭᠡᠵᠦ ᠦᠵᠡᠭᠡᠳ ᠡᠷ᠎ᠡ ᠬᠦᠮᠦᠨ ᠤ ᠡᠷᠬᠡ ᠰᠦᠷ᠂ ᠬᠡᠢ ᠮᠣᠷᠢ ᠶᠢᠨ ᠪᠡᠯᠭᠡᠳᠡᠯ ᠪᠤᠯᠤᠬᠰᠠᠨ  ᠪᠦᠰᠡ ᠪᠠᠨ ᠲᠡᠭᠡᠳᠦᠯᠡᠨ ᠡᠷᠭᠦᠵᠦ ᠰᠦᠰᠦᠭᠯᠡᠨ ᠲᠡᠪᠬᠡᠶᠢᠵᠦ ᠪᠢᠰᠢᠷᠡᠨ ᠰᠢᠳᠦᠵᠦ ᠪᠠᠶᠢᠬᠤ ᠰᠡᠳᠬᠢᠯᠭᠡ ᠪᠠᠨ  ᠢᠯᠡᠳᠭᠡᠭᠰᠡᠨ ᠶᠤᠮ᠃ ᠪᠠᠰᠠ ᠦᠭᠡᠳᠡᠢ ᠶᠢ ᠬᠠᠭᠠᠨ ᠢᠶᠠᠷ ᠰᠤᠩᠭᠤᠬᠤ ᠶᠡᠭᠡ ᠬᠤᠷᠠᠯᠳᠠᠢ ᠲᠡᠭᠡᠷ᠎ᠡ ᠲᠤᠯᠤᠢ ︽ ᠬᠤᠨᠳᠠᠭ᠎ᠠ ᠡᠷᠭᠦᠨ ᠪᠠᠷᠢᠬᠤ ᠳᠤ ᠣᠷᠳᠣᠨ ᠤ ᠲᠣᠳᠤᠨ᠎ᠠ ᠭᠠᠳᠠᠨ᠎ᠠ ᠬᠢ ᠬᠦᠮᠦᠰ ᠴᠦᠮ᠎ᠡ ᠮᠠᠯᠠᠭᠠᠢ ᠪᠠᠨ ᠠᠪᠴᠦ᠂  ᠪᠦᠰᠡ ᠪᠠᠨ ᠲᠡᠶᠢᠯᠦᠨ ᠬᠦᠵᠦᠭᠦᠨ ᠳᠡᠭᠡᠨ ᠡᠷᠢᠭᠡᠯᠡᠵᠦ᠂ ᠶᠢᠰᠦᠨᠳᠡ ᠮᠦᠷᠭᠦᠨ ᠪᠠᠶᠠᠷ ᠬᠦᠷᠭᠡᠵᠦ᠂ ᠬᠠᠭᠠᠨ ᠤ ᠶᠡᠭᠡ  ᠴᠣᠯᠠ ᠶᠢ ᠲᠡᠪᠰᠢᠭᠦᠯᠦᠨ ᠡᠷᠭᠦᠮᠵᠢᠯᠡᠪᠡ︾ ᠃ ᠡᠭᠦᠨ ᠠᠴᠠ ᠦᠵᠡᠪᠡᠯ ᠮᠤᠩᠭᠤᠯᠴᠣᠳ ᠠᠯᠢ ᠡᠷᠲᠡ ᠠᠴᠠ  ᠪᠦᠰᠡ ᠪᠠᠨ ᠬᠦᠵᠦᠭᠦᠨ ᠳᠡᠭᠡᠨ ᠡᠷᠢᠭᠡᠯᠡᠨ᠂ ᠬᠦᠨᠲᠦ ᠶᠡᠭᠡ ᠶᠤᠰᠤᠯᠠᠯ ᠳᠤ ᠶᠢᠰᠦᠨᠳᠡ ᠮᠦᠷᠭᠦᠨ᠂ ᠢᠲᠡᠭᠡᠯ ᠪᠢᠰᠢᠷᠡᠯ᠂ ᠰᠦᠰᠦᠭ ᠢᠶᠠᠨ ᠪᠡᠶᠡᠯᠡᠬᠦᠯᠵᠦ ᠪᠠᠶᠢᠵᠡᠢ᠃     ᠮᠤᠩᠭᠤᠯᠴᠣᠳ ᠬᠤᠪᠴᠠᠰᠦ ᠵᠠᠰᠠᠯ ᠤᠨ ᠲᠣᠳᠣᠷ᠎ᠠ ᠠᠴᠠ ᠮᠠᠯᠠᠭᠠᠢ ᠪᠦᠰᠡ ᠶᠢ ᠤᠨᠴᠠᠯᠠᠨ ᠡᠷᠬᠢᠮᠨᠡᠵᠦ᠂ ᠡᠷ᠎ᠡ  ᠬᠦᠮᠦᠨ ᠤ ᠰᠦᠨᠡᠰᠦ ᠨᠢ ᠪᠦᠰᠡ ᠳᠤᠨᠢ ᠣᠷᠣᠰᠢᠳᠠᠭ ᠭᠡᠵᠦ ᠦᠵᠡᠳᠡᠭ᠃ ᠤᠴᠢᠷ ᠨᠢ ᠮᠤᠩᠭᠤᠯᠴᠣᠳ ᠪᠦᠰᠡ ᠪᠣᠯ  ︽ᠬᠦᠮᠦᠨ ᠤ ᠪᠡᠶ᠎ᠡ ᠰᠦᠨᠡᠰᠦ᠂ ᠠᠮᠢ ᠭᠤᠣᠯ ᠣᠷᠣᠰᠢᠬᠴᠢ︾ ᠭᠡᠳᠡᠭ᠃ ᠲᠡᠭᠡᠭᠦᠯᠡᠷ ᠮᠠᠯᠠᠭᠠᠢ ᠪᠦᠰᠡ ᠶᠢ ᠡᠷ᠎ᠡ  ᠬᠦᠮᠦᠨ ᠤ ᠡᠷᠬᠡ ᠰᠦᠷ ᠲᠠᠢ ᠬᠤᠯᠪᠤᠨ ᠡᠷ᠎ᠡ ᠬᠦᠮᠦᠨ ᠤ ᠡᠷ᠎ᠡ ᠵᠣᠷᠢᠭ᠂ ᠴᠤᠭ ᠵᠢᠪᠬᠤᠭ᠎ᠠ ᠶᠢ ᠨᠢ  ᠲᠠᠷᠣᠩᠭᠤᠶᠢᠯᠠᠬᠤ ᠳᠤ ᠪᠦᠰᠡ ᠶᠢ ᠨᠢ ᠲᠠᠶᠢᠯᠬᠤ᠂ ᠪᠣᠯᠢᠶᠠᠬᠤ ᠬᠡᠯᠪᠡᠷᠢ ᠪᠠᠷ ᠶᠠᠪᠤᠬᠳᠠᠭᠤᠯᠵᠤ ᠪᠠᠶᠢᠵᠠᠢ᠃       ︵ᠤ ᠳᠠᠯᠠᠢ ᠶᠢᠨ ᠪᠦᠷᠭᠡ ᠠᠴᠠ ᠰᠡᠶᠢᠷᠡᠭᠦᠯᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号