︽ᠬᠤᠷᠴᠢ︾ ᠪᠣᠶᠣ ︽ᠬᠤᠷᠴᠢᠨ︾ ᠭᠡᠳᠡᠭ ᠪᠣᠯ ︽ᠬᠤᠷ︾ ᠬᠡᠬᠦ ᠦᠭᠡ ᠶᠢᠨ ᠢᠵᠠᠭᠤᠷ ᠤᠨ ᠲᠠᠷᠠᠭ᠎ᠠ | ᠡᠷᠬᠢᠯᠡᠭᠰᠡᠨ ᠠᠵᠢᠯ ᠮᠡᠷᠭᠡᠵᠢᠯ ᠢ ᠵᠢᠭᠠᠭᠰᠠᠨ ︽ᠴᠢ︾ ᠪᠣᠶᠣ ︽ᠴᠢᠨ︾ ᠲᠠᠭᠠᠪᠣᠷᠢ ᠶᠢ ᠵᠠᠯᠭᠠᠵᠣ ᠪᠦᠳᠣᠭᠡᠭᠰᠡᠨ | ᠨᠡᠷ᠎ᠡ ᠦᠭᠡ᠃ ᠡᠶᠢᠮᠣ ᠠᠴᠠ ︽ᠮᠣᠩᠭᠤᠯ ᠤᠨ ᠨᠢᠭᠤᠴᠠ ᠲᠣᠪᠴᠢᠶᠠᠨ︾ ᠳᠤ ︽ᠬᠤᠷᠴᠢ︾ ᠪᠣᠶᠣ ︽ᠬᠤᠷᠴᠢᠨ︾ | ᠢ ᠶᠡᠷᠣᠳᠡᠭᠡᠨ ᠬᠤᠷ ᠠᠠᠨᠰᠠᠴᠢᠳ ᠬᠡᠮᠡᠵᠣ᠂ ︽ᠶᠣᠸᠠᠨ ᠱᠢ︾ ᠪᠢᠴᠢᠭ ᠲᠤ ︽ᠬᠤᠷᠴᠢ︾ ᠭᠡᠰᠡᠨ ᠨᠡᠷ᠎ᠡ ᠶᠢ | ᠨᠣᠮᠣ ᠰᠣᠮᠣ ᠵᠡᠭᠦᠭᠴᠢᠳ ᠬᠡᠬᠦ ᠪᠣᠶᠣ ᠨᠣᠮᠣ ᠰᠠᠭᠠᠳᠠᠭ ᠵᠡᠭᠦᠵᠦ ᠰᠢᠳᠠᠷ ᠦᠢᠯᠡᠴᠢᠯᠡᠬᠦ ᠬᠦᠮᠣᠰ ᠬᠡᠮᠡᠨ | ᠲᠠᠶᠢᠯᠪᠣᠷᠢᠯᠠᠵᠣ ᠪᠣᠢ ᠃ ᠨᠣᠮᠣ ᠰᠣᠮᠣ ᠪᠣᠯ ᠮᠣᠩᠭᠤᠯᠴᠣᠳ ᠢ ᠪᠠᠭᠳᠠᠭᠠᠠᠨᠰᠠᠨ ᠲᠣᠮᠳᠠᠳᠣ ᠣᠯᠣᠰ ᠤᠨ | ᠣᠮᠠᠷᠠᠳᠣ ᠶᠢᠨ ᠨᠡᠭᠦᠳᠡᠯᠴᠢᠨ ᠣᠠᠨᠰᠠᠭᠠᠳᠠᠳ ᠤᠨ ᠠᠩᠨᠠᠯ ᠤᠨ ᠪᠠᠭᠠᠵᠢ ᠪᠣᠯᠬᠤ ᠪᠠᠷ ᠪᠠᠷᠠᠬᠤ ᠦᠭᠡᠢ᠂ ᠴᠡᠷᠢᠭ | ᠲᠠᠶᠢᠨ ᠳᠤ ᠬᠡᠷᠡᠭᠯᠡᠳᠡᠭ ᠪᠠᠶᠢᠩᠭᠤ ᠶᠢᠨ ᠵᠡᠪᠰᠡᠭ ᠪᠣᠯᠣᠭᠰᠠᠨ ᠬᠤᠪᠢ ᠳᠤ ᠨᠡᠯᠣᠩᠬᠡᠢ ᠣᠳᠬ᠎ᠠ ᠠᠴᠠ ᠲᠠᠯ᠎ᠠ ᠶᠢᠨ | ᠮᠠᠯᠴᠢᠨ᠂ ᠣᠨᠴᠠᠭᠠᠶᠢᠯᠠᠨ ᠴᠡᠷᠢᠭ ᠪᠠᠶᠢᠯᠳᠣᠠᠨᠴᠢᠳ ᠢ ᠪᠦᠷ ᠬᠤᠷ ᠠᠠᠨᠰᠠᠬᠤ ᠬᠤᠷᠴᠢᠨ ᠬᠡᠵᠣ ᠬᠡᠯᠡᠵᠣ ᠪᠣᠯᠳᠠᠭ᠃ | 1189 ᠣᠨ ᠳᠤ᠂ ᠲᠡᠮᠣᠵᠢᠨ ᠬᠠᠮᠤᠭ ᠮᠣᠩᠭᠤᠯ ᠤᠨ ᠬᠠᠨ ᠪᠣᠯᠵᠣ᠂ ᠦᠪᠡᠷ ᠤᠨ ᠰᠢᠭᠤᠳ ᠵᠠᠬᠢᠷᠣᠠᠨᠰᠠᠨ | ᠬᠡᠰᠢᠭᠳᠡᠨ ᠴᠡᠷᠢᠭ ᠢ ᠠᠩᠬ᠎ᠠ ᠪᠠᠶᠢᠭᠤᠯᠬᠤ ᠳᠤ ᠦᠬᠡᠯᠡᠢ ᠴᠠᠷᠪᠢ᠂ ᠬᠠᠴᠢᠭᠤᠨ ᠲᠣᠬᠤᠷᠭᠠᠳ ᠪᠠ ᠵᠠᠳᠠᠢ᠂ | ᠲᠣᠭᠤᠯᠬᠤ ᠴᠠᠷᠪᠢ ᠳᠤ ᠬᠤᠷ ᠠᠠᠨᠰᠠᠵᠣ ᠪᠠᠶᠢᠭᠰᠠᠨ ᠪᠠ ᠬᠤᠵᠢᠮ ᠨᠢ ᠪᠠᠰᠠ ᠰᠢᠳᠠᠷ ᠲᠠᠭᠠᠯᠳᠠ ᠬᠤᠷᠴᠢᠨ ᠢᠶᠠᠨ | ᠲᠦᠷᠪᠡᠨ ᠵᠠᠭᠤ ᠪᠣᠯᠭᠠᠪᠠ᠃ 1206 ᠣᠨ ᠳᠤ᠂ ᠴᠢᠩᠭᠢᠰ ᠬᠠᠭᠠᠨ ᠶᠡᠭᠡ ᠮᠣᠩᠭᠤᠯ ᠣᠯᠣᠰ ᠢ ᠪᠠᠶᠢᠭᠤᠯᠣᠭᠰᠠᠨ ᠤ | ᠲᠠᠷᠠᠭ᠎ᠠ᠂ ᠬᠡᠰᠢᠭᠳᠡᠨ ᠴᠡᠷᠢᠭ ᠢᠶᠠᠨ ᠦᠷᠭᠡᠳᠬᠡᠨ ᠲᠦᠮᠡᠨ ᠬᠦᠮᠣᠨ ᠪᠣᠯᠭᠠᠬᠤ ᠳᠤ ᠣᠣᠯ ᠤᠨ ᠲᠦᠷᠪᠡᠨ ᠵᠠᠭᠤᠨ | ᠬᠤᠷᠴᠢᠨ ᠴᠡᠷᠢᠭ ᠢᠶᠠᠨ ᠪᠠᠰᠠ ᠮᠢᠩᠭᠠᠨ ᠬᠦᠮᠣᠨ ᠪᠣᠯᠭᠠᠵᠠᠢ᠃ ᠡᠶᠢᠨᠬᠦ᠂ ᠬᠤᠷᠴᠢᠨ ᠬᠡᠬᠦ ᠦᠭᠡ ᠨᠢ ᠬᠡᠰᠢᠭᠳᠡᠨ | ᠴᠡᠷᠢᠭ ᠲᠣᠳᠣᠷᠠᠬᠢ ᠨᠣᠮᠣ ᠰᠣᠮᠣ ᠠᠠᠨᠰᠬᠠᠴᠢᠳ ᠤᠨ ᠨᠡᠷ᠎ᠡ ᠪᠣᠯᠵᠦ᠂ ᠲᠣᠷᠬᠠᠭ ᠤᠳ᠂ ᠪᠠᠭᠤᠷᠴᠢ᠂ ᠡᠭᠦᠳᠡᠴᠢ᠂ | ᠠᠠᠨᠳᠠᠴᠢ ᠬᠡᠬᠦ ᠵᠡᠷᠭᠡ ᠲᠠᠢ ᠠᠳᠠᠯᠢ ᠪᠠᠷ ᠮᠣᠩᠭᠤᠯ ᠤᠨ ᠬᠠᠭᠠᠨ ᠣᠷᠳᠣᠨ ᠳᠤ ᠦᠢᠯᠡᠴᠢᠯᠡᠬᠦ ᠬᠡᠰᠢᠭᠳᠡᠨ ᠴᠡᠷᠢᠭ ᠤᠨ | ᠲᠣᠰᠢᠶᠠᠯ ᠤᠨ ᠨᠡᠷᠡᠶᠢᠳᠣᠯ ᠪᠣᠯᠪᠠ᠃ ᠬᠡᠪᠡᠴᠣ᠂ ᠶᠡᠭᠡ ᠮᠣᠩᠭᠤᠯ ᠣᠯᠣᠰ ᠪᠠ ᠶᠣᠸᠠᠨ ᠣᠯᠣᠰ ᠤᠨ ᠦᠶ᠎ᠡ ᠳᠤ | ᠬᠤᠷᠴᠢᠨ ᠬᠡᠬᠦ ᠦᠭᠡ ᠶᠡᠷᠣᠨᠢ ᠠᠶᠢᠮᠠᠭ ᠤᠨ ᠨᠡᠷᠡᠶᠢᠳᠣᠯᠭᠡ ᠪᠣᠯᠵᠣ᠂ ︽ᠮᠣᠩᠭᠤᠯ ᠤᠨ ᠨᠢᠭᠤᠴᠠ ᠲᠣᠪᠴᠢᠶᠠᠨ︾ | ᠪᠣᠶᠣ ︽ᠰᠣᠳᠣᠷ ᠤᠨ ᠴᠢᠭᠤᠯᠭᠠᠨ︾ ᠳᠤ ᠲᠡᠮᠳᠡᠭᠯᠡᠭᠳᠡᠭᠰᠡᠨ ᠦᠭᠡᠢ᠃ ᠲᠡᠭᠡᠪᠡᠯ᠂ ︽ᠬᠤᠷᠴᠢᠨ︾ ᠭᠡᠳᠡᠭ ᠨᠡᠷ᠎ᠡ | ᠬᠡᠵᠢᠶ᠎ᠡ ᠬᠠᠰᠠᠷ ᠤᠨ ᠦᠷᠡᠰ ᠠᠴᠠ ᠨᠣᠶᠠᠯᠠᠭᠰᠠᠨ ᠠᠶᠢᠮᠠᠭ ᠢᠷᠭᠡᠳ ᠤᠨ ᠨᠡᠷᠡᠶᠢᠳᠣᠯᠭᠡ ᠪᠣᠯᠣᠠᠨᠰᠠᠨ ᠪᠣᠯ︖ | ︽ᠬᠤᠷᠴᠢᠨ︾ ᠬᠡᠬᠦ ᠠᠶᠢᠮᠠᠭ ᠤᠨ ᠨᠡᠷᠡᠶᠢᠳᠣᠯᠭᠡ ᠶᠢᠨ ᠲᠣᠬᠠᠢ ᠡᠷᠳᠡᠮᠳᠡᠨ ᠮᠡᠷᠭᠡᠳ ᠣᠯᠠᠨ ᠲᠠᠯ᠎ᠠ ᠠᠴᠠ | ᠰᠣᠳᠣᠯᠭᠠᠨ ᠦᠷᠨᠢᠭᠦᠯᠦᠭᠰᠡᠨ ᠪᠠᠶᠢᠳᠠᠭ᠃ ᠡᠭᠦᠨ ᠳᠤ᠂ ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ | ᠬᠤᠷᠴᠠ ᠫᠷᠣᠹᠧᠰᠰᠣᠷ᠄ ᠴᠢᠩᠭᠢᠰ ᠬᠠᠭᠠᠨ ᠣᠯᠣᠰ ᠪᠠᠶᠢᠭᠤᠯᠣᠭᠰᠠᠨ ᠤ ᠲᠠᠷᠠᠭ᠎ᠠ᠂ ︽ᠮᠡᠭᠦᠰ ᠪᠢ ᠪᠡᠯᠭᠦᠳᠠᠢ ᠶᠢᠨ | ᠪᠦᠬᠡ ᠪᠠᠷ᠂ ᠬᠠᠰᠠᠷ ᠤᠨ ᠬᠠᠷᠪᠣᠯᠭ᠎ᠠ ᠪᠠᠷ ᠶᠢᠷᠳᠢᠨᠴᠣ ᠶᠢ ᠡᠵᠡᠯᠡᠪᠡᠢ︾ ᠬᠡᠵᠣ ᠬᠠᠰᠠᠷ ᠤᠨ ᠣᠯᠠᠨ ᠠᠴᠠ | ᠬᠡᠳᠦ᠋ᠢᠳᠦᠭᠰᠡᠨ ᠰᠣᠷ ᠬᠠᠷᠪᠣᠯᠭ᠎ᠠ ᠶᠢ ᠮᠬᠠᠳᠠᠨ ᠲᠠᠭᠠᠰᠢᠶ᠋ᠬᠠᠰᠠᠨ ᠪᠠᠶᠢᠨ᠎ᠠ᠃ 1722 ᠣᠨ ᠳᠤ ᠬᠠᠭᠤᠯᠣᠨ | ᠪᠢᠴᠢᠭᠰᠡᠨ ︽ᠴᠢᠩᠭᠢᠰ ᠤᠨ ᠶᠡᠭᠡ ᠦᠴᠢᠭ︾ ᠲᠤ ᠬᠠᠰᠠᠷ ᠢ ᠮᠬᠠᠳᠠᠨ ᠲᠠᠭᠤᠯᠠᠬᠤ ᠳᠠᠭᠠᠨ᠄ ︽ᠬᠠᠷᠢ ᠶᠢᠨ ᠬᠠᠷ᠎ᠠ | ᠵᠠᠨᠴᠠᠷ ᠲᠠᠶᠢᠰᠣᠨ ᠢ᠂ ᠬᠠᠳᠬᠠᠣᠯᠳᠣᠬᠤ ᠲᠣᠳᠣᠮ ᠮᠦᠨ ᠲᠠᠷᠣᠠᠨᠴᠢ᠂ ᠬᠠᠪᠣᠳᠣ ᠬᠠᠰᠠᠷ ᠮᠡᠷᠭᠡᠨ ᠲᠡᠭᠦᠣ ᠳᠤ᠂ | ᠭᠠᠶᠢᠬᠠᠮᠰᠢᠭ ᠲᠦᠷᠦᠭᠰᠡᠨ᠂ ᠴᠢᠩᠭᠢᠰ ᠬᠠᠭᠠᠨ︾ ᠭᠡᠵᠦ ᠰᠢᠯᠦᠭᠯᠡᠬᠦ ᠶᠢᠨ ᠬᠠᠮᠳᠣ᠂ ︽ᠬᠠᠳᠴᠢᠨ ᠵᠣᠪᠠᠵᠣ | ᠬᠦᠴᠣᠨ ᠢᠶᠠᠨ ᠦᠭᠭᠦᠭᠰᠡᠨ᠂ ᠬᠤᠵᠢᠳ ᠣᠷᠢᠳ ᠡᠰᠠ ᠶᠠᠪᠤᠨᠰᠠᠨ᠂ ᠬᠤᠣᠷᠴᠢᠨ ︿ᠬᠤᠣᠷᠴᠢ﹀ ᠬᠠᠰᠠᠷ᠂ ᠪᠦᠬᠡ | ᠪᠡᠯᠭᠦᠳᠠᠢ᠂ ᠬᠠᠴᠢᠭᠤᠨ ᠭᠤᠷᠪᠠᠨ ᠲᠡᠭᠦᠣ ᠨᠡᠷᠳᠣ ᠴᠢᠨᠣ᠂ ᠠᠯᠪᠠᠨ ᠢᠶᠠᠨ ᠦᠭᠭᠦᠭᠰᠡᠨ᠂ ᠬᠤᠷᠴᠢᠨ ᠲᠡᠷᠢᠭᠦᠯᠡᠨ | ᠬᠤᠷᠪᠠᠨ ᠣᠩᠨᠢᠭᠤᠳ᠂ ᠬᠤᠶᠡ ᠠᠯᠪᠠᠳᠣ ᠴᠢᠨᠣ ᠲᠡᠷᠡ ᠪᠦᠬᠦᠢ ᠪᠠᠷ ᠠᠵᠢᠶᠠᠮᠤ ︾ ᠭᠡᠵᠠᠢ᠃ ᠡᠭᠦᠨ ᠳᠠᠬᠢ ︽ | ᠬᠤᠣᠷᠴᠢᠨ︾ ᠪᠣᠶᠣ ︽ᠬᠤᠣᠷᠴᠢ︾ ᠭᠡᠳᠡᠭ ᠪᠣᠯ ᠲᠠᠷᠣᠢ ︽ᠬᠤᠷᠴᠢᠨ︾᠂ ︽ ᠬᠤᠷᠴᠢ︾ ᠶᠢᠨ ᠬᠤᠪᠢᠯᠪᠣᠷᠢ | ᠪᠢᠴᠢᠯᠭᠡ ᠪᠣᠯᠬᠤᠷ᠂ ᠡᠷᠳᠡᠨ ᠤ ᠮᠣᠩᠭᠤᠯᠴᠣᠳ ᠬᠠᠰᠠᠷ ᠢ ︽ᠬᠠᠪᠣᠳᠣ ᠬᠠᠰᠠᠷ︾ ᠬᠡᠬᠦ ᠶᠢᠨ ᠬᠠᠮᠳᠣ ︽ᠬᠤᠷᠴᠢᠨ | ᠬᠠᠰᠠᠷ︾ ᠬᠡᠮᠡᠨ ᠴᠣᠯᠠᠯᠠᠨ ᠲᠠᠭᠤᠳᠠᠳᠠᠭ ᠪᠠᠶᠢᠵᠠᠢ᠃ ᠡᠶᠢᠮᠣ ᠠᠴᠠ᠂ ᠬᠤᠷᠴᠢᠨ ᠬᠡᠬᠦ ᠠᠶᠢᠮᠠᠭ ᠤᠨ ᠨᠡᠷ᠎ᠡ | ᠬᠡᠰᠢᠭᠳᠡᠨ ᠴᠡᠷᠢᠭ ᠤᠨ ᠬᠤᠷᠴᠢᠨ ᠭᠡᠬᠦ ᠲᠣᠰᠢᠶᠠᠯ ᠤᠨ ᠨᠡᠷ᠎ᠡ ᠶᠢ ᠲᠣᠷᠠᠰᠬᠠᠬᠤ ᠶᠢᠨ ᠣᠴᠢᠷ ᠲᠤ ᠪᠣᠢ ᠪᠣᠯᠣᠭᠰᠠᠨ | ᠪᠣᠰᠣ᠂ ᠬᠠᠷᠢᠨ ᠬᠤᠷᠴᠢᠨ ᠨᠣᠶᠠᠳ ᠤᠨ ᠬᠠᠮᠳᠣ ᠶᠢᠨ ᠲᠡᠭᠡᠳᠣᠰ ᠪᠣᠯᠬᠤ ︽ᠬᠤᠷᠴᠢᠨ ᠬᠠᠰᠠᠷ︾᠂ ᠴᠢᠨ᠋ᠬᠠᠰᠢᠯᠠᠨ | ᠲᠡᠭᠦᠨ ᠤ ᠬᠦᠪᠡᠭᠦᠨ ᠶᠢᠰᠣᠩᠭᠡ ᠶᠢᠨ ᠣᠯᠠᠨ ᠠᠴᠠ ᠬᠡᠳᠦ᠋ᠢᠳᠦᠭᠰᠡᠨ ᠰᠣᠷ ᠬᠠᠷᠪᠣᠯᠭ᠎ᠠ ᠶᠢᠨ ᠮᠡᠷᠭᠡᠰᠢᠯ ᠨᠠᠷᠮᠠᠢ | ᠮᠣᠩᠭᠤᠯᠴᠣᠳ ᠤᠨ ᠲᠣᠮᠳᠠ ᠠᠯᠳᠠᠷᠰᠢᠵᠣ ᠬᠠᠰᠠᠷ ᠤᠨ ᠬᠤᠶᠢᠴᠢᠰ ᠪᠠᠰᠠ ᠲᠡᠭᠦᠨ ᠢ ᠵᠠᠯᠭᠠᠮᠵᠢᠯᠠᠵᠣ | ᠪᠠᠳᠠᠷᠠᠭᠤᠯᠣᠭᠰᠠ ᠠᠴᠠ᠂ ᠶᠣᠸᠠᠨ ᠣᠯᠣᠰ ᠨᠣᠷᠠᠵᠣ ᠮᠣᠩᠭᠤᠯ ᠤᠨ ᠦᠨᠳᠦᠷᠯᠢᠭ ᠲᠡᠭᠡᠷ᠎ᠡ ᠰᠢᠨ᠎ᠡ ᠣᠯᠣᠰ | ᠲᠦᠷᠦ ᠶᠢᠨ ᠬᠦᠴᠦᠨ ᠤ ᠲᠦᠮᠡᠨ ᠪᠣᠶᠣ ᠣᠯᠣᠰ ᠪᠣᠢ ᠪᠣᠯᠵᠣ ᠪᠦᠷᠢᠯᠳᠣᠬᠦ ᠦᠶ᠎ᠡ ᠳᠤ᠂ ᠬᠤᠷᠴᠢᠨ ᠨᠣᠶᠠᠳ ᠤᠨ | ᠬᠠᠮᠳᠣ ᠶᠢᠨ ᠲᠡᠭᠡᠳᠣᠰ ᠪᠣᠯᠬᠤ ᠬᠠᠪᠣᠳᠣ ᠬᠠᠰᠠᠷ ᠤᠨ ︽ᠬᠤᠷᠴᠢᠨ︾ ᠬᠡᠬᠦ ᠴᠣᠯᠠ ᠨᠢ ᠬᠠᠰᠠᠷ ᠤᠨ ᠬᠤᠶᠢᠴᠢᠰ | ᠨᠣᠶᠠᠯᠬᠠᠰᠠᠨ ᠠᠶᠢᠮᠠᠭ ᠢᠷᠭᠡᠳ ᠤᠨ ᠢᠷᠠᠭᠤ ᠠᠯᠳᠠᠷ ᠪᠠ ᠨᠡᠶᠢᠳᠡ ᠶᠢᠨ ᠨᠡᠷᠡᠶᠢᠳᠣᠯᠭᠡ ᠪᠣᠯᠵᠣ ᠮᠣᠩᠭᠤᠯᠴᠣᠳ ᠤᠨ | ᠲᠣᠮᠳᠠ ᠠᠯᠳᠠᠷᠰᠢᠠᠨᠰᠠᠨ ᠪᠠᠶᠢᠨ᠎ᠠ ᠬᠡᠵᠣ ᠲᠠᠶᠢᠯᠪᠣᠷᠢᠯᠠᠨ ᠶᠠᠷᠢᠨ᠎ᠠ᠃ | ᠬᠤᠷᠴᠢᠨ ᠠᠶᠢᠮᠠᠭ ᠤᠨ ᠢᠵᠠᠭᠤᠷ ᠤᠨ ᠲᠣᠯᠭᠤᠷ ᠡᠪᠦᠭᠡ ᠪᠣᠯ ᠬᠠᠪᠣᠳᠣ ᠬᠠᠰᠠᠷ ᠶᠤᠮ᠃ ᠬᠠᠪᠣᠳᠣ ᠬᠠᠰᠠᠷ | 1164 ᠣᠨ ᠳᠤ ᠣᠨᠣᠨ ᠮᠦᠷᠡᠨ ᠤ ᠲᠡᠯᠢᠭᠦᠨ ᠪᠣᠯᠳᠠᠭ ᠲᠤ ᠶᠢᠰᠣᠭᠡᠢ ᠪᠠᠭᠠᠳᠣᠷ ᠤᠨ ᠬᠤᠶᠠᠳᠣᠭᠠᠷ ᠬᠦᠣ ᠪᠣᠯᠣᠨ | ᠮᠡᠨᠳᠣᠯᠡᠵᠣ᠂ ᠴᠢᠩᠭᠢᠰ ᠬᠠᠭᠠᠨ ᠤ ᠲᠡᠭᠦᠤ ᠪᠣᠯᠣᠨ ᠵᠠᠶᠠᠭᠠᠵᠠᠢ᠃ | ᠬᠠᠰᠠᠷ ᠤᠨ ᠦᠮᠴᠢ ᠢᠷᠭᠡᠨ ᠤ ᠣᠣᠭᠠᠯ ᠨᠣᠳᠤᠭ ᠨᠢ ᠮᠣᠩᠭᠤᠯ ᠤᠨ ᠦᠨᠳᠦᠷᠯᠢᠭ ᠤᠨ ᠵᠡᠭᠦᠨ ᠬᠤᠶᠢᠳᠣᠬᠢ | ᠡᠷᠭᠦᠨ᠎ᠠ ᠭᠤᠣᠯ᠂ ᠬᠦᠯᠤᠨ ᠨᠠᠭᠤᠷ᠂ ᠬᠠᠶᠢᠯᠠᠷ ᠭᠤᠣᠯ ᠲᠠᠭᠠᠣ ᠣᠷᠣᠨ ᠪᠣᠯᠣᠨ᠎ᠠ᠃ 15 ᠳ᠋ᠤᠭᠠᠷ ᠵᠠᠭᠤᠨ ᠤ | ᠲᠡᠷᠢᠭᠦᠨ ᠬᠠᠭᠠᠰ ᠲᠤ ︵1432 — — 1433︶ ᠠᠳᠠᠢ ᠬᠠᠭᠠᠨ ᠤ ᠲᠠᠭᠠᠭᠤᠯᠭ᠎ᠠ ᠪᠠᠷ ᠬᠦᠯᠤᠨ | ᠪᠤᠶᠢᠷ ᠤᠨ ᠨᠣᠳᠤᠭ ᠠᠴᠠ ᠠᠩᠬ᠎ᠠ ᠣᠳᠠᠭ᠎ᠠ ᠨᠣᠨ ᠮᠦᠷᠡᠨ ᠤ ᠣᠷᠣᠰᠬᠠᠯ ᠲᠠᠭᠠᠤ ᠣᠷᠣᠨ ᠢᠶᠠᠷ ᠨᠡᠭᠦᠳᠡᠯᠯᠡᠨ | ᠰᠠᠭᠤᠷᠢᠰᠢᠵᠣ᠂ ᠨᠣᠨ ᠬᠤᠷᠴᠢᠨ ᠬᠡᠬᠦ ᠨᠡᠷᠡᠶᠢᠳᠣᠯ ᠠᠩᠬ᠎ᠠ ᠪᠣᠢ ᠪᠣᠯᠵᠠᠢ᠃ 1438 — — 1469 ᠣᠨ ᠤ | ᠬᠤᠭᠤᠷᠣᠨᠳᠣ ᠬᠤᠷᠴᠢᠨ ᠠᠶᠢᠮᠠᠭ ᠤᠨ ᠰᠢᠭᠦᠰᠣᠳᠠᠢ ᠪᠠᠭᠠᠳᠣᠷ ᠬᠢᠭᠡᠳ ᠪᠣᠯᠣᠨᠢ ᠸᠠᠩ ᠣᠷᠢᠳ ᠬᠤᠵᠢᠳ ᠬᠤᠶᠠᠷ | ᠣᠳᠠᠭ᠎ᠠ ᠨᠣᠨ ᠮᠦᠷᠡᠨ ᠤ ᠣᠷᠣᠰᠬᠠᠯ ᠲᠠᠭᠠᠤ ᠨᠡᠭᠦᠳᠡᠯᠯᠡᠨ ᠰᠠᠭᠤᠷᠢᠰᠢᠪᠠ᠃ ᠪᠣᠯᠣᠨᠢ ᠸᠠᠩ ᠤᠨ ᠬᠤᠶᠠᠳᠣᠭᠠᠷ | ᠬᠦᠪᠡᠭᠦᠨ ᠲᠦᠮᠠᠢ ᠵᠠᠶᠠᠭᠠᠴᠢ ᠶᠢᠨ ᠠᠬᠠᠮᠠᠳ ᠬᠦᠣ ᠭᠦᠢᠮᠦᠩᠬᠡ ᠲᠠᠰᠬᠠᠷ᠎ᠠ ᠨᠣᠨ ᠮᠦᠷᠡᠨ ᠤ ᠣᠷᠣᠰᠬᠠᠯ ᠲᠠᠭᠤ | ᠣᠷᠣᠨ ᠢ ᠡᠵᠡᠯᠡᠨ ᠨᠣᠨ ᠬᠤᠷᠴᠢᠨ ᠠᠶᠢᠮᠠᠭ ᠪᠦᠷᠢᠯᠳᠣᠵᠡᠢ᠃ ᠭᠦᠢᠮᠦᠩᠬᠡ ᠲᠠᠰᠬᠠᠷ᠎ᠠ ᠶᠢᠨ ᠦᠶ᠎ᠡ ︵1522 — | — 1567︶ ᠳᠤ ᠨᠣᠨ ᠬᠤᠷᠴᠢᠨ ᠠᠶᠢᠮᠠᠭ ᠲᠦᠯᠤᠪᠰᠢᠷᠡᠨ ᠲᠣᠠᠨᠳᠠᠪᠠ᠃ 16 ᠳ᠋ᠤᠭᠠᠷ ᠵᠠᠭᠤᠨ ᠤ ᠲᠣᠮᠳᠠᠴᠢ | ᠦᠶ᠎ᠡ ᠪᠠᠷ ᠭᠦᠢᠮᠦᠩᠬᠡ ᠲᠠᠰᠬᠠᠷ᠎ᠠ ᠬᠤᠷᠴᠢᠨ ᠠᠶᠢᠮᠠᠭ ᠢᠶᠠᠨ ᠲᠠᠭᠠᠭᠤᠯᠵᠣ᠂ ᠨᠣᠨ ᠮᠦᠷᠡᠨ ᠤ ᠣᠷᠣᠰᠬᠠᠯ ᠲᠠᠭᠠᠤ | ᠣᠷᠣᠨ ᠠᠴᠠ ᠡᠮᠣᠨᠡᠰᠢ ᠨᠡᠭᠦᠳᠠᠯᠯᠡᠵᠣ᠂ ᠮᠢᠩ ᠣᠯᠣᠰ ᠤᠨ ᠯᠢᠶᠣᠣ ᠳ᠋ᠦᠩ ᠤᠨ ᠬᠢᠯᠢ ᠬᠢᠵᠠᠭᠠᠷ᠂ ᠰᠢᠷᠠᠮᠦ᠋ᠷᠡᠨ ᠤ | ᠲᠡᠭᠡᠳᠣ ᠣᠷᠣᠰᠬᠠᠯ ᠲᠠᠭᠠᠣ ᠣᠷᠣᠨ ᠳᠤ ᠰᠠᠭᠤᠷᠢᠰᠢᠵᠠᠢ᠃ ᠰᠡᠭᠦᠯ ᠳᠤ ᠨᠣᠨ ᠬᠤᠷᠴᠢᠨ ᠤ ᠡᠮᠣᠨ᠎ᠡ ᠬᠡᠰᠡᠭ ᠤᠨ | ᠨᠠᠮᠣᠰᠢ ᠨᠣᠶᠠᠨ ᠤ ᠬᠦᠪᠡᠭᠦᠨ ᠡᠮᠣᠨᠡᠰᠢᠯᠡᠵᠣ᠂ ᠬᠤᠷᠴᠢᠨ ᠵᠡᠭᠦᠨ ᠭᠠᠷᠣᠨ ᠭᠤᠷᠪᠠᠨ ᠬᠤᠰᠢᠭᠤ ᠶᠢᠨ ᠭᠠᠵᠠᠷ ᠢ | ᠡᠵᠡᠯᠡᠨ ᠰᠠᠭᠤᠷᠢᠰᠢᠭᠠᠳ᠂ ᠴᠢᠩ ᠣᠯᠣᠰ ᠤᠨ ᠦᠶ᠎ᠡ ᠳᠠᠬᠢ ᠵᠢᠷᠢᠮ ᠤᠨ ᠴᠢᠭᠤᠯᠭᠠᠨ ᠤ ᠨᠣᠨ ᠠᠷᠪᠠᠨ | ᠬᠤᠰᠢᠭᠤ ᠶᠢᠨ ᠭᠠᠵᠠᠷ ᠵᠦᠢ ᠶᠢᠨ ᠪᠠᠶᠢᠷᠢᠰᠢᠯ ᠲᠣᠠᠨᠳᠠᠪᠠ᠃ ᠨᠣᠨ ᠠᠷᠪᠠᠨ ᠬᠤᠰᠢᠭᠤ ᠳᠤ ᠲᠦᠰᠢᠶᠡᠳᠣ ᠬᠤᠰᠢᠭᠤ᠂ | ᠲᠠᠷᠬᠠᠨ ᠬᠤᠰᠢᠭᠤ᠂ ᠵᠠᠰᠬᠠᠳᠣ ᠬᠤᠰᠢᠭᠤ᠂ ᠪᠢᠩᠳᠣ ᠬᠤᠰᠢᠭᠤ᠂ ᠪᠦᠸᠧ ᠸᠠᠩ ᠬᠤᠰᠢᠭᠤ᠂ ᠭᠦᠩ ᠤᠨ ᠬᠤᠰᠢᠭᠤ | ᠂ ᠵᠠᠯᠠᠶᠢᠳ ᠬᠤᠰᠢᠭᠤ᠂ ᠲᠦᠷᠪᠡᠳ ᠬᠤᠰᠢᠭᠤ᠂ ᠭᠤᠷᠯᠣᠰ ᠤᠨ ᠡᠮᠣᠨᠡᠳᠣ ᠬᠤᠰᠢᠭᠤ᠂ ᠭᠤᠷᠯᠣᠰ ᠤᠨ ᠬᠤᠶᠢᠳᠣ | ᠬᠤᠰᠢᠭᠤ ᠪᠠᠭᠳᠠᠵᠣ ᠪᠣᠢ᠃ ᠨᠣᠨ ᠠᠷᠪᠠᠨ ᠬᠤᠰᠢᠭᠤ ᠶᠢᠨ ᠨᠣᠳᠤᠭ ᠢ ᠵᠠᠩᠰᠢᠯ ᠢᠶᠠᠷ ︽ᠬᠤᠷᠴᠢᠨ ᠨᠣᠳᠤᠭ︾ | ᠬᠡᠮᠡᠵᠣ᠂ ᠬᠤᠷᠴᠢᠨ ᠬᠡᠬᠦ ᠠᠶᠢᠮᠠᠭ ᠤᠨ ᠨᠡᠷᠡᠶᠢᠳᠣᠯ᠂ ᠭᠠᠵᠠᠷ ᠣᠷᠣᠨ ᠤ ᠨᠡᠷᠡᠶᠢᠳᠣᠯ ᠪᠣᠯᠵᠣ᠂ ᠬᠤᠶᠠᠳᠠᠮᠠᠯ | ᠣᠳᠬ᠎ᠠ ᠲᠠᠢ ᠪᠣᠯᠣᠨ ᠬᠤᠪᠢᠷᠠᠪᠠ᠃ ᠡᠳᠣᠭᠡ ᠬᠤᠷᠴᠢᠨ ᠨᠣᠳᠤᠭ ᠲᠤ ᠵᠢᠷᠢᠮ ᠠᠶᠢᠮᠠᠭ᠂ ᠬᠢᠩᠭᠠᠨ ᠠᠶᠢᠮᠠᠭ ᠤᠨ | ᠡᠯ᠎ᠡ ᠬᠤᠰᠢᠭᠤ᠂ ᠰᠢᠶᠠᠨ᠂ ᠬᠤᠳᠠ ᠶᠢ ᠪᠠᠭᠳᠠᠭᠠᠨ ᠦᠵᠡᠵᠣ ᠪᠣᠢ᠃ | |