ᠲᠦᠷᠪᠡᠨ ᠤᠳᠠᠰᠤᠳᠦ ᠬᠤᠭᠤᠷ ᠤᠨ ᠲᠤᠮᠤᠭ ᠦᠯᠢᠭᠡᠷ
ᠨᠡᠶᠢᠲᠡᠯᠡᠭᠰᠡᠨ ᠴᠠᠭ᠄
2018-07-06
   ᠲᠦᠷᠪᠡᠨ ᠤᠳᠠᠰᠦᠳᠤ ᠬᠤᠭᠤᠷ ᠭᠡᠪᠡᠯ ᠮᠠᠨ ᠤ ᠮᠤᠩᠭᠤᠯ ᠦᠨᠳᠦᠰᠦᠳᠠᠨ ᠤ ᠠᠮᠢᠳᠤᠷᠠᠯ ᠤᠨ ᠬᠠᠨᠢ᠂ ᠠᠶᠠᠯᠭᠤ  ᠬᠦᠭᠵᠢᠮ ᠤᠨ ᠭᠤᠤᠯᠴᠢ᠂ ᠠᠶᠢᠯ ᠠᠶᠢᠮᠠᠭ ᠤᠨ ᠬᠤᠭᠤᠷᠤᠨᠳᠤᠬᠢ ᠡᠶ᠎ᠡ ᠨᠠᠶᠢᠷ ᠤᠨ ᠬᠦᠬᠦᠷᠬᠡ ᠠᠵᠦ ᠠᠮᠢᠳᠤᠷᠠᠯ ᠤᠨ  ᠬᠦᠭᠵᠢᠯᠳᠠ ᠶᠢᠨ ᠬᠦᠭ ᠠᠶᠢᠵᠠᠮ ᠪᠤᠯᠬᠤ ᠲᠦᠷᠪᠡᠨ ᠤᠳᠠᠰᠤᠳᠦ ᠬᠤᠭᠤᠷ ᠶᠤᠮ ᠡ᠃    ᠲᠦᠷᠪᠡᠨ ᠤᠳᠠᠰᠦᠳᠤ ᠬᠤᠭᠤᠷ ᠪᠤᠯ ᠮᠠᠨ ᠤ ᠮᠤᠩᠭᠤᠯ ᠦᠨᠳᠦᠰᠦᠳᠠᠨ ᠤ ᠲᠡᠤᠬᠡᠨ ᠠᠴᠠ ᠠᠪᠤᠭᠠᠳ ᠠᠶᠢᠯ  ᠪᠤᠯᠭᠠᠨ ᠳᠤ ᠲᠤᠳᠠᠭᠳᠠᠵᠦ ᠪᠤᠯᠤᠰᠢ ᠦᠬᠡᠢ᠂ ᠶᠡᠭᠡ ᠪᠦᠳᠦᠭᠦᠨ ᠤᠳᠠᠰᠤᠳᠦ ᠬᠤᠭᠤᠷ᠂ ᠲᠤᠮᠳᠠ ᠤᠳᠠᠰᠦᠳᠦ  ᠬᠤᠭᠤᠷ᠂ ᠨᠠᠷᠢᠨ ᠤᠳᠠᠰᠦᠳᠦ ᠬᠤᠭᠤᠷ ᠭᠡᠵᠦ ᠶᠡᠷᠦ ᠳᠤ ᠡᠶᠢᠮᠦ ᠭᠤᠷᠪᠡᠨ ᠵᠦᠢᠯ ᠢᠶᠠᠷ ᠪᠠᠶᠢᠳᠠᠭ᠃ ᠲᠡᠭᠡᠪᠡᠯ᠂  ᠲᠡᠬᠦᠨ ᠤ ᠠᠶᠠᠯᠭᠤ ᠨᠢ ᠴᠦ ᠲᠠᠭᠤᠨ ᠤ ᠠᠶᠠᠯᠭᠤ ᠶᠢᠨ ᠨᠤᠲ ᠢᠶᠠᠨ ᠲᠠᠭᠠᠵᠦ ᠬᠤᠪᠢᠷᠠᠳᠠᠭ᠂ ᠠᠷᠠᠳ ᠤᠨ ᠠᠮᠠᠨ  ᠶᠠᠷᠢᠶᠠᠨ ᠳᠤ ᠰᠠᠶᠢᠨ ᠲᠠᠳᠠᠬᠤ ᠬᠤᠭᠤᠷ ᠤᠨ ᠡᠭᠡᠰᠢᠭ ᠲᠤ ᠲᠡᠭᠡᠬᠦᠷ ᠨᠢᠰᠴᠦ ᠭᠠᠷᠬᠤ ᠭᠠᠯᠠᠭᠤ ᠰᠤᠨᠤᠰᠪᠠᠯ ᠬᠤᠶᠠᠷ  ᠵᠢᠬᠦᠷ ᠢᠶᠠᠨ ᠬᠦᠳᠡᠯᠭᠡᠬᠦ ᠪᠠᠨ ᠮᠠᠷᠳᠠᠴᠢᠬᠠᠳᠠᠭ ᠭᠡᠵᠦ ᠶᠠᠷᠢᠳᠠᠭ ᠰᠠᠨ᠂ ᠡᠨᠡ ᠪᠤᠯ ᠦᠨᠡᠨ ᠤᠴᠢᠷ ᠶᠤᠮ ᠡ︕ ᠮᠠᠨ ᠤ ᠮᠤᠩᠭᠤᠯᠴᠤᠳ ᠲᠦᠷᠪᠡᠨ ᠤᠳᠠᠰᠦᠳᠤ ᠬᠤᠭᠤᠷ ᠢᠶᠠᠨ ᠲᠦᠢᠯ ᠢᠶᠠᠷ ᠬᠠᠶᠢᠷᠠᠯᠠᠳᠠᠭ᠃ ᠬᠡᠷᠪᠡ ᠬᠤᠭᠤᠷ  ᠪᠠᠶᠢᠪᠠᠯ ᠭᠡᠷ ᠤᠨ ᠬᠠᠨ᠎ᠠ ᠶᠢᠨ ᠲᠡᠭᠡᠷ᠎ᠠ ᠪᠠᠨ ᠲᠡᠭᠡᠭᠰᠢ ᠡᠯᠬᠦᠳᠡᠭ᠃ ᠲᠡᠭᠡᠪᠡᠯ ᠦᠩᠭᠡᠷᠡᠭᠰᠡᠨ ᠦᠶ᠎ᠠ ᠳᠤ ᠬᠤᠭᠤᠷ ᠢ  ᠡᠷᠡᠭᠳᠠᠢ ᠬᠦᠮᠦᠨ ᠲᠠᠳᠠᠳᠠᠭ᠂ ᠡᠮᠡᠭᠳᠠᠢ ᠬᠦᠮᠦᠨ ᠢ ᠬᠤᠭᠤᠷ ᠰᠤᠷᠭᠠᠬᠤ ᠦᠬᠡᠢ ᠤᠴᠢᠷ ᠰᠢᠯᠳᠠᠭᠠᠨ ᠨᠢ ᠡᠮᠡᠭᠳᠠᠢ  ᠬᠦᠮᠦᠨ ᠬᠤᠭᠤᠷ ᠲᠠᠳᠠᠪᠠᠯ ᠮᠠᠭᠤ ᠢᠷᠸ᠎ᠠ ᠪᠤᠯᠤᠨ᠎ᠠ ᠭᠡᠵᠦ ᠠᠶᠤᠯᠭᠠᠳᠠᠭ᠂ ᠦᠨᠡᠨ ᠳᠡᠭᠡᠨ ᠲᠡᠶᠢᠮᠦ ᠤᠴᠢᠷ ᠪᠢᠰᠢ᠃  ︽ᠲᠦᠷᠪᠡᠨ ᠤᠳᠠᠰᠦᠳᠤ ᠬᠤᠭᠤᠷ ᠪᠤᠯ ᠷᠢᠳᠢ ᠰᠢᠳᠢ ᠲᠠᠢ ᠬᠤᠪᠢᠯᠭᠠᠨ ᠤᠷᠤᠰᠢᠵᠦ ᠪᠠᠶᠢᠭ᠎ᠠ︾ ᠭᠡᠵᠦ ᠡᠨᠡᠬᠦ  ᠪᠢᠰᠢᠷᠡᠯ ᠢᠶᠠᠨ ᠬᠠᠮᠠᠭᠠᠯᠠᠬᠤ ᠶᠢᠨ ᠲᠤᠯᠠ ᠬᠠᠭᠤᠴᠢᠨ ᠨᠡᠶᠢᠭᠡᠮ ᠳᠤ ᠪᠠᠶᠢᠷᠢ ᠰᠠᠭᠤᠷᠢ ᠦᠭᠡᠢ ᠡᠮᠡᠭᠳᠠᠢ ᠬᠦᠮᠦᠨ ᠢ  ᠲᠤᠷᠤᠮᠵᠢᠯᠠᠬᠤ ᠳᠠᠭᠠᠨ ᠲᠡᠶᠢᠮᠦᠷᠬᠦ ᠢᠷᠸ᠎ᠠ ᠪᠠᠷ ᠠᠶᠤᠯᠭᠠᠵᠦ ᠬᠤᠷᠢᠬᠯᠠᠳᠠᠭ᠃ ᠲᠡᠭᠡᠪᠡᠯ ᠮᠠᠨ ᠤ ᠮᠤᠩᠭᠤᠯ  ᠦᠨᠳᠦᠰᠦᠳᠠᠨ ᠶᠠᠭᠤᠨ ᠳᠤ ᠢᠩᠬᠢᠵᠦ ᠬᠤᠭᠤᠷ ᠢᠶᠠᠨ ᠬᠦᠨᠳᠦᠳᠭᠡᠵᠦ ᠬᠠᠶᠢᠷᠠᠯᠠᠳᠠᠭ ᠪᠤᠢ︖ ᠭᠡᠪᠡᠯ᠄ ︽ᠬᠤᠭᠤᠷ  ᠪᠤᠯ ᠤᠭ ᠢᠵᠠᠭᠤᠷ ᠲᠤ ᠪᠠᠨ ᠨᠢᠭᠡᠨ ᠵᠦᠢᠯ ᠤᠨ ᠡᠪᠡᠳᠴᠢᠨ ᠵᠠᠰᠠᠬᠤ ᠡᠷᠳᠡᠨᠢ ᠶᠢᠨ ᠷᠢᠳᠢ ᠰᠢᠳᠢᠳᠦ ᠬᠦᠭᠵᠢᠮ ᠤᠨ  ᠪᠠᠭᠠᠵᠢ ᠶᠤᠮ ᠡ︾᠃    ᠡᠷᠳᠡ ᠤᠷᠢᠳᠦ ᠴᠠᠭ ᠲᠤ ᠨᠢᠭᠡᠨ ᠠᠶᠢᠯ ᠤᠨ ᠬᠠᠶᠢᠷᠠᠳᠠᠢ ᠬᠡᠤᠬᠡᠨ ᠨᠢ ᠰᠡᠳᠭᠢᠯ ᠤᠨ ᠡᠪᠡᠳᠴᠢᠨ ᠤᠯᠤᠭᠠᠳ  ᠡᠮ ᠲᠠᠩ ᠴᠦ ᠬᠡᠷᠡᠭ ᠦᠬᠡᠢ ᠡᠷᠳᠡᠨᠢ ᠶᠢᠨ ᠦᠷᠢᠯ ᠴᠦ ᠠᠮᠢ ᠶᠢ ᠨᠢ ᠠᠪᠤᠷᠠᠵᠦ ᠴᠢᠳᠠᠬᠤ ᠦᠬᠡᠢ ᠪᠤᠯᠵᠦ ᠭᠡᠷ ᠤᠨ  ᠬᠦᠮᠦᠰ ᠨᠢ ᠠᠷᠭ᠎ᠠ ᠦᠬᠡᠢ ᠭᠠᠴᠢᠭᠳᠠᠬᠤ ᠳᠠᠭᠠᠨ ᠬᠤᠭᠤᠷ ᠵᠤᠬᠢᠶᠠᠵᠦ ᠡᠳᠦᠷ ᠢ ᠦᠩᠬᠡᠷᠡᠭᠡᠨ᠂ ᠴᠠᠭ ᠢ ᠨᠢ  ᠬᠦᠯᠢᠶᠡᠵᠦ ᠪᠠᠶᠢᠬᠤ ᠳᠠᠭᠠᠨ ᠡᠲᠦᠷ ᠪᠦᠷᠢ ᠡᠬᠦᠳᠠᠨ ᠭᠠᠳᠠᠨ᠎ᠠ ᠨᠢ ᠰᠠᠭᠤᠵᠦ ᠲᠦᠷᠪᠡᠨ ᠤᠳᠠᠰᠦᠳᠤ ᠬᠤᠭᠤᠷ  ᠲᠠᠳᠠᠭᠰᠠᠨ ᠴᠢᠨᠢ ᠨᠢᠬᠡᠨ ᠡᠳᠦᠷ ᠦᠬᠦᠮᠡᠷ ᠪᠤᠯᠤᠭᠰᠠᠨ ᠬᠡᠤᠬᠡᠨ ᠨᠢ ᠶᠡᠭᠡ ᠲᠠᠭᠤᠨ ᠢᠶᠠᠷ ᠡᠪᠴᠢᠬᠦᠦ ᠪᠠᠨ ᠲᠡᠯᠡᠰᠤᠨ  ᠨᠢᠬᠡᠨ ᠵᠡᠷᠭᠡ ᠤᠬᠢᠯᠠᠵᠦ ᠭᠠᠰᠢᠭᠤᠨ ᠨᠢᠯᠪᠤᠰᠤ ᠨᠢ ᠲᠡᠪᠡᠯ ᠤᠨ ᠡᠩᠬᠡᠷ ᠢ ᠨᠢ ᠲᠡᠪᠳᠦᠭᠡᠵᠦ᠂ ᠪᠦᠬᠦ ᠪᠡᠶ᠎ᠠ ᠠᠴᠠ ᠨᠢ  ᠬᠦᠯᠦᠰᠦ ᠭᠠᠷᠴᠦ ᠪᠡᠶ᠎ᠠ ᠶᠢ ᠨᠢ ᠤᠬᠢᠶᠠᠵᠦ᠂ ᠮᠦᠨ ᠡᠳᠦᠷ ᠠᠴᠠ ᠡᠬᠢᠯᠡᠨ ᠳᠡᠷᠡ ᠬᠡᠤᠬᠡᠨ ᠤ ᠪᠡᠶ᠎ᠠ ᠨᠢ ᠡᠳᠦᠷ ᠠᠴᠠ  ᠡᠳᠦᠷ ᠲᠡᠩᠭᠡᠭᠡᠷᠡᠵᠦ᠂ ᠬᠦᠮᠦᠨ ᠪᠤᠯᠵᠦ ᠭᠡᠨ᠎ᠠ᠃ ᠳᠡᠷᠡ ᠴᠠᠭ ᠦᠶ᠎ᠠ ᠠᠴᠠ ᠲᠦᠷᠪᠡᠨ ᠤᠳᠠᠰᠦᠳᠤ ᠬᠤᠭᠤᠷ ᠭᠡᠵᠦ  ᠮᠠᠨ ᠤ ᠮᠤᠩᠭᠤᠯ ᠦᠨᠳᠦᠰᠦᠳᠠᠨ ᠤ ᠳᠤᠮᠳᠠ ᠲᠡᠯᠭᠡᠷᠡᠨ ᠬᠦᠭᠵᠢᠭᠰᠡᠨ ᠭᠡᠨ᠎ᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号