ᠡᠮᠡᠭᠡᠯ ᠤᠨ ᠤᠯᠠᠨ ᠶᠠᠩᠵᠦ ᠭᠡᠯᠪᠡᠷᠢ ᠪᠡ ᠤᠷᠤᠨ ᠨᠤᠳᠤᠭ ᠤᠨ ᠤᠨᠴᠡᠯᠢᠬ
ᠨᠡᠶᠢᠲᠡᠯᠡᠭᠰᠡᠨ ᠴᠠᠭ᠄
2018-07-06
   ᠡᠮᠡᠭᠡᠯ ᠤᠨ ᠭᠢᠴᠡ ᠭᠡᠯᠪᠡᠷᠢ ᠨᠢ ᠴᠤ ᠠᠳᠠᠯᠢ ᠪᠤᠰᠤ ᠶᠢᠨ ᠭᠡᠷᠡᠭᠴᠡᠭᠡ ᠪᠡ ᠤᠷᠤᠨ ᠨᠤᠳᠤᠭ ᠤᠨ ᠤᠨᠴᠠᠯᠢᠭ ᠲᠤ  ᠰᠢᠯᠳᠠᠭᠠᠯᠠᠭᠳᠡᠵᠦ ᠠᠳᠠᠯᠢ ᠪᠤᠰᠤ ᠶᠢᠨ ᠨᠡᠷ᠎ᠡ ᠳᠠᠭᠤᠳᠠᠯᠭ᠎ᠠ ᠲᠠᠢ ᠤᠯᠠᠨ ᠶᠠᠩᠵᠦ ᠭᠡᠯᠪᠡᠷᠢ ᠲᠠᠢ ᠪᠤᠯᠤᠬᠰᠠᠠ ᠪᠠᠶᠢᠳᠠᠭ᠃ ᠭᠡᠷᠡᠭᠴᠡᠭᠡᠨ ᠤ ᠳᠠᠯ᠎ᠠ ᠠᠴᠠ ᠦᠵᠡᠭᠦ ᠳᠤ ᠡᠩ ᠤᠨ ᠡᠮᠡᠭᠡᠯ᠂ ᠠᠪᠠ ᠭᠦᠷᠦᠭᠡ ᠨ᠊ ᠳᠤ ᠳᠤᠬᠤᠬᠤ ᠡᠮᠡᠭᠡᠯ᠂ ᠶᠠᠭᠤᠮ᠎ᠠ  ᠠᠴᠢᠬᠤ ᠡᠮᠡᠭᠡᠯ ︵ᠮᠤᠷᠢᠨ ᠵᠢᠩ︶᠂ ᠤᠷᠤᠯᠳᠤᠭᠠᠨ ᠮᠤᠷᠢᠨ ᠤ ᠡᠮᠡᠭᠡᠯ᠂ ᠭᠡᠤᠭᠡᠳ ᠤᠨ ᠡᠮᠡᠭᠡᠯ᠂  ᠪᠦᠰᠡᠭᠦ᠋ᠢᠴᠤᠳ ᠤᠨ ᠡᠮᠡᠭᠡᠯ ᠭᠡᠵᠦ ᠪᠠᠶᠢᠳᠠᠭ᠃ ᠡᠨᠡ ᠨᠢ ᠬᠠᠷᠢᠴᠡᠩᠭᠤᠢ ᠳᠤᠷᠠᠳᠤᠭᠰᠠᠠ ᠳᠡᠳᠦᠢ ᠪᠤᠯᠬᠤ ᠠᠴᠠ  ᠪᠢᠰᠢ ᠵᠡᠪᠡᠯ ᠳᠤᠭᠢᠷᠠᠭᠤᠯᠵᠦ ᠡᠳ᠋ᠯᠡᠨ᠎ᠡ ᠭᠡᠰᠡᠡ ᠤᠴᠢᠷ ᠦᠭᠡᠢ᠃ ᠨᠤᠳᠤᠭ ᠤᠷᠤᠨ ᠤ ᠳᠠᠯ᠎ᠠ ᠠᠴᠠ ᠬᠠᠯᠬ᠎ᠠ ᠡᠮᠡᠭᠡᠯ᠂  ᠴᠠᠬᠠᠷ ᠡᠮᠡᠭᠡᠯ᠂ ᠠᠪᠠᠭ᠎ᠠ ᠰᠦᠨᠢᠳ ᠡᠮᠡᠭᠡᠯ᠂ ᠦᠵᠦᠮᠦᠴᠢᠨ ᠡᠮᠡᠭᠡᠯ᠂ ᠬᠤᠷᠴᠢᠨ ᠡᠮᠡᠭᠡᠯ᠂ ᠪᠠᠷᠭᠤ ᠪᠤᠷᠢᠶᠡᠳ ᠡᠮᠡᠭᠡᠯ  ᠭᠡᠵᠦ ᠭᠢᠴᠡ᠂ ᠪᠦᠭᠦᠷᠭᠡ ᠶᠢᠨ ᠶᠠᠩᠵᠦ ᠭᠡᠯᠪᠡᠷᠢ ᠨᠢ ᠬᠤᠭᠤᠷᠤ ᠬᠤᠭᠤᠷᠤᠨᠳᠤ ᠪᠠᠨ ᠪᠠᠭ᠎ᠠ ᠢᠯᠭᠠᠭ᠎ᠠ ᠲᠠᠢ᠂ ᠦᠪᠡᠷ  ᠦᠪᠡᠷ ᠤᠨ ᠤᠨᠴᠡᠯᠢᠬ ᠲᠠᠢ ᠪᠠᠶᠢᠳᠠᠬ᠃ ᠭᠡᠪᠡᠴᠤ ᠡᠮᠡᠭᠡᠯ ᠤᠨ ᠳᠤᠨᠤᠭᠯᠠᠯ ᠨᠢ ᠦᠨᠳᠦᠰᠦᠨ ᠳᠡᠭᠡᠨ ᠠᠳᠠᠯᠢᠪᠳᠤᠷ  ᠪᠠᠶᠢᠵᠦ᠂ ᠠᠰᠢᠬᠯᠠᠬᠰᠠᠠ ᠮᠠᠲᠧᠷᠢᠶᠠᠯ ᠨᠢ ᠵᠡᠷᠢᠮ ᠳᠤᠨᠤᠬᠯᠠᠯ ᠳᠡᠭᠡᠷ᠎ᠡ ᠪᠠᠨ ᠠᠳᠠᠯᠢ ᠪᠤᠰᠤ ᠪᠤᠶᠤ ᠢᠯᠡᠭᠦᠦ  ᠳᠤᠳᠠᠭᠤ ᠶᠢᠨ ᠵᠦᠷᠢᠶᠡᠨ ᠭᠠᠷᠳᠠᠭ᠃ ᠵᠢᠱᠢᠶᠡᠯᠡᠪᠡᠯ᠄ ᠴᠠᠬᠠᠷ ᠡᠮᠡᠭᠡᠯ ᠨᠢ ᠪᠤᠭᠤᠨᠢᠪᠳᠤᠷ ᠦᠷᠭᠡᠨ ᠪᠦᠭᠦᠷᠭᠡ᠂  ᠠᠭᠤᠵᠢᠮ ᠰᠠᠭᠤᠳᠠᠯ ᠲᠠᠢ᠂ ︽ᠳᠤᠯᠤᠨᠨᠠᠭᠤᠷ ᠡᠮᠡᠭᠡᠯ︾ ︵ᠳᠤᠯᠤᠨ ᠨᠤᠤᠷ ᠰᠢᠶᠡᠨ ᠤ ᠡᠮᠡᠭᠡᠯ ᠤᠨ ᠦᠢᠯᠡᠳᠪᠦᠷᠢ ᠨᠢ  ᠴᠢᠩ ᠤᠯᠤᠰ ᠤᠨ ᠦᠶ᠎ᠡ ᠠᠴᠠ ᠨᠡᠷᠡᠳᠡᠢ︶ ᠭᠡᠳᠡᠭ᠃ ᠬᠤᠷᠴᠢᠨ ᠡᠮᠡᠭᠡᠯ ᠨᠢ ᠭᠤᠵᠤᠭᠤᠷ ᠪᠦᠭᠦᠷᠭᠡ᠂ ᠢᠪᠴᠤᠤ  ᠰᠠᠭᠤᠳᠠᠯ ᠲᠠᠢ᠃ ᠡᠮᠤᠨ᠎ᠡ ᠪᠦᠭᠦᠷᠭᠡ ᠨᠢ ᠨᠠᠷᠢᠨ ᠱᠤᠪᠤᠭᠤᠷ ᠴᠤ ᠬᠤᠶᠢᠳᠤ ᠪᠦᠭᠦᠷᠭᠡ ᠨᠢ ᠠᠭᠤᠵᠢᠮ ᠳᠤᠭᠤᠷᠢᠭ  ᠭᠡᠯᠪᠡᠷᠢᠳᠡᠢ᠃ ᠰᠦᠨᠢᠳ ᠡᠮᠡᠭᠡᠯ ᠨᠢ ᠬᠠᠪᠳᠠᠭᠠᠢ ᠳᠦᠷᠪᠡᠯᠵᠢᠨ ᠳᠠᠯᠪᠠᠭᠠᠷ ᠪᠦᠷᠭᠦᠭᠡ ︵ᠡᠷᠭᠢᠭᠦᠦ ᠬᠤᠩᠭᠤ ᠭᠡᠳᠡᠭ︶  ᠲᠠᠢ᠂ ᠰᠠᠭᠤᠳᠠᠯ ᠨᠢ ᠠᠭᠤᠵᠢᠮ᠂ ᠬᠤᠶᠢᠳᠤ ᠪᠦᠭᠦᠷᠭᠡ ᠨᠢ ᠪᠠᠭ᠎ᠠ ᠨᠠᠯᠠᠤ ᠪᠦᠭᠡᠳ ᠮᠠᠳᠠᠷᠠᠬᠰᠠᠠ ᠭᠡᠯᠪᠡᠷᠢᠳᠡᠢ᠃  ᠠᠪᠠᠭ᠎ᠠ ᠠᠪᠠᠭ᠋ᠠᠨᠠᠷ ᠡᠮᠡᠭᠡᠯ ᠨᠢ ᠬᠤᠶᠠᠷ ᠪᠦᠭᠦᠷᠭᠡ ᠨᠢ ᠬᠠᠪᠳᠠᠭᠠᠢ ᠳᠦᠷᠪᠡᠯᠵᠢᠨ ᠪᠤᠰᠤᠭ᠎ᠠ᠂ ᠴᠢᠬᠤᠯ ᠰᠠᠭᠤᠳᠠᠯ ᠲᠠᠢ᠃ ᠬᠠᠯᠳᠦ ᠬᠠᠷᠠᠬᠤ ᠳᠤ ᠬᠤᠶᠠᠷ ᠪᠦᠭᠦᠷᠭᠡ ᠨᠢ ᠠᠳᠠᠯᠢᠪᠳᠤᠷ ᠪᠤᠯᠪᠠᠴᠤ ᠬᠤᠶᠢᠳᠤ ᠪᠦᠭᠦᠷᠭᠡ ᠨᠢ ᠠᠷᠤᠬᠰᠢ ᠪᠠᠨ ᠦᠯᠦ  ᠮᠡᠳᠡᠭᠳᠡᠮ᠎ᠡ ᠨᠠᠯᠠᠤ ᠪᠤᠶᠤ ᠪᠤᠭᠤᠨᠢ ᠪᠠᠶᠢᠳᠠᠬ᠃ ᠪᠤᠰᠤᠳ ᠭᠠᠵᠠᠷ ᠤᠨ ᠭᠦᠮᠦᠰ ︽ᠶᠤᠸᠠᠮᠪᠤᠤ ᠡᠮᠡᠭᠡᠯ︾ ᠴᠤ  ᠭᠡᠯᠡᠳᠡᠭ᠃ ᠦᠵᠦᠮᠦᠴᠢᠨ ᠬᠠᠭᠤᠴᠢᠳ ᠡᠮᠡᠭᠡᠯ ᠨᠢ ᠡᠮᠤᠨ᠎ᠡ ᠪᠦᠭᠦᠷᠭᠡ ᠨᠢ ᠠᠰ ᠱᠤᠪᠤᠭᠤᠷ᠂ ᠡᠮᠤᠨ᠎ᠡ  ᠪᠦᠭᠦᠷᠭᠡ ᠶᠢᠨ ᠮᠠᠩᠨᠠᠢ ᠨᠢ ᠨᠡᠯᠢᠶᠡᠳ ᠭᠦᠳᠦᠭᠦᠷ᠂ ᠰᠠᠭᠤᠳᠠᠯ ᠨᠢ ᠪᠤᠰᠤᠭ᠎ᠠ᠂ ᠬᠤᠶᠢᠳᠤ ᠪᠦᠭᠦᠷᠭᠡ ᠨᠢ  ᠠᠷᠤᠬᠰᠢ ᠪᠠᠨ ᠪᠠᠭ᠎ᠠ ᠨᠠᠯᠠᠤ ᠠᠭᠤᠵᠢᠮ ᠳᠤᠭᠤᠷᠢᠬ ᠬᠡᠯᠪᠡᠷᠢᠳᠡᠢ ᠪᠠᠶᠢᠳᠠᠬ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号