ᠴᠠᠢ ᠵᠠᠰᠠᠬᠤ ᠶᠤᠰᠤᠨ
ᠨᠡᠶᠢᠲᠡᠯᠡᠭᠰᠡᠨ ᠴᠠᠭ᠄
2018-07-06
   ᠴᠠᠢ ᠪᠤᠯ ᠲᠡᠯᠡᠭᠡᠢ ᠶᠢᠨ ᠭᠤᠷᠪᠠᠨ ᠶᠡᠭᠡ ᠤᠮᠳᠠᠭᠠᠠ ᠤ ᠨᠢᠭᠡ ᠪᠤᠯᠬᠤ ᠶᠤᠮ᠃ ᠮᠤᠩᠭᠤᠯᠴᠤᠳ ᠤᠨ ᠡᠳᠦᠷ  ᠲᠤᠳᠤᠮ ᠤᠨ ᠠᠮᠢᠳᠤᠷᠠᠯ ᠳᠤ ᠴᠠᠢ ᠲᠤᠳᠠᠬᠳᠠᠵᠤ ᠪᠤᠯᠤᠰᠢ ᠥᠬᠡᠢ ᠤᠮᠳᠠᠭᠠᠠ ᠪᠤᠯᠤᠨ᠎ᠠ᠃ ᠮᠤᠩᠭᠤᠯᠴᠤᠳ ᠢᠷᠡᠭᠰᠡᠨ  ᠵᠤᠴᠢᠨ ᠲᠠᠢ ᠪᠠᠨ ᠮᠡᠨᠳᠦᠴᠢᠯᠡᠬᠦ ᠶᠤᠰᠤ ᠪᠠᠨ ᠬᠦᠢᠴᠡᠳᠭᠡᠵᠦ ᠪᠠᠷᠠᠬᠰᠠᠠ ᠤ ᠳᠠᠷᠠᠭ᠎ᠠ ᠪᠤᠭᠤᠷᠰᠤᠭ ᠴᠠᠭᠠᠠ  ᠢᠳᠡᠭᠡ ᠪᠠᠨ ᠳᠠᠯᠪᠢᠨ ᠴᠠᠢ ᠪᠠᠨ ᠵᠠᠰᠠᠳᠠᠬ᠃ ᠡᠬᠦᠨ ᠳᠤ ᠴᠠᠢ ᠵᠠᠰᠠᠬᠤ ᠨᠢ ᠥᠪᠡᠷᠮᠢᠴᠡ ᠶᠤᠰᠤ ᠵᠢᠷᠤᠮ ᠲᠠᠢ  ᠪᠠᠶᠢᠳᠠᠬ᠃ ᠴᠠᠢ ᠵᠠᠰᠠᠬᠤ ᠪᠤᠯ ᠨᠡᠶᠢᠬᠡᠮ ᠤᠨ ᠤᠳᠬ᠎ᠠ ᠠᠭᠤᠯᠭ᠎ᠠ ᠲᠠᠢ ᠰᠤᠶᠤᠯ ᠪᠤᠯᠬᠤ ᠮᠥᠷᠳᠡᠭᠡᠨ ᠬᠥᠮᠦᠰ ᠤᠨ  ᠬᠠᠷᠢᠯᠴᠠᠭ᠎ᠠ ᠶᠢ ᠬᠤᠯᠪᠤᠬᠴᠢ ᠰᠤᠶᠤᠯ ᠲᠡᠤᠭᠡ ᠶᠢᠨ ᠤᠯᠠᠮᠵᠢᠯᠠᠯᠳᠦ ᠵᠠᠩᠰᠢᠯ ᠶᠤᠮ᠃ ᠢᠷᠡᠭᠰᠡᠨ ᠵᠤᠴᠢᠨ ᠳᠠᠭᠠᠨ ᠴᠠᠢ  ᠠᠶᠠᠭᠠᠯᠠᠠ ᠪᠠᠷᠢᠳᠠᠬ ᠨᠢ ᠵᠤᠴᠢᠨ ᠢᠶᠠᠨ ᠬᠥᠨᠳᠦᠯᠡᠡ ᠤᠬᠳᠤᠵᠤ ᠪᠠᠶᠢᠭ᠎ᠠ ᠶᠤᠰᠤ ᠪᠤᠯᠤᠨ᠎ᠠ᠃ ᠵᠤᠴᠢᠨ ᠢᠶᠠᠨ  ᠰᠠᠭᠤᠯᠭᠠᠬᠰᠠᠠ ᠤ ᠳᠠᠷᠠᠭ᠎ᠠ ᠭᠡᠷ ᠤᠨ ᠡᠵᠡᠨ ᠪᠤᠰᠴᠦ ᠬᠤᠶᠠᠷ ᠭᠠᠷ ᠢᠶᠠᠷ ᠢᠶᠠᠨ ᠠᠶᠠᠭ᠎ᠠ ᠲᠠᠢ ᠴᠠᠢ ᠪᠠᠨ ᠡᠷᠬᠦᠨ  ᠵᠠᠰᠠᠳᠠᠬ᠃ ᠵᠤᠴᠢᠨ ᠨᠢ ᠴᠤ ᠥᠨᠳᠡᠶᠢᠰᠭᠢᠵᠤ ᠪᠠᠷᠠᠭᠤᠨ ᠭᠠᠷ ᠢᠶᠠᠷ ᠢᠶᠠᠨ ᠲᠤᠰᠤᠨ ᠠᠪᠤᠭᠠᠳ ᠰᠢᠷᠡᠭᠡᠨ ᠳᠡᠭᠡᠷ᠎ᠠ  ᠳᠠᠯᠪᠢᠨ ᠠᠭᠠᠵᠢᠮ ᠢᠶᠠᠷ ᠤᠤᠭᠤᠳᠠᠬ᠃     ᠴᠠᠢ ᠠᠶᠠᠭᠠᠯᠠᠬᠤ ᠳᠠᠭᠠᠨ ᠳᠠᠪᠠᠯ ᠮᠠᠯᠠᠭᠠᠢ ᠪᠠᠨ ᠵᠠᠰᠠᠨ ᠲᠥᠪ ᠬᠢᠴᠢᠶᠡᠩᠬᠦᠢ ᠪᠠᠷ ᠴᠡᠪ ᠥᠬᠡᠢ ᠪᠥᠳᠦᠨ  ᠰᠠᠶᠢᠬᠠᠠ ᠠᠶᠠᠭᠠᠨ ᠳᠤ ᠴᠠᠢ ᠪᠠᠨ ᠠᠶᠠᠭᠠᠯᠠᠳᠠᠬ᠃ ᠡᠮᠳᠡᠷᠭᠡᠢ ᠠᠶᠠᠭ᠎ᠠ ᠶᠢ ᠪᠡᠯᠭᠡ ᠮᠠᠭᠤ ᠭᠡᠳᠡᠭ᠃ ᠴᠠᠢ ᠪᠠᠨ  ᠠᠶᠠᠭᠠᠯᠠᠬᠤ ᠳᠤ ᠳᠠᠪᠤᠷ᠎ᠠ ᠪᠤᠶᠤ ᠰᠢᠨᠠᠭ᠎ᠠ ᠪᠠᠨ ᠪᠠᠷᠠᠭᠤᠨ ᠭᠠᠷ ᠲᠠᠭᠠᠨ ᠪᠠᠷᠢᠵᠤ᠂ ᠠᠶᠠᠭ᠎ᠠ ᠪᠠᠨ ᠵᠡᠬᠦᠨ ᠭᠠᠷ ᠲᠠᠭᠠᠨ  ᠪᠠᠷᠢᠵᠤ᠂ ᠴᠠᠢ ᠶᠢ ᠠᠶᠠᠭᠠᠠ ᠲᠤᠳᠤᠷ᠎ᠠ ᠵᠥᠪ ᠡᠷᠬᠢᠬᠦᠯᠦᠨ ᠬᠢᠨ᠎ᠠ᠃ ᠴᠠᠢ ᠶᠢ ᠲᠤᠮᠳᠠᠭᠤᠷ ᠠᠶᠠᠭᠠᠯᠠᠳᠠᠬ ᠥᠬᠡᠢ  ᠮᠥᠷᠳᠡᠭᠡᠨ ᠭᠠᠷ ᠢᠶᠠᠷ ᠢᠶᠠᠨ ᠠᠶᠠᠭ᠎ᠠ ᠪᠠᠷᠢᠬᠤ ᠳᠤ ᠬᠤᠷᠤᠭᠤ ᠬᠢᠮᠦᠰᠤ ᠪᠠᠨ ᠴᠠᠢ ᠳᠤ ᠬᠥᠷᠭᠡᠬᠦ ᠶᠢ ᠬᠢᠴᠢᠶᠠᠨ᠎ᠠ᠃  ᠳᠠᠪᠤᠷ᠎ᠠ ᠶᠢᠨ ᠴᠤᠷᠭᠤ ᠪᠤᠶᠤ ᠰᠢᠨᠠᠭ᠎ᠠ ᠪᠠᠨ ᠭᠡᠷ ᠤᠨ ᠬᠤᠶᠢᠮᠤᠷ ᠲᠡᠰᠢ ᠬᠠᠨᠳᠤᠭᠤᠯᠤᠨ᠎ᠠ᠃ ᠬᠠᠷᠢᠨ ᠭᠠᠳᠠᠬᠰᠢ  ᠡᠬᠦᠳᠡᠨ ᠤ ᠵᠥᠭ ᠬᠠᠨᠳᠤᠭᠤᠯᠬᠤ ᠶᠢ ᠴᠡᠭᠡᠷᠯᠡᠨ᠎ᠠ᠃ ᠲᠤᠳᠤᠬᠰᠢ ᠬᠠᠨᠳᠤᠭᠤᠯᠪᠠᠯ ᠭᠡᠰᠢᠭ ᠪᠤᠶᠠᠨ ᠭᠡᠷ ᠤᠨ ᠵᠥᠭ  ᠢᠷᠡᠵᠤ᠂ ᠭᠠᠳᠠᠬᠰᠢ ᠬᠠᠨᠳᠤᠭᠤᠯᠪᠠᠯ ᠭᠡᠰᠢᠭ ᠪᠤᠶᠠᠨ ᠭᠠᠳᠠᠬᠰᠢᠯᠠᠨ᠎ᠠ ᠬᠡᠳᠡᠭ ᠥᠭᠡ ᠪᠠᠶᠢᠳᠠᠬ᠃ ᠬᠡᠶᠢᠴᠢᠨ ᠳᠤ ᠴᠠᠢ  ᠨᠠᠮᠠᠠ ᠠᠶᠠᠭᠠᠯᠠᠬᠤ ᠳᠤ ᠠᠶᠠᠭ᠎ᠠ ᠶᠢ ᠲᠤᠰᠤᠨ ᠠᠪᠴᠤ ᠠᠶᠠᠭᠠᠯᠠᠨ᠎ᠠ᠃ ᠬᠠᠷᠢᠨ ᠭᠠᠷ ᠲᠤᠨᠢ ᠪᠠᠷᠢᠭᠤᠯᠤᠨ  ᠠᠶᠠᠭᠠᠯᠠᠳᠠᠬ ᠥᠬᠡᠢ᠃ ᠰᠢᠨ᠎ᠠ ᠴᠢᠨᠠᠬᠰᠠᠠ ᠴᠠᠢ ᠶᠢᠨ ᠲᠡᠭᠡᠵᠢ ᠶᠢ ᠠᠶᠠᠭᠠᠯᠠᠵᠤ ᠤᠤᠭᠤᠬᠤ ᠠᠴᠠ ᠡᠮᠦᠨ᠎ᠠ ᠲᠡᠭᠷᠢ  ᠪᠤᠷᠬᠠᠠ ᠠᠭᠤᠯᠠ ᠤᠰᠤᠨ ᠤ ᠪᠠᠨ ᠨᠠᠪᠳᠠᠬ ᠰᠠᠪᠳᠠᠬ᠂ ᠭᠠᠯ ᠤᠨ ᠪᠤᠷᠬᠠᠠ ᠳᠤ ᠲᠤᠰᠪᠤᠷᠢ ᠳᠡᠭᠡᠵᠢ ᠪᠠᠨ ᠡᠷᠬᠦᠭᠡᠳ  ᠴᠠᠢ ᠪᠠᠨ ᠠᠶᠠᠭᠠᠯᠠᠳᠠᠬ᠃     ᠵᠤᠴᠢᠨ ᠤ ᠠᠶᠠᠭ᠎ᠠ ᠲᠠᠢ ᠴᠠᠢ ᠲᠤᠮᠳᠠᠷᠠᠬᠤ ᠠᠴᠠ ᠤᠷᠢᠳ ᠳᠡᠭᠡᠷ᠎ᠠ ᠠᠴᠠ ᠨᠢ ᠴᠠᠢ ᠨᠠᠮᠠᠵᠤ ᠬᠢᠳᠡᠭ᠃  ᠬᠡᠶᠢᠴᠢᠨ ᠤ ᠠᠶᠠᠭ᠎ᠠ ᠶᠢ ᠭᠠᠷ ᠲᠠᠭᠠᠨ ᠠᠪᠴᠤ ᠠᠶᠠᠭᠠᠯᠠᠭᠠᠳ ᠳᠡᠬᠢᠨ ᠪᠠᠷᠠᠭᠤᠨ ᠭᠠᠷ ᠢᠶᠠᠷ ᠢᠶᠠᠨ ᠪᠤᠴᠠᠭᠠᠵᠤ  ᠪᠠᠷᠢᠳᠠᠬ᠃ ᠴᠠᠢ ᠠᠶᠠᠭᠠᠯᠠᠬᠤ ᠳᠤ ᠬᠠᠨᠴᠤᠢ ᠰᠢᠮᠠᠯᠠᠬᠤ ᠶᠢ ᠴᠡᠭᠡᠷᠯᠡᠨ᠎ᠠ᠃ ᠡᠬᠦᠳᠡ ᠪᠠᠷ ᠭᠠᠳᠠᠬᠰᠢ ᠠᠶᠠᠭ᠎ᠠ ᠲᠠᠢ  ᠴᠠᠢ ᠶᠢ ᠠᠰᠬᠠᠬᠤ ᠶᠢ ᠴᠡᠭᠡᠷᠯᠡᠨ᠎ᠠ᠂ ᠵᠠᠪᠠᠯ ᠭᠠᠳᠠᠨ᠎ᠠ ᠭᠠᠷᠴᠤ ᠠᠰᠬᠠᠳᠠᠬ᠂ ᠠᠶᠠᠭᠠᠠ ᠳᠤ ᠥᠯᠡᠳᠡᠭᠰᠡᠡ ᠴᠠᠢ ᠶᠢᠨ  ᠱᠢᠭᠠᠷᠤ ᠪᠠᠨ ᠰᠢᠭᠤᠳ ᠠᠶᠠᠭ᠎ᠠ ᠪᠠᠷ ᠨᠢ ᠠᠰᠬᠠᠬᠤ ᠥᠬᠡᠢ᠃ ᠴᠠᠢ ᠶᠢᠨ ᠰᠢᠭᠠᠷᠤ ᠶᠢ ᠵᠠᠪᠠᠯ ᠴᠠᠪᠠᠷ ᠭᠠᠵᠠᠷ  ᠠᠪᠠᠴᠢᠵᠤ ᠠᠰᠬᠠᠨ᠎ᠠ᠃ ᠴᠠᠢ ᠶᠢᠨ ᠰᠢᠭᠠᠷᠤ ᠶᠢ ᠭᠡᠷ ᠤᠨ ᠪᠠᠷᠠᠭᠤᠨ ᠬᠤᠶᠢᠨ᠎ᠡ ᠵᠥᠭ ᠬᠠᠶᠠᠳᠠᠬ᠃ ᠭᠠᠭᠴᠠ ᠠᠶᠠᠭ᠎ᠠ  ᠴᠡᠢ ᠤᠤᠭᠤᠬᠤ ᠶᠢ ᠴᠡᠭᠡᠷᠯᠡᠳᠡᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号