ᠮᠤᠩᠭᠤᠯ ᠭᠤᠳᠤᠯ ᠤᠨ ᠦᠢᠯᠡ ᠤᠷᠠᠯᠠᠯ ᠤᠨ ᠭᠠᠶᠢᠬᠠᠮᠰᠢᠭ ᠢ ᠰᠤᠨᠢᠷᠬᠠᠭᠰᠠᠨ ᠨᠢ
ᠨᠡᠶᠢᠲᠡᠯᠡᠭᠰᠡᠨ ᠴᠠᠭ᠄
2018-08-01
    ᠭᠤᠳᠤᠯ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠦ ᠬᠤᠪᠴᠠᠰᠦ ᠵᠠᠰᠠᠯ ᠤᠨ ᠴᠢᠬᠤᠯᠠ ᠨᠢᠬᠡᠨ ᠵᠦᠢᠯ ᠪᠤᠯᠬᠤ ᠶᠤᠮ᠃ ᠲᠡᠷᠡ ᠨᠢ ᠨᠡᠬᠦᠳᠡᠯᠴᠢᠨ ᠦᠨᠳᠦᠰᠦᠳᠡᠨ ᠤ ᠠᠵᠦ ᠠᠮᠢᠳᠤᠷᠠᠯ ᠳᠤ ᠮᠠᠰᠢ ᠰᠠᠶᠢᠨ ᠵᠤᠬᠢᠴᠠᠳᠠᠬ ᠠᠴᠠ ᠤᠷᠳᠦ ᠤᠳᠠᠭᠠᠨ ᠲᠠᠤᠭᠡᠨ ᠠᠶᠠᠨ ᠢ ᠮᠤᠩᠭᠤᠯᠴᠤᠳ ᠲᠠᠢ ᠬᠠᠮᠳᠦ ᠲᠤᠭᠤᠯᠵᠦ ᠢᠷᠡᠭᠰᠡᠨ ᠶᠤᠮ᠃ ᠬᠡᠪᠡᠴᠦ ᠨᠡᠶᠢᠬᠡᠮ ᠠᠵᠦ ᠠᠬᠤᠢ ᠶᠢᠨ ᠲᠦᠷᠬᠡᠨ ᠬᠦᠭᠵᠢᠯᠳᠡ ᠲᠤᠮᠳᠠ ᠮᠤᠩᠭᠤᠯᠴᠤᠳ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠲᠤ ᠶᠡᠬᠡᠬᠡᠨ ᠬᠤᠪᠢᠷᠠᠯᠳᠠ ᠭᠠᠷᠴᠦ᠂ ᠡᠬᠦᠨ ᠢ ᠲᠠᠭᠠᠯᠳᠤᠨ ᠮᠤᠩᠭᠤᠯ ᠭᠤᠳᠤᠯ ᠨᠢ ᠠᠮᠢᠳᠤᠷᠠᠯ ᠳᠤ ᠦᠷᠬᠡᠨ ᠢᠶᠠᠷ ᠬᠡᠷᠡᠭᠯᠡᠭᠳᠡᠬᠦ ᠪᠠᠨ ᠪᠤᠯᠢᠵᠦ᠂ ᠤᠷᠠᠯᠠᠵᠦ ᠤᠶᠤᠬᠤ ᠠᠷᠭ᠎ᠠ ᠮᠡᠷᠬᠡᠰᠢᠯ ᠪᠤᠯᠤᠨ ᠶᠤᠰᠦ ᠴᠡᠬᠡᠷ ᠴᠤ ᠮᠠᠷᠳᠠᠭᠳᠠᠨ ᠤᠷᠬᠢᠭᠳᠠᠬᠤ ᠳᠤ ᠬᠦᠷᠴᠡᠢ᠃ ᠵᠤᠬᠢᠶᠠᠬᠴᠢ ᠵᠠᠷᠤᠳ ᠬᠤᠰᠢᠭᠤᠨ ᠤ ᠤᠷᠠᠨ ᠤᠶᠤᠳᠠᠯᠴᠢᠨ ᠰᠡᠷᠵᠢᠮ᠎ᠡ ᠨᠠᠷ ᠢ ᠰᠤᠷᠪᠤᠯᠵᠢᠯᠠᠵᠦ᠂ ᠤᠯᠠᠮᠵᠢᠯᠠᠯᠳᠦ ᠭᠤᠳᠦᠯ ᠬᠢᠬᠦ ᠠᠷᠭ᠎ᠠ ᠲᠡᠮ ᠪᠤᠯᠤᠨ ᠶᠤᠰᠦ ᠤᠴᠢᠷ ᠢ ᠲᠡᠮᠳᠡᠭᠯᠡᠭᠰᠡᠨ ᠶᠤᠮ᠃     ᠴᠠᠪᠤᠭ ᠬᠠᠳᠠᠭᠠᠬᠤ ᠦᠯᠢᠭᠡᠷ ᠠᠪᠬᠤ ᠪᠠ ᠡᠰᠭᠡᠵᠦ ᠬᠠᠶᠢᠴᠢᠯᠠᠬᠤ     ᠭᠤᠳᠤᠯ ᠤᠶᠤᠬᠤ ᠳᠤ ᠶᠠᠭᠤᠨ ᠤ ᠡᠮᠦᠨ᠎ᠡ ᠰᠠᠭᠠᠭ ᠤᠨ ᠭᠤᠯᠢᠷ ᠢᠶᠠᠷ ᠰᠢᠩᠭᠡᠭᠡᠨ ᠰᠢᠭ ᠨᠠᠭᠠᠯᠳᠠ ᠴᠢᠨᠠᠵᠤ ᠭᠤᠳᠤᠯ ᠤᠨ ᠤᠯᠠ ᠵᠤᠯᠤᠭ ᠬᠢᠭᠦ ᠳᠤ ᠭᠡᠷᠡᠭᠯᠡᠬᠦ ᠴᠠᠪᠤᠭ ᠢᠶᠠᠨ ᠬᠠᠳᠠᠭᠠᠨ᠎ᠠ᠃ ᠰᠠᠭᠠᠭ ᠤᠨ ᠭᠤᠯᠢᠷ ᠢᠶᠠᠷ ᠨᠠᠭᠠᠯᠳᠠ ᠬᠢᠪᠡᠯ ᠴᠠᠪᠤᠭ ᠨᠢ ᠵᠦᠭᠡᠯᠡᠨ ᠰᠢᠭ ᠭᠠᠷᠳᠠᠭ ᠭᠡᠳᠡᠭ᠃ ᠮᠠᠲ᠋ᠧᠷᠢᠶᠠᠯ ᠤᠨ ᠬᠤᠪᠢ ᠳᠤ ᠴᠠᠪᠤᠭ ᠬᠠᠳᠠᠭᠠᠬᠤ ᠳᠤ ᠭᠡᠷᠡᠭᠯᠡᠬᠦ ᠪᠦᠰ ᠢ ᠬᠦᠪᠦᠩ ᠨᠡᠭᠡᠮᠡᠯ ᠤᠨ ᠡᠳ᠋ ᠢ ᠰᠤᠩᠭᠤᠪᠠᠯ ᠨᠠᠭᠠᠯᠳᠤᠪᠤᠷᠢ ᠲᠠᠢ ᠰᠠᠶᠢᠬᠠᠨ ᠪᠠᠶᠢᠳᠠᠭ᠃ ᠴᠠᠪᠤᠭ ᠬᠠᠳᠠᠭᠠᠬᠤ ᠳᠤ ᠭᠡᠷᠡᠭᠯᠡᠬᠦ ᠪᠦᠰ ᠢ ᠬᠠᠭᠤᠴᠢᠨ ᠲᠡᠪᠡᠯ ᠦᠮᠦᠳᠦ ᠶᠢ ᠬᠠᠨᠵᠠᠯᠠᠵᠤ ᠤᠬᠢᠶᠠᠭᠠᠳ ᠤᠶᠤᠳᠠᠯ ᠤᠨ ᠬᠦᠷᠪᠠᠶᠢᠭ᠍ᠰᠡᠨ ᠵᠠᠯᠭᠠᠭᠠᠰᠤ ᠶᠢ ᠴᠦᠮ ᠢ ᠬᠠᠶᠢᠴᠢᠯᠠᠵᠤ ᠬᠠᠶᠠᠨ᠂ ᠤᠶᠤᠳᠠᠯ ᠤᠨ ᠦᠯᠡᠳᠡᠭᠳᠡᠯ ᠤᠳᠠᠰᠤ ᠶᠢ ᠴᠡᠪᠡᠷᠭᠡᠨ ᠲᠡᠬᠦᠵᠦ ᠴᠡᠪᠡᠷᠯᠡᠨ᠎ᠡ᠃ ᠠᠩᠬᠠᠨ ᠳᠠᠭᠠᠨ ᠡᠷᠡᠭᠳᠡᠢ ᠬᠦᠮᠦᠨ ᠭᠡᠭᠡᠷ᠎ᠡ ᠭᠠᠳᠠᠨ᠎ᠠ ᠠᠮᠠᠷᠠᠬᠤ ᠳᠠᠭᠠᠨ ᠭᠤᠳᠤᠯ ᠢᠶᠠᠨ ᠲᠡᠷᠡᠯᠡᠵᠦ ᠤᠨᠳᠠᠳᠠᠭ ᠪᠤᠯᠬᠤᠷ ᠡᠷᠡᠭᠳᠡᠢ ᠬᠦᠮᠦᠨ ᠤ ᠭᠤᠳᠤᠯ ᠤᠨ ᠴᠠᠪᠤᠭ ᠲᠤ ᠡᠮᠡᠭᠳᠡᠢ ᠬᠦᠮᠦᠨ ᠤ ᠦᠮᠦᠳᠦ ᠶᠢᠨ ᠪᠦᠰ ᠢ ᠭᠡᠷᠡᠭᠯᠡᠳᠡᠭ ᠦᠭᠡᠢ᠃ ᠴᠡᠪᠡᠷᠭᠡᠨ ᠤᠬᠢᠶᠠᠭᠰᠠᠨ ᠲᠡᠪᠡᠯ ᠤᠨ ᠪᠦᠰ ᠢ ᠭᠡᠷᠡᠭᠯᠡᠳᠡᠭ᠃ ᠪᠦᠰ ᠢᠶᠠᠨ ᠭᠡᠳᠦᠨ ᠲᠠᠪᠬᠤᠷ ᠦᠵᠦᠬᠦᠷ ᠢᠷᠮᠡᠭ ᠢ ᠨᠢ ᠶᠠᠭ ᠲᠠᠭ ᠲᠠᠭᠠᠷᠠᠭᠤᠯᠵᠤ ᠲᠡᠭᠰᠢ ᠰᠠᠶᠢᠬᠠᠨ ᠨᠠᠭᠠᠭᠰᠠᠨ ᠤ ᠲᠠᠷᠠᠭ᠎ᠠ ᠬᠠᠨ᠎ᠠ ᠪᠤᠶᠤ ᠲᠡᠭᠰᠢᠭᠡᠨ ᠪᠠᠨᠵᠠᠨ ᠲᠡᠭᠡᠷ᠎ᠡ ᠨᠠᠭᠠᠯᠳᠤᠭᠤᠯᠵᠤ ᠬᠠᠳᠠᠭᠰᠠᠨ ᠤ ᠬᠤᠶᠢᠨ᠎ᠠ ᠰᠠᠶ᠋ᠢ ᠱᠠᠭᠠᠯᠵᠤ ᠠᠪᠤᠨ᠎ᠠ᠃ ᠶᠡᠷᠦ ᠳᠡᠭᠡᠨ ᠤᠯᠠ ᠬᠢᠭᠦ ᠳᠤ ᠭᠡᠷᠡᠭᠯᠡᠬᠦ ᠴᠠᠪᠤᠭ ᠢ ᠭᠤᠷᠪᠠᠨ ᠲᠠᠪᠬᠤᠷ ᠢᠶᠠᠷ᠂ ᠵᠤᠯᠤᠭ ᠬᠢᠬᠦ ᠳᠤ ᠭᠡᠷᠡᠭᠯᠡᠬᠦ ᠴᠠᠪᠤᠭ ᠢ ᠲᠦᠷᠪᠡ ᠠᠴᠠ ᠲᠠᠪᠤᠨ ᠲᠠᠪᠬᠤᠷ ᠢᠶᠠᠷ ᠲᠤᠰ ᠲᠤᠰ ᠬᠠᠳᠠᠭᠠᠨ᠎ᠠ᠃ ᠤᠯᠠ ᠨᠠᠭᠠᠬᠤ ᠴᠠᠪᠤᠭ ᠬᠠᠳᠠᠭᠠᠬᠤ ᠳᠤ ᠶᠡᠷᠦ ᠨᠢ ᠴᠠᠭᠠᠨ ᠦᠩᠭᠡᠳᠡᠢ ᠪᠦᠰ ᠭᠡᠷᠡᠭᠯᠡᠵᠦ᠂ ᠵᠤᠯᠤᠭ ᠲᠦᠷᠡᠢ ᠶᠢᠨ ᠴᠠᠪᠤᠭ ᠬᠠᠳᠠᠭᠠᠬᠤ ᠳᠤ ᠬᠠᠷ᠎ᠠ ᠪᠤᠯᠤᠨ ᠬᠦᠨ ᠬᠦᠭᠡ ᠦᠩᠭᠡ ᠲᠠᠢ ᠪᠦᠰ ᠢ ᠰᠤᠩᠭᠤᠳᠠᠭ᠃ ᠢᠩᠬᠢᠪᠡᠯ ᠤᠯᠠ ᠵᠤᠯᠤᠭ ᠤᠨ ᠦᠩᠭᠡᠨ ᠲᠠᠪᠬᠤᠷᠭ᠎ᠠ ᠨᠢ ᠡᠯᠡᠭᠳᠡᠵᠦ ᠴᠤᠭᠤᠷᠤᠭᠰᠠᠨ ᠴᠤ ᠢᠯᠡᠷᠡᠵᠦ ᠭᠠᠷᠴᠤ ᠢᠷᠡᠬᠦ ᠲᠤᠳᠤᠷᠠᠬᠢ ᠪᠦᠰ ᠤᠨ ᠦᠩᠭᠡ ᠨᠢ ᠦᠩᠭᠡᠯᠡᠭᠰᠡᠨ ᠭᠠᠳᠠᠷ ᠤᠨ ᠦᠩᠭᠡ ᠲᠠᠢ ᠬᠠᠷᠰᠢᠬᠤ ᠦᠭᠡᠢ ᠪᠠᠶᠢᠳᠠᠭ᠃ ᠶᠠᠭ ᠠᠳᠠᠯᠢ ᠦᠩᠭᠡ ᠲᠠᠢ ᠪᠦᠰ ᠤᠯᠳᠠᠬᠤ ᠦᠭᠡᠢ ᠪᠤᠯ ᠵᠤᠯᠤᠭ ᠲᠦᠷᠡᠢ ᠶᠢᠨ ᠦᠩᠭᠡᠨ ᠲᠠᠯ᠎ᠠ ᠶᠢᠨ ᠲᠤᠤᠷ᠎ᠠ ᠬᠤᠶᠠᠷ ᠲᠠᠪᠬᠤᠷ ᠪᠦᠰ ᠢ ᠦᠩᠭᠡᠯᠡᠬᠦ ᠪᠦᠰ ᠲᠠᠢ ᠪᠤᠳᠤᠭ ᠲᠠᠭᠠᠷᠠᠭᠤᠯᠵᠤ ᠬᠢᠨ᠎ᠡ᠃ ᠭᠤᠳᠤᠯ ᠤᠨ ᠦᠯᠢᠭᠡᠷ ᠬᠢᠬᠦ ᠳᠤ ᠤᠷᠢᠳᠠᠪᠠᠷ ᠭᠤᠳᠤᠯ ᠡᠮᠦᠰᠬᠦ ᠡᠵᠡᠨ ᠤ ᠬᠢᠨᠢ ᠬᠦᠯ ᠤᠨ ᠶᠡᠭᠡ ᠪᠠᠭ᠎ᠠ ᠶᠢ ᠭᠡᠮᠵᠢᠵᠦ᠂ ᠭᠡᠮᠵᠢᠶ᠎ᠡ ᠳᠡᠭᠡᠨ ᠵᠤᠬᠢᠴᠠᠭᠤᠯᠤᠨ ᠤᠯᠠ ᠶᠢᠨ ᠦᠯᠢᠭᠡᠷ ᠢ ᠬᠠᠶᠢᠴᠢᠯᠠᠵᠤ᠂ ᠲᠠᠷᠠᠭ᠎ᠠ ᠳᠤ ᠨᠢ ᠭᠤᠳᠤᠯ ᠤᠨ ᠤᠯᠠ ᠶᠢᠨ ᠦᠯᠢᠭᠡᠷ ᠤᠨ ᠶᠡᠭᠡ ᠪᠠᠭ᠎ᠠ ᠳᠤ ᠶᠠᠭ ᠰᠠᠶᠢᠬᠠᠨ ᠲᠠᠭᠠᠷᠠᠭᠤᠯᠤᠨ ᠵᠤᠬᠢᠴᠠᠭᠤᠯᠵᠤ ᠵᠤᠯᠤᠭ ᠪᠤᠯᠤᠨ ᠲᠦᠷᠡᠢ ᠶᠢᠨ ᠦᠯᠢᠭᠡᠷ ᠭᠡᠪ ᠢ ᠲᠤᠰ ᠲᠤᠰ ᠲᠤ ᠨᠢ ᠴᠠᠭᠠᠰᠤ ᠪᠠᠷ ᠬᠠᠶᠢᠴᠢᠯᠠᠠ ᠠᠪᠤᠨ᠎ᠠ᠃ ᠭᠤᠳᠤᠯ ᠤᠨ ᠤᠯᠠ ᠶᠢᠨ ᠦᠯᠢᠭᠡᠷ ᠠᠪᠬᠤ ᠳᠤ ᠡᠪᠤᠯ ᠵᠤᠨ ᠤ ᠬᠢ ᠢᠯᠭᠠᠭ᠎ᠠ ᠲᠠᠢ᠃ ᠵᠤᠨ ᠤ ᠭᠤᠳᠤᠯ ᠤᠨ ᠦᠯᠢᠭᠡᠷ ᠪᠤᠯ ᠪᠠᠷᠤᠭ ᠬᠦᠯ ᠠᠴᠠ ᠨᠢ ᠬᠤᠷᠤᠭᠤ ᠢᠯᠡᠬᠦᠦ ᠶᠡᠭᠡ ᠠᠪᠴᠤ᠂ ᠡᠪᠤᠯ ᠤᠨ ᠭᠤᠳᠤᠯ ᠢ ᠪᠤᠯ ᠬᠤᠶᠠᠷ ᠬᠤᠷᠤᠭᠤ ᠭᠠᠷᠤᠢ ᠶᠡᠭᠡ ᠠᠪᠳᠠᠭ᠃ ᠡᠬᠦᠨ ᠳᠤ ᠶᠠᠭ ᠲᠤᠭᠳᠠᠭᠰᠠᠨ ᠭᠡᠮᠵᠢᠶ᠎ᠡ ᠭᠡᠵᠦ ᠦᠭᠡᠢ᠃ ᠢᠩᠬᠢᠭᠡᠳ ᠰᠠᠶ᠋ᠢ ᠤᠯᠠ ᠵᠤᠯᠤᠭ ᠤᠨ ᠦᠯᠢᠭᠡᠷ ᠭᠡᠪ ᠢᠶᠠᠨ ᠬᠠᠳᠠᠭᠠᠭᠰᠠᠨ ᠴᠠᠪᠤᠭ ᠲᠤ ᠪᠠᠨ ᠰᠢᠳᠡᠵᠦ ᠤᠶᠤᠭᠠᠳ ᠬᠦᠪᠡᠭᠡ ᠶᠢ ᠨᠢ ᠲᠠᠭᠠᠭᠤᠯᠵᠤ ᠲᠡᠭᠰᠢ ᠰᠠᠶᠢᠬᠠᠨ ᠬᠠᠶᠢᠴᠢᠯᠠᠨ᠎ᠠ᠃ ᠤᠯᠠ ᠶᠢ ᠬᠠᠶᠢᠴᠢᠯᠠᠬᠤ ᠳᠤ ᠴᠠᠪᠤᠭ ᠢᠶᠠᠨ ᠦᠯᠢᠭᠡᠷ ᠭᠡᠪ ᠤᠨ ᠶᠤᠰᠤᠭᠠᠷ ᠨᠢᠭᠡ ᠨᠢᠭᠡ ᠲᠠᠪᠬᠤᠷ ᠢᠶᠠᠷ ᠲᠠᠷᠠᠭ᠎ᠠ ᠲᠠᠷᠠᠭᠠᠯᠠᠨ ᠬᠠᠷᠢᠯᠴᠠᠨ ᠯᠠᠪᠳᠠᠭᠤᠨ ᠰᠢᠳᠡᠵᠦ ᠲᠤᠭᠳᠠᠭᠠᠭᠠᠳ ᠨᠡᠶᠢᠳᠡ ᠲᠤᠯᠤᠭᠠᠨ ᠲᠠᠪᠬᠤᠷ ᠢ ᠲᠡᠩᠴᠠᠬᠦᠦ ᠪᠠᠷ ᠬᠠᠶᠢᠴᠢᠯᠠᠵᠤ ᠠᠪᠤᠨ᠎ᠠ᠃ ᠭᠡᠬᠦ ᠳᠡᠭᠡᠨ ᠴᠠᠪᠤᠭ ᠢ ᠢᠯᠡᠬᠦᠦ ᠲᠤᠳᠠᠭᠤ ᠬᠠᠶᠢᠴᠢᠯᠠᠵᠤ ᠤᠭᠳᠤ ᠪᠤᠯᠬᠤ ᠦᠭᠡᠢ᠂ ᠵᠠᠪᠠᠯ ᠲᠡᠭᠰᠢᠭᠡᠨ ᠬᠠᠶᠢᠴᠢᠯᠠᠬᠤ ᠭᠡᠷᠡᠭᠳᠡᠢ᠃ ᠲᠤᠯᠤᠭᠠᠨ ᠲᠠᠪᠬᠤᠷ ᠤᠯᠠ ᠶᠢᠨ ᠴᠠᠪᠤᠭ ᠢ ᠬᠠᠶᠢᠴᠢᠯᠠᠵᠤ ᠪᠠᠷᠠᠭᠰᠠᠨ ᠤ ᠰᠡᠬᠦᠯᠡᠷ ᠭᠡᠦᠭᠡᠨ ᠤᠯᠠ ᠪᠤᠯᠤᠨ ᠬᠠᠳᠠᠯᠭ᠎ᠠ ᠤᠯᠠ ᠶᠢ ᠨᠦᠬᠦᠭᠡ ᠲᠤᠯᠤᠭᠠᠨ ᠲᠠᠪᠬᠤᠷ ᠴᠠᠪᠤᠭ ᠠᠴᠠ ᠵᠢᠭᠠᠬᠠᠨ ᠶᠡᠭᠡ ᠰᠢᠭ ᠬᠠᠶᠢᠴᠢᠯᠠᠵᠤ ᠡᠰᠭᠡᠨ᠎ᠡ᠃    ᠤᠯᠠ ᠵᠤᠯᠤᠭ ᠨᠠᠭᠠᠬᠤ ᠪᠠ ᠤᠯᠠ ᠰᠢᠷᠢᠬᠦ    ᠬᠤᠶᠠᠷ ᠤᠯᠠ ᠶᠢᠨ ᠴᠠᠪᠤᠭ ᠢ ᠪᠦᠬᠦᠳᠡ ᠶᠢ ᠬᠠᠶᠢᠴᠢᠯᠠᠵᠤ ᠡᠰᠭᠡᠵᠦ ᠪᠠᠷᠠᠪᠠᠯ᠂ ᠴᠠᠭᠠᠨ ᠪᠦᠰ ᠢ ᠵᠢᠰᠢᠬᠦᠦ ᠪᠠᠷ ᠬᠤᠷᠤᠭᠤ ᠢᠯᠡᠬᠦᠦ ᠦᠷᠭᠡᠨ ᠵᠦᠰᠦᠵᠦ ᠴᠠᠪᠤᠭ ᠤᠨ ᠢᠷᠮᠡᠭ ᠤᠨ ᠴᠠᠭᠠᠨ ᠪᠦᠰ ᠢᠶᠠᠨ ᠪᠠᠭ᠎ᠠ ᠴᠢᠩᠭᠠᠭᠠᠰᠬᠢᠵᠦ ᠪᠠᠶᠢᠭᠠᠳ ᠨᠠᠭᠠᠪᠠᠯ ᠨᠠᠭᠠᠯᠳᠤᠪᠤᠷᠢ ᠲᠠᠢ ᠰᠠᠶᠢᠬᠠᠨ ᠪᠤᠯᠳᠠᠭ᠃ ᠭᠡᠦᠭᠡᠨ ᠤᠯᠠ ᠶᠢ ᠤᠳᠤ ᠪᠠᠷᠤᠭ ᠯᠡ ᠪᠦᠷ ᠨᠤᠭᠤᠭᠠᠨ ᠦᠭᠡᠳᠡᠩ ᠢᠶᠠᠷ ᠴᠢᠮᠬᠢᠨ ᠨᠠᠭᠠᠵᠤ ᠪᠤᠢ᠃ ᠭᠡᠦᠭᠡᠨ ᠤᠯᠠ ᠠᠴᠠ ᠪᠤᠰᠤᠳ ᠤᠯᠠ ᠶᠢ ᠪᠦᠷ ᠴᠠᠭᠠᠨ ᠪᠦᠰ ᠢᠶᠠᠷ ᠴᠢᠮᠬᠢᠳᠡᠭ᠃ ᠬᠠᠳᠠᠯᠭ᠎ᠠ ᠤᠯᠠ ᠶᠢ ᠴᠠᠭᠠᠨ ᠪᠦᠰ ᠢᠶᠠᠷ᠂ ᠭᠡᠦᠭᠡᠨ ᠤᠯᠠ ᠶᠢ ᠨᠤᠭᠤᠭᠠᠨ ᠦᠭᠡᠳᠡᠩ ᠢᠶᠠᠷ ᠴᠢᠮᠬᠢᠬᠦ ᠳᠤ ᠴᠠᠭᠠᠨ ᠪᠦᠰ ᠨᠢ ᠦᠭᠡᠳᠡᠩ ᠠᠴᠠ ᠨᠢᠮᠭᠡᠨ ᠪᠤᠯᠬᠤᠷ ᠬᠠᠳᠠᠯᠭ᠎ᠠ ᠤᠯᠠ ᠨᠢ ᠠᠶᠠᠨᠳᠠᠭᠠᠨ ᠭᠡᠦᠭᠡᠨ ᠤᠯᠠ ᠠᠴᠠ ᠦᠯᠦ ᠮᠡᠳᠡᠭᠳᠡᠮ᠎ᠡ ᠪᠠᠭ᠎ᠠ ᠬᠠᠷᠠᠭᠳᠠᠳᠠᠭ᠃ ᠴᠢᠮᠬᠢᠵᠦ ᠪᠠᠷᠠᠭᠰᠠᠨ ᠤᠯᠠ ᠶᠢᠨ ᠴᠠᠪᠤᠭ ᠤᠳ ᠢ ᠬᠤᠭᠤᠷᠤᠨᠳᠦ ᠨᠢ ᠨᠠᠭᠠᠯᠳᠤᠭᠤᠯᠬᠤ ᠳᠠᠭᠠᠨ ᠴᠠᠪᠤᠭ ᠤᠳ ᠤᠨ ᠵᠠᠪᠰᠠᠷ ᠲᠤ ᠭᠤᠷᠪᠠᠨ ᠲᠠᠪᠬᠤᠷ ᠤᠨ ᠴᠠᠪᠤᠭ ᠢ ᠨᠢᠭᠡ ᠨᠢᠭᠡ ᠲᠠᠪᠬᠤᠷ ᠨᠡᠮᠡᠵᠦ ᠨᠠᠭᠠᠳᠠᠭ᠃ ᠭᠡᠦᠭᠡᠨ ᠤᠯᠠ ᠶᠢᠨ ᠲᠤᠤᠭᠤᠷ ᠪᠤᠯ ᠬᠤᠶᠠᠷ ᠠᠴᠠ ᠭᠤᠷᠪᠠᠨ ᠲᠠᠪᠬᠤᠷ ᠴᠠᠪᠤᠭ ᠨᠡᠮᠡᠵᠦ ᠨᠠᠭᠠᠬᠤ ᠳᠠᠭᠠᠨ ᠨᠢᠭᠡ ᠲᠠᠪᠬᠤᠷ ᠢ ᠨᠢ ᠪᠠᠭ᠎ᠠ ᠲᠤᠳᠤᠭᠰᠢ ᠪᠠᠨ ᠰᠢᠭ᠋ ᠨᠠᠭᠠᠪᠠᠯ ︵ᠪᠤᠰᠤᠳ ᠠᠴᠠ ᠪᠠᠨ ᠪᠠᠭ᠎ᠠ ᠲᠤᠳᠠᠭᠤ ᠰᠢᠭ᠋︶ ᠢᠯᠡᠬᠦᠦ ᠵᠤᠬᠢᠷᠠᠳᠠᠭ᠃ ᠵᠠᠷᠢᠮ ᠬᠦᠮᠦᠨ ᠬᠠᠳᠠᠯᠭ᠎ᠠ ᠤᠯᠠ ᠶᠢ ᠴᠠᠪᠤᠭ ᠢᠶᠠᠷ ᠬᠢᠳᠡᠭ ᠦᠭᠡᠢ᠂ ᠭᠡᠦᠭᠡᠨ ᠤᠯᠠ ᠪᠠᠨ ᠨᠠᠭᠠᠵᠤ ᠴᠢᠮᠬᠢᠭᠡᠳ ᠪᠠᠷᠠᠭᠰᠠᠨ ᠬᠤᠶᠢᠨ᠎ᠠ ᠴᠢᠮᠬᠢᠶᠡᠷᠢ ᠪᠠᠷ ᠭᠡᠷᠡᠭᠯᠡᠳᠡᠭ ᠴᠠᠭᠠᠨ ᠵᠤᠷᠪᠤᠰ ᠪᠦᠰ ᠢᠶᠠᠨ ᠬᠤᠶᠠᠷ ᠲᠠᠪᠬᠤᠷᠯᠠᠭᠠᠳ ᠭᠡᠦᠭᠡᠨ ᠤᠯᠠ ᠶᠢᠨ ᠲᠡᠭᠡᠷ᠎ᠡ ᠭᠡᠦᠭᠡᠨ ᠤᠯᠠ ᠠᠴᠠ ᠮᠡᠳᠡᠭᠳᠡᠮ᠎ᠡ ᠲᠤᠳᠠᠭᠤ ᠬᠠᠪᠰᠤᠷᠴᠤ ᠨᠠᠭᠠᠭᠠᠳ ᠲᠤᠮᠳᠠ ᠨᠢ ᠭᠠᠷᠤᠭᠰᠠᠨ ᠬᠤᠳᠤᠭᠤᠷ ᠲᠤᠳᠤᠷ᠎ᠠ ᠨᠢ ᠰᠤᠯᠠ ᠴᠠᠪᠤᠭ ᠨᠠᠭᠠᠵᠤ ᠲᠦᠬᠦᠷᠭᠡᠳᠡᠭ᠃ ᠬᠠᠳᠠᠯᠭ᠎ᠠ ᠤᠯᠠ ᠬᠢᠭᠡᠳ ᠭᠡᠦᠭᠡᠨ ᠤᠯᠠ ᠠᠴᠠ ᠤᠨᠳᠤᠤ ᠲᠡᠭᠰᠢᠯᠡᠨ ᠨᠠᠭᠠᠭᠰᠠᠨ ᠭᠡᠰᠡᠭ ᠢ ᠲᠤᠮᠳᠠ ᠤᠯᠠ ᠭᠡᠳᠡᠭ᠃ ᠲᠤᠮᠳᠠ ᠤᠯᠠ ᠶᠢ ᠵᠠᠪᠠᠯ ᠲᠤᠯᠤᠭᠠᠨ ᠲᠠᠪᠬᠤᠷ ᠨᠠᠭᠠᠬᠤ ᠲᠤᠭᠳᠠᠭᠠᠯ ᠲᠠᠢ ᠪᠢᠰᠢ ᠵᠠᠷᠢᠮ ᠳᠠᠭᠠᠨ 4 — 5 ᠲᠠᠪᠬᠤᠷ ᠴᠤ ᠨᠠᠭᠠᠳᠠᠭ᠃ ᠤᠯᠠᠩᠬᠢ ᠳᠠᠭᠠᠨ ᠵᠠᠰᠠᠯ ᠳᠤ ᠡᠮᠦᠰᠬᠦ ᠭᠤᠳᠤᠯ ᠤᠨ ᠤᠯᠠ ᠶᠢ ᠢᠯᠡᠬᠦᠦ ᠲᠠᠪᠬᠤᠷᠯᠠᠵᠤ ᠨᠠᠭᠠᠳᠠᠭ᠃ ᠬᠠᠮᠤᠭ ᠤᠨ ᠲᠤᠤᠷ᠎ᠠ ᠨᠢ ᠤᠷᠤᠳᠠᠭ ᠤᠯᠠ ᠶᠢ ᠠᠷᠤ ᠤᠯᠠ ᠭᠡᠳᠡᠭ᠃ ᠠᠷᠤ ᠤᠯᠠ ᠶᠢᠨ ᠲᠡᠭᠡᠷ᠎ᠡ ᠨᠢᠭᠡ ᠲᠠᠪᠬᠤᠷ ᠴᠠᠪᠤᠭ ᠨᠡᠮᠡᠵᠦ ᠨᠠᠭᠠᠭᠠᠳ ᠦᠪᠴᠢ ᠴᠠᠭᠠᠨ ᠢᠶᠠᠷ ᠪᠦᠷᠬᠦᠭᠡᠵᠦ ᠨᠠᠭᠠᠨ᠎ᠠ᠃ ᠡᠬᠦᠨ ᠢ ᠤᠯᠠ ᠶᠢᠨ ᠦᠩᠭᠡ ᠲᠠᠷᠤᠨ᠎ᠠ ᠭᠡᠳᠡᠭ᠃ ᠨᠠᠭᠠᠵᠤ ᠭᠠᠷᠭᠠᠭᠰᠠᠨ ᠤᠯᠠ ᠪᠠᠨ ᠲᠡᠷ᠎ᠡ ᠪᠤᠶᠤ ᠲᠤᠭᠤᠰᠬ᠎ᠠ ᠮᠡᠳᠦ ᠶᠢᠨ ᠬᠦᠨᠳᠦ ᠰᠢᠭ ᠶᠠᠭᠤᠮ᠎ᠠ ᠪᠠᠷ ᠲᠠᠷᠤᠵᠤ ᠭᠡᠳᠦᠨ ᠬᠤᠪᠢ ᠬᠠᠳᠠᠭᠰᠠᠨ ᠤ ᠲᠠᠷᠠᠭ᠎ᠠ ᠭᠠᠷᠭᠠᠵᠤ ᠲᠠᠬᠢᠨ ᠲᠡᠭᠰᠢᠯᠡᠨ ᠵᠠᠰᠠᠨ᠎ᠠ᠃     ᠨᠠᠭᠠᠵᠤ ᠬᠠᠳᠠᠭᠠᠭᠰᠠᠨ ᠤᠯᠠ ᠶᠢ ᠰᠢᠷᠢᠵᠦ ᠤᠶᠤᠬᠤ ᠳᠤ ᠰᠢᠯᠵᠢᠬᠦ ᠠᠴᠠ ᠨᠢ ᠰᠡᠷᠭᠡᠶᠢᠯᠡᠭᠡᠳ ᠤᠷᠢᠳᠠᠪᠠᠷ ᠬᠤᠯᠠ ᠬᠤᠯᠠ ᠲᠤᠭᠤᠷᠢᠭᠤᠯᠵᠤ ᠨᠢᠭᠡ ᠮᠦᠷ᠂ ᠲᠤᠮᠳᠠᠭᠤᠷ ᠨᠢ ᠨᠢᠭᠡ ᠮᠦᠷ ᠰᠢᠳᠡᠵᠦ ᠤᠶᠤᠬᠰᠠᠨ ᠬᠤᠶᠢᠨ᠎ᠠ ᠨᠢᠭᠳᠠ ᠰᠢᠭ᠋ ᠨᠢᠭᠡ ᠠᠴᠠ ᠬᠤᠶᠠᠷ ᠮᠦᠷ ᠲᠤᠭᠤᠷᠢᠭᠤᠯᠵᠤ ᠤᠶᠤᠨ᠎ᠠ᠃ ᠲᠤᠭᠤᠷᠢᠭᠤᠯᠵᠤ ᠪᠠᠷᠠᠭᠰᠠᠨ ᠤ ᠲᠠᠷᠠᠭ᠎ᠠ ᠰᠢᠳᠡᠭᠡᠷᠢ ᠪᠠᠨ ᠠᠪᠴᠤ ᠬᠠᠶᠠᠭᠠᠳ ᠲᠠᠮᠤᠵᠤ ᠪᠡᠯᠡᠳᠭᠡᠭᠰᠡᠨ ᠤᠯᠤᠰᠤᠨ ᠤᠳᠠᠰᠤ ᠪᠠᠷ ᠰᠢᠷᠢᠨ᠎ᠡ᠃ ᠪᠤᠰᠤᠳ ᠭᠤᠯᠭᠤᠮᠠᠳᠠᠭᠠᠢ ᠮᠠᠲ᠋ᠧᠷᠢᠶᠠᠯ ᠢᠶᠠᠷ ᠲᠠᠮᠤᠭᠰᠠᠨ ᠤᠳᠠᠰᠤ ᠪᠠᠷ ᠰᠢᠷᠢᠵᠦ ᠪᠤᠯᠳᠠᠭ ᠦᠭᠡᠢ᠃    ᠵᠤᠯᠤᠭ ᠪᠤᠯᠤᠨ ᠲᠦᠷᠡᠢ ᠶᠢᠨ ᠦᠯᠢᠭᠡᠷ ᠢᠶᠠᠨ ᠴᠠᠪᠤᠭ ᠲᠠᠭᠠᠨ ᠰᠢᠳᠡᠵᠦ ᠤᠶᠤᠭᠠᠳ ᠬᠠᠶᠢᠴᠢᠯᠠᠵᠤ ᠠᠪᠤᠭᠰᠠᠨ ᠬᠤᠶᠢᠨ᠎ᠠ ᠦᠩᠭᠡ ᠲᠠᠷᠤᠬᠤ ᠠᠴᠠ ᠪᠠᠨ ᠡᠮᠦᠨ᠎ᠡ ᠨᠠᠭᠠᠳᠤ ᠵᠠᠬ᠎ᠠ ᠳᠠᠭᠠᠨ ᠭᠤᠷᠪᠠ ᠠᠴᠠ ᠲᠦᠷᠪᠡᠨ ᠲᠠᠪᠬᠤᠷ ᠲᠠᠷᠤᠤ ︵ᠡᠯᠡᠭᠳᠡᠭᠰᠡᠨ ᠢᠶᠠᠷ ᠪᠠᠭ᠎ᠠ ᠰᠢᠭ᠋᠂ ᠪᠠᠬᠢ ᠰᠢᠭ ᠪᠦᠰ᠂ ᠪᠠᠰᠠ ︽ᠲᠠᠷ ᠲᠠᠢ ᠰᠢᠭ᠋ ᠪᠦᠰ︾ ᠭᠡᠳᠡᠭ︶ ᠲᠠᠢ ᠴᠢᠨᠡᠭᠡ ᠴᠠᠪᠤᠭ ᠬᠠᠳᠠᠭᠠᠬᠤ ᠳᠤ ᠭᠡᠷᠡᠭᠯᠡᠬᠦ ᠰᠤᠯᠠ ᠪᠦᠰ — ᠴᠠᠪᠤᠭ ᠤᠨ ᠪᠦᠰ ᠨᠠᠭᠠᠭᠠᠳ ᠦᠩᠭᠡ ᠲᠠᠷᠤᠨ᠎ᠠ᠃ ᠢᠩᠬᠢᠵᠦ ᠨᠠᠭᠠᠬᠤ ᠪᠦᠰ ᠢ ᠵᠤᠯᠤᠭ ᠤᠨ ᠲᠠᠪᠬᠤᠴᠠᠭ᠎ᠠ ᠭᠡᠳᠡᠭ᠃ ᠵᠤᠯᠤᠭ ᠤᠨ ᠲᠠᠪᠬᠤᠴᠠᠭ᠎ᠠ ᠨᠠᠭᠠᠬᠤ ᠳᠠᠭᠠᠨ ᠬᠠᠪᠴᠢᠶᠠᠷᠢ ᠪᠤᠯᠤᠨ ᠪᠤᠭᠤᠮ᠎ᠠ ᠶᠢᠨ ᠭᠡᠰᠡᠭ ᠲᠤ ᠰᠠᠪᠬ᠎ᠠ ᠶᠢᠨ ᠬᠢᠷᠢ ᠭᠠᠵᠠᠷ ᠦᠯᠡᠳᠡᠭᠡᠨ᠎ᠡ᠃ ᠲᠡᠭᠡᠪᠡᠯ ᠬᠤᠵᠢᠮ ᠨᠢ ᠵᠤᠯᠤᠭ ᠬᠠᠪᠴᠢᠵᠦ ᠪᠤᠭᠤᠮᠠᠯᠠᠬᠤ ᠳᠤ ᠵᠤᠬᠢᠮᠵᠢᠳᠠᠢ ᠪᠤᠯᠳᠠᠭ᠃ ᠭᠤᠳᠤᠯ ᠤᠨ ᠵᠤᠯᠤᠭ ᠢ ᠶᠡᠷᠦ ᠳᠡᠭᠡᠨ ᠲᠤᠳᠤᠯᠠᠳᠠᠭ ᠦᠭᠡᠢ᠃ ᠭᠤᠳᠤᠯ ᠤᠨ ᠦᠩᠭᠡ ᠶᠢ ᠪᠠᠷᠤᠭ ᠯᠡ ᠦᠭᠡᠳᠡᠩ ᠢᠶᠠᠷ ᠲᠠᠷᠤᠨ᠎ᠠ᠃ ᠡᠷᠳᠡ ᠳᠡᠭᠡᠨ ᠮᠠᠲ᠋ᠧᠷᠢᠶᠠᠯ ᠬᠤᠪᠤᠷ ᠪᠠᠶᠢᠬᠤ ᠳᠤ ᠠᠷᠭ᠎ᠠ ᠦᠭᠡᠢ ᠳᠡᠭᠡᠨ ᠪᠦᠰ ᠢᠶᠠᠷ ᠴᠤ ᠦᠩᠭᠡ ᠲᠠᠷᠤᠳᠠᠭ ᠪᠠᠶᠢᠵᠠᠢ᠃ ᠦᠩᠭᠡ ᠲᠠᠷᠤᠵᠤ ᠪᠠᠷᠠᠪᠠᠯ ᠵᠤᠯᠤᠭ ᠲᠦᠷᠡᠢ ᠶᠢᠨ ᠪᠦᠬᠦ ᠬᠦᠪᠡᠭᠡ ᠶᠢ ᠬᠦᠪᠦᠷᠢᠳᠦᠨ ᠤᠶᠤᠨ᠎ᠠ᠃    ᠭᠡ ᠤᠭᠠᠯᠵᠠ ᠪᠠᠨ ᠪᠠᠭᠤᠯᠭᠠᠵᠤ ᠵᠢᠷᠤᠬᠤ    ᠮᠤᠩᠭᠤᠯ ᠭᠤᠳᠤᠯ ᠤᠨ ᠵᠤᠯᠤᠭ ᠲᠦᠷᠡᠢ ᠳᠤ ᠢᠯᠠᠩᠭᠤᠶ᠎ᠠ ᠵᠤᠯᠤᠭ ᠲᠡᠭᠡᠷ᠎ᠡ ᠦᠪᠴᠢ ᠳᠤ ᠨᠢ ᠴᠡᠴᠡᠭ ᠨᠠᠪᠴᠢ᠂ ᠠᠮᠢᠳᠠᠨ ᠪᠤᠶᠤ ᠡᠯᠳᠡᠪ ᠰᠠᠶᠢᠬᠠᠨ ᠭᠡ ᠤᠭᠠᠯᠵᠠ ᠶᠢ ᠤᠷᠠᠯᠠᠳᠠᠭ᠃ ᠭᠡ ᠤᠭᠠᠯᠵᠠ ᠶᠢ ᠤᠷᠠᠯᠠᠬᠤ ᠡᠨᠡ ᠤᠳᠬ᠎ᠠ ᠠᠴᠠ ᠨᠢ ᠭᠡᠯᠡᠪᠡᠯ ᠮᠤᠩᠭᠤᠯ ᠭᠤᠳᠤᠯ ᠤᠷᠠᠯᠠᠵᠤ ᠬᠢᠬᠦ ᠠᠵᠢᠯ ᠨᠢ ᠲᠡᠷᠡ ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ ᠠᠵᠢᠯ᠃ ᠮᠤᠩᠭᠤᠯ ᠭᠤᠳᠤᠯ ᠨᠢ ᠲᠡᠷᠡ ᠴᠢᠭ ᠢᠶᠠᠷ ᠢᠶᠠᠨ ᠨᠢᠭᠡ ᠵᠦᠢᠯ ᠤᠨ ᠤᠷᠠᠯᠢᠭ ᠤᠨ ᠪᠦᠳᠦᠭᠡᠭᠳᠡᠬᠦᠨ ᠪᠤᠯᠬᠤ ᠶᠤᠮ᠃ ᠵᠠᠷᠤᠳ ᠮᠤᠩᠭᠤᠯᠴᠤᠳ ᠮᠠᠨᠢ ᠡᠨᠡ ᠬᠦ ᠦᠨᠳᠦᠰᠦᠳᠡᠨ ᠤ ᠰᠤᠶᠤᠯ ᠤᠷᠠᠯᠢᠭ ᠢᠶᠠᠨ ᠦᠨᠦᠳᠦᠷ ᠪᠤᠯᠳᠠᠯ᠎ᠠ ᠬᠠᠳᠠᠭᠠᠯᠠᠵᠤ᠂ ᠬᠠᠮᠠᠭᠠᠯᠠᠵᠤ᠂ ᠤᠯᠠᠮᠵᠢᠯᠠᠵᠤ᠂ ᠵᠠᠯᠭᠠᠮᠵᠢᠯᠠᠵᠤ ᠢᠷᠡᠭᠰᠡᠨ ᠨᠢ ᠤᠯᠵᠠᠷᠬᠠᠭᠤᠰᠢᠳᠠᠢ᠃ ᠭᠤᠳᠤᠯ ᠤᠨ ᠵᠤᠯᠤᠭ ᠲᠦᠷᠡᠢ ᠲᠡᠭᠡᠷ᠎ᠡ ᠭᠡ ᠤᠭᠠᠯᠵᠠ ᠤᠷᠠᠯᠠᠬᠤ ᠳᠤ ᠤᠷᠢᠳᠠᠪᠠᠷ ᠵᠤᠯᠤᠭ ᠲᠦᠷᠡᠢ ᠶᠢᠨ ᠦᠯᠢᠭᠡᠷ ᠬᠡᠪ ᠪᠤᠯᠬᠤ ᠴᠠᠭᠠᠰᠤᠨ ᠲᠡᠭᠡᠷ᠎ᠡ ᠭᠡ ᠤᠭᠠᠯᠵᠠ ᠪᠠᠨ ᠤᠷᠠᠯᠠᠨ ᠵᠢᠷᠤᠨ᠎ᠠ᠃ ᠠᠩᠬᠠᠨ ᠳᠠᠭᠠᠨ ᠪᠤᠯ ᠴᠠᠭᠠᠰᠤᠨ ᠦᠯᠢᠭᠡᠷ ᠲᠠᠬᠢ ᠵᠢᠷᠤᠭ ᠲᠡᠭᠡᠷ᠎ᠡ ᠪᠠᠨ ᠣᠤ ᠶᠢᠨ ᠪᠢᠷ ᠤᠨ ᠭᠡᠮᠭᠡᠳᠡᠭ ᠢ ᠵᠢᠵᠢᠭ ᠰᠠᠪᠠᠨ ᠳᠤ ᠵᠢᠭᠤᠷᠠᠭᠠᠳ ᠵᠡᠬᠦᠦ ᠶᠢᠨ ᠰᠦᠪᠡᠨ ᠲᠠᠯ᠎ᠠ ᠶᠢ ᠣᠤ ᠶᠢᠨ ᠪᠢᠷ ᠤᠨ ᠭᠡᠮᠭᠡᠳᠡᠭ ᠤᠨ ᠵᠢᠭᠤᠷᠠᠮᠠᠯ ᠳᠤ ᠲᠦᠷᠢᠵᠦ ᠠᠪᠤᠭᠠᠳ ᠭᠡ ᠤᠭᠠᠯᠵᠠ ᠶᠢᠨ ᠵᠢᠷᠤᠭᠠᠰᠤ ᠲᠠᠭᠠᠭᠤᠯᠵᠤ ᠲᠤᠷᠰᠢ ᠳᠤ ᠨᠢ ᠲᠦᠷᠬᠢᠨ᠎ᠡ᠃ ᠨᠢᠭᠡ ᠤᠳᠠᠭ᠎ᠠ ᠲᠦᠷᠬᠢᠵᠦ ᠪᠠᠷᠠᠪᠠᠯ ᠲᠡᠬᠦᠨ ᠢᠶᠠᠨ ᠵᠤᠯᠤᠭ ᠪᠤᠶᠤ ᠲᠦᠷᠡᠢ ᠶᠢᠨ ᠦᠩᠭᠡᠨ ᠲᠡᠭᠡᠷ᠎ᠡ ᠲᠡᠭᠰᠢᠭᠡᠨ ᠨᠠᠭᠠᠯᠳᠤᠭᠤᠯᠵᠤ ᠲᠠᠷᠤᠪᠠᠯ ᠵᠤᠯᠤᠭ ᠪᠤᠶᠤ ᠲᠦᠷᠡᠢ ᠶᠢᠨ ᠦᠩᠭᠡᠨ ᠲᠠᠯ᠎ᠠ ᠳᠤ ᠣᠤ ᠶᠢᠨ ᠪᠢᠷ ᠤᠨ ᠴᠠᠭᠠᠨ ᠦᠩᠭᠡᠳᠡᠢ ᠭᠡ ᠵᠢᠷᠤᠭ ᠭᠠᠷᠳᠠᠭ᠃ ᠤᠳᠤ ᠪᠤᠯ ᠤᠯᠠᠭᠠᠨ ᠪᠤᠶᠤ ᠬᠦᠭᠡ ᠪᠤᠳᠤᠭᠳᠠᠢ ᠲᠠᠷᠤᠮᠠᠯᠯᠠᠬᠤ ᠴᠠᠭᠠᠰᠤ ᠶᠢ ᠵᠤᠯᠤᠭ ᠪᠤᠯᠤᠨ ᠲᠦᠷᠡᠢ ᠶᠢᠨ ᠦᠩᠭᠡᠨ ᠲᠡᠭᠡᠷ᠎ᠡ ᠪᠠᠨ ᠴᠢᠩᠭ᠎ᠠ ᠲᠠᠷᠤᠵᠤ ᠲᠡᠭᠡᠷ᠎ᠡ ᠠᠴᠠ ᠨᠢ ᠴᠠᠭᠠᠰᠤᠨ ᠦᠯᠢᠭᠡᠷ ᠢᠶᠠᠨ ᠲᠠᠭᠠᠷᠠᠭᠤᠯᠵᠤ ᠲᠠᠷᠤᠵᠤ ᠵᠢᠷᠤᠵᠤ ᠪᠠᠶᠢᠨ᠎ᠠ᠃ ᠨᠢᠭᠡ ᠤᠳᠠᠭ᠎ᠠ ᠲᠠᠷᠤᠵᠤ ᠵᠢᠷᠤᠪᠠᠯ ᠵᠤᠯᠤᠭ ᠪᠤᠯᠤᠨ ᠲᠦᠷᠡᠢ ᠶᠢᠨ ᠦᠩᠭᠡᠨ ᠲᠠᠯ᠎ᠠ ᠳᠤ ᠤᠯᠠᠭᠠᠨ ᠪᠤᠶᠤ ᠬᠦᠭᠡ ᠪᠤᠳᠤᠭᠳᠤ ᠭᠡ ᠤᠭᠠᠯᠵᠠᠨ ᠵᠢᠷᠤᠭ ᠰᠠᠭᠤᠳᠠᠭ᠃ ᠲᠡᠬᠦᠨ ᠢᠶᠠᠨ ᠨᠡᠩ ᠲᠤᠳᠤ ᠪᠤᠯᠭᠠᠬᠤ ᠶᠢᠨ ᠲᠦᠯᠦᠭᠡ ᠲᠡᠭᠡᠷ᠎ᠡ ᠠᠴᠠ ᠨᠢ ᠮᠦᠩᠬᠦᠨ ᠦᠩᠭᠡᠳᠡᠢ ᠴᠠᠭᠠᠨ ᠪᠢᠷ ᠢᠶᠠᠷ ᠲᠠᠬᠢᠨ ᠲᠤᠳᠤᠷᠠᠭᠤᠯᠤᠨ ᠲᠠᠷᠤᠵᠤ ᠵᠢᠷᠤᠪᠠᠯ ᠭᠡ ᠤᠭᠠᠯᠵᠠ ᠨᠢ ᠮᠠᠰᠢ ᠲᠤᠳᠤᠷᠬᠠᠢ ᠪᠤᠯᠴᠢᠬᠠᠳᠠᠭ᠃ ᠨᠦᠬᠦᠭᠡ ᠲᠠᠯ᠎ᠠ ᠶᠢᠨ ᠵᠤᠯᠤᠭ ᠲᠦᠷᠡᠢ ᠲᠡᠭᠡᠷ᠎ᠡ ᠰᠢᠯᠵᠢᠬᠦᠯᠬᠦ ᠳᠤ ᠪᠠᠨ ᠤᠭ ᠤᠨ ᠵᠢᠷᠤᠭᠰᠠᠨ ᠵᠢᠷᠤᠭ ᠢᠶᠠᠨ ᠠᠪᠠᠴᠢᠵᠤ ᠲᠠᠭᠠᠷᠠᠭᠤᠯᠤᠭᠠᠳ ᠬᠦᠨᠳᠦ ᠰᠢᠭ ᠯᠤᠩᠬᠤ ᠰᠢᠭ᠋ ᠶᠠᠭᠤᠮ᠎ᠠ ᠪᠠᠷ ᠴᠢᠩᠭ᠎ᠠ ᠴᠢᠩᠭ᠎ᠠ ᠲᠠᠷᠤᠪᠠᠯ ᠪᠤᠳᠤᠭ ᠨᠢ ᠤᠷᠤᠴᠢᠬᠠᠳᠠᠭ᠃ ᠭᠡᠬᠦ ᠳᠡᠭᠡᠨ᠂ ᠢᠩᠬᠢᠵᠦ ᠣᠤ ᠶᠢᠨ ᠪᠢᠷ ᠤᠨ ᠨᠤᠨᠳᠠᠭ ᠪᠤᠶᠤ ᠲᠠᠷᠤᠮᠠᠯᠯᠠᠬᠤ ᠴᠠᠭᠠᠰᠤ ᠪᠠᠷ ᠭᠡ ᠵᠢᠷᠤᠭ ᠰᠢᠯᠵᠢᠬᠦᠯᠬᠦ ᠨᠢ ᠰᠢᠬᠯᠠᠬᠤ᠂ ᠲᠤᠭᠤᠴᠠᠬᠤ᠂ ᠤᠷᠢᠶᠠᠮᠠᠯ ᠤᠷᠢᠶᠠᠬᠤ᠂ ᠬᠠᠳᠬᠤᠮᠠᠯ ᠬᠠᠳᠬᠤᠬᠤ ᠳᠤ ᠯᠡ ᠲᠤᠬᠢᠷᠠᠳᠠᠭ ᠠᠵᠢᠯ ᠤᠨ ᠶᠠᠪᠤᠴᠠ ᠪᠤᠯᠤᠨ᠎ᠠ᠃ ᠨᠠᠭᠠᠮᠠᠯ ᠪᠤᠯᠤᠨ ᠰᠡᠶᠢᠯᠦᠮᠠᠯ ᠤᠷᠠᠯᠢᠭ ᠨᠢ ᠤᠨᠳᠤᠤ ᠤᠴᠢᠷ᠃ ᠨᠠᠭᠠᠮᠠᠯ ᠪᠤᠯᠤᠨ ᠰᠡᠶᠢᠯᠦᠮᠠᠯ ᠢ ᠤᠷᠠᠯᠠᠬᠤ ᠳᠤ ᠭᠡ ᠤᠭᠠᠯᠵᠠ ᠪᠠᠨ ᠲᠦᠷᠪᠡᠨ ᠲᠠᠪᠬᠤᠷ ᠴᠠᠭᠠᠰᠤ ᠪᠠᠷ ᠲᠠᠪᠬᠤᠷᠯᠠᠨ ᠬᠠᠶᠢᠴᠢᠯᠠᠵᠤ ᠠᠪᠤᠭᠠᠳ ᠵᠤᠯᠤᠭ ᠲᠦᠷᠡᠢ ᠶᠢᠨ ᠦᠯᠢᠭᠡᠷ ᠵᠢᠷᠤᠭ ᠲᠡᠭᠡᠷ᠎ᠡ ᠪᠠᠨ ᠨᠢᠭᠡ ᠨᠢᠭᠡ ᠪᠠᠷ ᠵᠤᠬᠢᠴᠠᠭᠤᠯᠤᠨ ᠨᠠᠭᠠᠵᠤ ᠲᠠᠭᠠᠷᠠᠭᠤᠯᠤᠨ᠎ᠠ᠃    ᠡᠷᠡᠭᠳᠡᠢ ᠬᠦᠮᠦᠨ ᠤ ᠭᠤᠳᠤᠯ ᠤᠨ ᠵᠤᠯᠤᠭ ᠲᠦᠷᠡᠢ ᠲᠡᠭᠡᠷ᠎ᠡ ᠪᠤᠯ ᠤᠯᠠᠩᠬᠢ ᠳᠠᠭᠠᠨ ᠤᠷᠢᠶᠠᠮᠠᠯ᠂ ᠰᠢᠬᠯᠠᠬᠤ᠂ ᠲᠤᠭᠤᠴᠠᠬᠤ᠂ ᠰᠡᠶᠢᠯᠦᠮᠠᠯ ᠵᠡᠷᠭᠡ ᠤᠷᠠᠯᠠᠯ ᠤᠨ ᠠᠷᠭ᠎ᠠ ᠶᠢ ᠭᠡᠷᠡᠭᠯᠡᠳᠡᠭ᠃ ᠡᠷᠡᠭᠳᠡᠢ ᠬᠦᠮᠦᠨ ᠤ ᠭᠤᠳᠤᠯ ᠳᠤ ᠨᠠᠭᠠᠮᠠᠯ ᠪᠤᠯᠤᠨ ᠬᠠᠳᠬᠤᠮᠠᠯ ᠢ ᠪᠠᠷᠤᠭ ᠭᠡᠷᠡᠭᠯᠡᠳᠡᠭ ᠦᠭᠡᠢ᠃ ᠭᠡ ᠤᠭᠠᠯᠵᠠ ᠪᠠᠨ ᠬᠠᠳᠬᠤᠮᠠᠯ᠂ ᠨᠠᠭᠠᠮᠠᠯ᠂ ᠤᠷᠢᠶᠠᠮᠠᠯ᠂ ᠰᠡᠶᠢᠮᠦᠯᠠᠯ ᠵᠡᠷᠭᠡ ᠤᠯᠠᠨ ᠭᠡᠯᠪᠡᠷᠢ ᠪᠠᠷ ᠤᠷᠠᠯᠠᠵᠤ ᠤᠶᠤᠬᠤ ᠶᠠᠪᠤᠴᠠ ᠨᠢ ᠭᠤᠳᠤᠯ ᠤᠶᠤᠳᠠᠯ ᠤᠨ ᠬᠠᠮᠤᠭ ᠤᠨ ᠶᠡᠭᠡ ᠤᠷ᠎ᠠ ᠡᠷᠳᠡᠮ ᠢ ᠰᠢᠯᠭᠠᠬᠤ ᠶᠠᠪᠤᠴᠠ ᠪᠤᠯᠬᠤ ᠶᠤᠮ᠃ ᠡᠳᠡᠭᠡᠷ ᠤᠷᠠᠯᠢᠭ ᠢ ᠤᠷᠠᠯᠠᠬᠤ ᠳᠤ ᠴᠦᠮ ᠭᠤᠳᠤᠯ ᠤᠨ ᠬᠤᠩᠰᠢᠶᠠᠷ ᠲᠠᠯ᠎ᠠ ᠠᠴᠠ ᠡᠬᠢᠯᠡᠨ᠎ᠡ᠃     ᠵᠠᠷᠤᠳ ᠨᠤᠳᠤᠭ ᠲᠤ ᠭᠤᠳᠤᠯ ᠢ ᠠᠵᠢᠯ ᠬᠦᠳᠡᠯᠮᠦᠷᠢ ᠬᠢᠬᠦ ᠳᠤ ᠡᠮᠦᠰᠬᠦ ᠠᠵᠢᠯ ᠤᠨ ᠭᠤᠳᠤᠯ ᠬᠢᠭᠡᠳ ᠨᠠᠶᠢᠷ ᠬᠤᠷᠢᠮ ᠳᠤ ᠡᠮᠦᠰᠬᠦ ᠵᠠᠰᠠᠯ ᠤᠨ ᠭᠤᠳᠤᠯ ᠭᠡᠵᠦ ᠬᠤᠶᠠᠷ ᠵᠦᠢᠯ ᠢᠶᠠᠷ ᠢᠯᠭᠠᠵᠤ ᠬᠢᠳᠡᠭ᠃ ᠠᠵᠢᠯ ᠤᠨ ᠭᠤᠳᠤᠯ ᠢ ᠪᠤᠯ ᠠᠮᠠᠷᠬᠠᠨ ᠡᠯᠡᠭᠳᠡᠳᠡᠭ ᠦᠭᠡᠢ ᠪᠦᠭᠡ ᠡᠳ᠋ ᠢᠶᠠᠷ ᠦᠩᠭᠡᠯᠡᠨ ᠬᠢᠬᠦ ᠶᠢ ᠡᠷᠬᠢᠮᠯᠡᠬᠦ ᠪᠦᠭᠡᠳ ᠪᠠᠬᠢ ᠵᠤᠵᠠᠭᠠᠨ ᠤᠶᠤᠬᠤ ᠶᠢ ᠴᠢᠬᠤᠯᠠᠴᠢᠯᠠᠨ᠎ᠠ᠃ ᠠᠵᠢᠯ ᠤᠨ ᠭᠤᠳᠤᠯ ᠲᠡᠭᠡᠷ᠎ᠡ ᠤᠯᠠᠩᠬᠢ ᠳᠠᠭᠠᠨ ᠰᠢᠬᠯᠠᠬᠤ᠂ ᠲᠤᠭᠤᠴᠠᠬᠤ᠂ ᠤᠷᠢᠶᠠᠬᠤ ᠵᠡᠷᠭᠡ ᠤᠶᠤᠳᠠᠯ ᠤᠳ ᠢ ᠤᠶᠤᠳᠠᠭ᠃ ᠵᠠᠰᠠᠯ ᠤᠨ ᠭᠤᠳᠤᠯ ᠢ ᠪᠤᠯ ᠠᠯᠢ ᠪᠤᠯᠬᠤ ᠪᠠᠷ ᠭᠤᠶᠤᠯᠠᠵᠤ ᠤᠷᠠᠯᠠᠬᠤ ᠶᠢ ᠴᠢᠬᠤᠯᠠᠴᠢᠯᠠᠨ᠎ᠠ᠃ ᠡᠮᠡᠭᠳᠡᠢ ᠬᠦᠮᠦᠨ ᠤ ᠵᠠᠰᠠᠯ ᠤᠨ ᠭᠤᠳᠤᠯ ᠢ ᠪᠤᠯ ᠨᠠᠭᠠᠮᠠᠯ ᠪᠤᠶᠤ ᠬᠠᠳᠬᠤᠮᠠᠯ ᠤᠷᠠᠯᠠᠯ ᠢᠶᠠᠷ ᠤᠷᠠᠯᠠᠳᠠᠭ᠃ ᠬᠠᠳᠬᠤᠮᠠᠯ ᠪᠤᠯ ᠲᠡᠭᠡᠷ᠎ᠡ ᠭᠡᠯᠡᠭᠰᠡᠨ ᠮᠡᠳᠦ ᠪᠠᠷ ᠭᠡ ᠤᠭᠠᠯᠵᠠ ᠪᠠᠨ ᠵᠤᠯᠤᠭ ᠲᠦᠷᠡᠢ ᠲᠡᠭᠡᠷ᠎ᠡ ᠪᠠᠨ ᠰᠢᠯᠵᠢᠬᠦᠯᠵᠦ ᠪᠠᠭᠤᠯᠭᠠᠵᠤ ᠵᠢᠷᠤᠭᠠᠳ ᠬᠠᠳᠬᠤᠨ᠎ᠠ᠃ ᠨᠠᠭᠠᠮᠠᠯ ᠨᠢ ᠬᠠᠳᠬᠤᠮᠠᠯ ᠠᠴᠠ ᠨᠡᠩ ᠢᠯᠡᠬᠦᠦ ᠪᠤᠳᠤᠯᠢᠶᠠᠨᠳᠠᠢ᠃    ᠭᠤᠳᠤᠯ ᠪᠤᠭᠤᠮᠠᠯᠠᠬᠤ ᠬᠠᠪᠴᠢᠬᠤ ᠪᠠ ᠭᠤᠳᠤᠯ ᠬᠦᠷᠪᠡᠬᠦᠯᠬᠦ    ᠵᠤᠯᠤᠭ ᠲᠦᠷᠡᠢ ᠨᠦᠭᠦᠳ ᠢᠶᠠᠨ ᠤᠷᠠᠯᠠᠵᠤ ᠤᠶᠤᠵᠤ ᠪᠠᠷᠠᠭᠰᠠᠨ ᠤ ᠬᠤᠶᠢᠨ᠎ᠠ ᠵᠤᠯᠤᠭ ᠲᠦᠷᠡᠢ ᠶᠢ ᠬᠤᠶᠠᠷ ᠬᠤᠶᠠᠷ ᠢᠶᠠᠷ ᠨᠢ ᠦᠩᠭᠡ ᠶᠢᠨ ᠲᠠᠯ᠎ᠠ ᠪᠠᠷ ᠨᠢ ᠬᠠᠪᠰᠤᠷᠴᠤ ᠪᠠᠶᠢᠭᠠᠳ ᠬᠤᠯᠪᠤᠵᠤ ᠤᠶᠤᠨ᠎ᠠ᠃ ᠡᠬᠦᠨ ᠢ ᠭᠤᠳᠤᠯ ᠪᠤᠭᠤᠮᠠᠯᠠᠬᠤ ᠭᠡᠳᠡᠭ᠃ ᠪᠤᠭᠤᠮᠠᠯᠠᠬᠤ ᠳᠠᠭᠠᠨ ᠵᠤᠯᠤᠭ ᠲᠦᠷᠡᠢ ᠬᠤᠶᠠᠷ ᠤᠨ ᠵᠠᠪᠰᠠᠷ ᠲᠤ ᠨᠢ ᠲᠠᠰᠤᠮ ᠬᠢᠵᠦ ᠨᠡᠶᠢᠯᠡᠬᠦᠯᠵᠦ ᠤᠶᠤᠨ᠎ᠠ᠃ ᠲᠠᠰᠤᠮ ᠤᠨ ᠲᠤᠭ᠎ᠠ ᠨᠢ 1 — 3 ᠪᠦᠷ ᠪᠠᠶᠢᠵᠤ ᠪᠤᠯᠤᠨ᠎ᠠ᠃ ᠡᠬᠦᠨ ᠢᠶᠠᠨ ᠨᠢᠭᠡ ᠪᠠᠷ ᠪᠤᠭᠤᠮᠠᠯᠠᠬᠤ᠂ ᠬᠤᠶᠠᠷ ᠢᠶᠠᠷ ᠪᠤᠭᠤᠮᠠᠯᠠᠬᠤ᠂ ᠭᠤᠷᠪᠠ ᠪᠠᠷ ᠪᠤᠭᠤᠮᠠᠯᠠᠬᠤ ᠭᠡᠵᠦ ᠲᠤᠰᠪᠤᠷᠢ ᠨᠡᠷᠡᠯᠡᠳᠡᠭ᠃ ᠭᠤᠳᠤᠯ ᠪᠤᠭᠤᠮᠠᠯᠠᠬᠤ ᠳᠠᠭᠠᠨ ᠬᠤᠩᠰᠢᠶᠠᠷ ᠤᠨ ᠲᠠᠯ᠎ᠠ ᠠᠴᠠ ᠡᠬᠢᠯᠡᠵᠦ ᠤᠶᠤᠨ᠎ᠠ᠃ ᠲᠠᠰᠤᠮ ᠢ ᠬᠤᠳᠠᠯᠳᠤᠭᠠᠨ ᠤ ᠭᠠᠵᠠᠷ ᠠᠴᠠ ᠠᠪᠳᠠᠭ᠃ ᠬᠤᠳᠠᠯᠳᠤᠭᠠᠨ ᠤ ᠭᠠᠵᠠᠷ ᠠᠴᠠ ᠤᠯᠳᠠᠬᠤ ᠦᠭᠡᠢ ᠪᠠᠶᠢᠳᠠᠯ ᠲᠤᠤᠷ᠎ᠠ ᠡᠯᠵᠢᠭᠡᠨ ᠠᠷᠠᠰᠤ ᠶᠢ ᠡᠯᠳᠡᠵᠦ ᠪᠤᠯᠪᠠᠰᠤᠷᠠᠭᠤᠯᠤᠭᠠᠳ ᠬᠠᠷ᠎ᠠ ᠪᠤᠳᠤᠭ ᠤᠷᠤᠭᠤᠯᠵᠤ ᠵᠠᠷᠤᠳᠠᠭ᠃ ᠭᠤᠳᠤᠯ ᠪᠤᠭᠤᠮᠠᠯᠠᠬᠤ ᠳᠤ ᠨᠡᠪᠳᠡᠭᠡᠯᠡᠬᠦ ᠤᠶᠤᠳᠠᠯ ᠢᠶᠠᠷ ᠤᠶᠤᠳᠠᠭ᠃ ᠪᠤᠭᠤᠮᠠᠯᠠᠵᠤ ᠪᠠᠷᠠᠭᠰᠠᠨ ᠤ ᠲᠠᠷᠠᠭ᠎ᠠ ᠨᠡᠶᠢᠳᠡ ᠲᠦᠷᠪᠡᠨ ᠭᠡᠰᠡᠭ ᠪᠤᠯᠤᠭᠰᠠᠨ ᠵᠤᠯᠤᠭ ᠲᠦᠷᠡᠢ ᠶᠢᠨ ᠨᠠᠶᠢᠯᠡᠪᠦᠷᠢ ᠪᠠᠨ ᠬᠤᠶᠠᠷ ᠬᠤᠶᠠᠷ ᠢᠶᠠᠷ ᠨᠢ ᠵᠠᠯᠭᠠᠵᠤ ᠨᠡᠶᠢᠯᠡᠬᠦᠯᠵᠦ ᠤᠶᠤᠬᠤ ᠳᠤ ᠪᠠᠨ ᠪᠤᠷᠪᠢ ᠲᠦᠷᠡᠢ ᠶᠢᠨ ᠭᠡᠰᠡᠭ ᠲᠤ ᠤᠯᠠᠩᠬᠢ ᠳᠠᠭᠠᠨ ᠭᠤᠷᠪᠠ ᠭᠤᠷᠪᠠᠨ ᠲᠠᠰᠤᠮ ᠬᠢᠵᠦ ᠤᠶᠤᠨ᠎ᠠ᠃ ᠢᠩᠬᠢᠵᠦ ᠤᠶᠤᠬᠤ ᠶᠢ ᠭᠤᠳᠤᠯ ᠬᠠᠪᠴᠢᠬᠤ ᠭᠡᠳᠡᠭ᠃ ᠭᠤᠷᠪᠠ ᠪᠠᠷ ᠪᠤᠭᠤᠮᠠᠯᠠᠭᠠᠳ ᠭᠤᠷᠪᠠ ᠪᠠᠷ ᠬᠠᠪᠴᠢᠬᠰᠠᠨ ᠭᠤᠳᠤᠯ ᠢ ᠦᠪᠴᠢ ᠭᠤᠷᠪᠠᠨ ᠬᠠᠪᠴᠢᠶᠠᠷᠢ ᠲᠠᠢ ᠭᠤᠳᠤᠯ ᠭᠡᠳᠡᠭ᠃ ᠭᠤᠳᠤᠯ ᠬᠠᠪᠴᠢᠬᠤ ᠳᠤ ᠤᠯᠠᠯᠠᠬᠤ ᠤᠶᠤᠳᠠᠯ ᠢᠶᠠᠷ ᠤᠶᠤᠳᠠᠭ᠃ ᠲᠠᠰᠤᠮ ᠢᠶᠠᠨ ᠬᠠᠪᠴᠢᠭᠤᠯᠬᠤ ᠳᠤ ᠪᠠᠨ ᠲᠠᠰᠤᠮ ᠤᠳ ᠤᠨ ᠵᠠᠪᠰᠠᠷ ᠲᠤ ᠨᠢ ᠨᠢᠭᠡ ᠤᠯᠤᠰᠤᠨ ᠤᠳᠠᠰᠤ ᠶᠢ ᠲᠡᠭᠰᠢᠭᠡᠨ ᠰᠠᠶᠢᠬᠠᠨ ᠬᠠᠪᠴᠢᠭᠤᠯᠤᠨ᠎ᠠ᠃ ᠤᠯᠠᠨ ᠲᠠᠰᠤᠮ ᠬᠠᠪᠴᠢᠭᠤᠯᠵᠤ ᠤᠶᠤᠬᠤ ᠳᠤ ᠪᠠᠨ ᠲᠠᠰᠤᠮ ᠤᠳ ᠤᠨ ᠦᠷᠭᠡᠨ ᠨᠠᠷᠢᠨ ᠢ ᠲᠦᠢᠯ ᠤᠨ ᠰᠠᠶᠢᠬᠠᠨ ᠲᠡᠭᠰᠢᠯᠡᠵᠦ ᠤᠶᠤᠬᠤ ᠭᠡᠷᠡᠭᠳᠡᠢ ᠪᠤᠯᠬᠤᠷ ᠤᠷᠢᠳᠠᠪᠠᠷ ᠬᠤᠯᠠ ᠬᠤᠯᠠ ᠰᠢᠳᠡᠵᠦ ᠲᠤᠭᠳᠠᠭᠠᠭᠠᠳ ᠲᠠᠷᠠᠭ᠎ᠠ ᠳᠤ ᠨᠢ ᠰᠠᠶ᠋ᠢ ᠨᠢᠭᠳᠠᠯᠠᠵᠤ ᠤᠶᠤᠨ᠎ᠠ᠃ ᠭᠤᠳᠤᠯ ᠪᠤᠭᠤᠮᠠᠯᠠᠬᠤ ᠪᠤᠶᠤ ᠬᠠᠪᠴᠢᠬᠤ ᠳᠤ ᠭᠤᠳᠤᠯ ᠤᠨ ᠵᠤᠯᠤᠭ ᠲᠦᠷᠡᠢ ᠶᠢᠨ ᠦᠩᠭᠡᠨ ᠲᠠᠯ᠎ᠠ ᠶᠢ ᠨᠢ ᠬᠠᠪᠰᠤᠷᠴᠤ ᠤᠯᠤᠰᠤᠨ ᠤᠳᠠᠰᠤ ᠪᠠᠷ ᠤᠶᠤᠳᠠᠭ ᠪᠤᠯᠬᠤᠷ ᠮᠠᠰᠢ ᠬᠠᠳᠠᠭᠤ ᠪᠠᠶᠢᠳᠠᠭ᠃ ᠭᠤᠳᠤᠯ ᠬᠠᠪᠴᠢᠬᠤ ᠳᠤ ᠪᠠᠨ ᠪᠤᠭᠤᠮ᠎ᠠ ᠶᠢᠨ ᠭᠡᠰᠡᠭ ᠲᠠᠬᠢ ᠲᠠᠰᠤᠮ ᠤᠳ ᠢ ᠮᠠᠰᠢ ᠬᠢᠴᠢᠶᠡᠵᠦ ᠲᠠᠪ ᠲᠡᠭᠰᠢᠭᠡᠨ ᠵᠤᠯᠭᠠᠭᠤᠯᠬᠤ ᠭᠡᠷᠡᠭᠳᠡᠢ᠃ ᠰᠠᠯᠠᠩ ᠡᠮᠡᠭᠳᠡᠢ ᠪᠤᠯ ᠲᠠᠰᠤᠮ ᠤᠳ ᠢ ᠲᠡᠭᠡᠭᠰᠢ ᠲᠤᠷᠤᠭᠰᠢ ᠵᠦᠷᠢᠬᠦᠯᠴᠢᠭᠡᠳᠡᠭ ᠪᠤᠯᠬᠤ ᠪᠠᠷ ᠦᠵᠡᠬᠦ ᠳᠤ ᠮᠠᠭᠤᠬᠠᠢ ᠪᠤᠯᠳᠠᠭ᠃ ᠭᠤᠳᠤᠯ ᠤᠨ ᠬᠤᠩᠰᠢᠶᠠᠷ ᠲᠠᠯ᠎ᠠ ᠶᠢ ᠤᠷᠢᠳᠠᠪᠠᠷ ᠬᠠᠪᠴᠢᠵᠤ ᠲᠠᠷᠠᠭ᠎ᠠ ᠳᠤ ᠨᠢ ᠰᠠᠶ᠋ᠢ ᠪᠤᠷᠪᠢ ᠶᠢᠨ ᠲᠠᠯ᠎ᠠ ᠶᠢ ᠨᠢ ᠬᠠᠪᠴᠢᠨ᠎ᠠ᠃    ᠭᠤᠳᠤᠯ ᠢᠶᠠᠨ ᠪᠤᠭᠤᠮᠠᠯᠠᠵᠤ᠂ ᠬᠠᠪᠴᠢᠵᠤ ᠪᠠᠷᠠᠪᠠᠯ ᠪᠤᠭᠤᠮ᠎ᠠ ᠪᠤᠯᠤᠨ ᠬᠠᠪᠴᠢᠶᠠᠷᠢ ᠶᠢᠨ ᠤᠶᠤᠳᠠᠯ ᠤᠨ ᠭᠡᠰᠡᠭ ᠢ ᠴᠢᠬᠢᠭᠳᠡᠭᠡᠵᠦ ᠭᠤᠳᠤᠯ ᠢᠶᠠᠨ ᠬᠦᠷᠪᠡᠬᠦᠯᠦᠨ᠎ᠠ᠃ ᠭᠤᠳᠤᠯ ᠬᠦᠷᠪᠡᠬᠦᠯᠬᠦ ᠪᠤᠯ ᠮᠠᠰᠢ ᠶᠡᠭᠡ ᠬᠦᠴᠦ ᠴᠢᠳᠠᠯ ᠭᠡᠷᠡᠭᠰᠡᠳᠡᠭ ᠠᠵᠢᠯ ᠪᠤᠯᠤᠨ᠎ᠠ᠃ ᠬᠦᠴᠦ ᠴᠢᠳᠠᠯ ᠮᠠᠭᠤ ᠡᠮᠡᠭᠳᠡᠢ ᠬᠦᠮᠦᠨ ᠬᠦᠷᠪᠡᠬᠦᠯᠵᠦ ᠲᠡᠶᠢᠯᠳᠡᠭ ᠠᠵᠤ ᠪᠢᠰᠢ ᠤᠴᠢᠷ ᠠᠴᠠ ᠤᠯᠠᠩᠬᠢ ᠳᠠᠭᠠᠨ ᠡᠷᠡᠭᠳᠡᠢ ᠬᠦᠮᠦᠨ ᠢᠶᠠᠷ ᠭᠤᠳᠤᠯ ᠬᠦᠷᠪᠡᠬᠦᠯᠬᠦ ᠠᠵᠢᠯ ᠢ ᠬᠢᠯᠭᠡᠳᠡᠭ᠃ ᠢᠯᠠᠩᠭᠤᠶ᠎ᠡ ᠡᠷᠡᠭᠳᠡᠢ ᠬᠦᠮᠦᠨ ᠤ ᠠᠵᠢᠯ ᠤᠨ ᠭᠤᠳᠤᠯ ᠨᠡᠩ ᠵᠤᠵᠠᠭᠠᠨ ᠪᠦᠭᠡᠳ ᠬᠠᠳᠠᠭᠤ ᠪᠠᠬᠢ ᠪᠠᠶᠢᠳᠠᠭ ᠪᠤᠯᠬᠤᠷ ᠬᠦᠴᠦ ᠴᠢᠳᠠᠯ ᠮᠠᠭᠤᠳᠠᠢ ᠡᠮᠡᠭᠳᠡᠢ ᠬᠦᠮᠦᠨ ᠬᠦᠢᠴᠡᠳᠭᠡᠵᠦ ᠲᠡᠶᠢᠯᠳᠡᠭ ᠦᠬᠡᠢ᠃ ᠭᠤᠳᠤᠯ ᠢᠶᠠᠨ ᠬᠦᠷᠪᠡᠬᠦᠯᠦᠭᠰᠡᠨ ᠤ ᠬᠤᠶᠢᠨ᠎ᠠ ᠬᠠᠪᠴᠢᠶᠠᠷᠢ ᠪᠤᠯᠤᠨ ᠪᠤᠭᠤᠮ᠎ᠠ ᠶᠢᠨ ᠴᠢᠬᠢᠭᠳᠡᠭᠡᠭᠰᠡᠨ ᠭᠡᠰᠡᠭ ᠤᠨ ᠤᠶᠤᠳᠠᠯ ᠢ ᠬᠤᠶᠠᠷ ᠲᠡᠶᠢᠰᠢ ᠲᠡᠯᠭᠡᠨ ᠢᠷᠠᠵᠤ ᠰᠦᠭᠡ ᠶᠢᠨ ᠲᠤᠬᠤ ᠪᠠᠷ ᠲᠡᠭᠰᠢᠷᠡᠳᠡᠯ᠎ᠡ ᠲᠡᠮᠳᠡᠢ ᠰᠠᠶᠢᠬᠠᠨ ᠵᠠᠨᠴᠢᠨ᠎ᠠ᠃ ᠲᠡᠭᠰᠢ ᠰᠠᠶᠢᠬᠠᠨ ᠪᠤᠯᠭᠠᠵᠤ ᠲᠡᠶᠢᠯᠬᠦ ᠦᠭᠡᠢ ᠪᠤᠯ ᠬᠦᠮᠦᠨ ᠤ ᠬᠦᠯ ᠢ ᠡᠪᠡᠳᠭᠡᠨ᠎ᠠ᠃ ᠭᠡᠳᠦ ᠬᠦᠴᠦᠳᠡᠢ ᠵᠠᠨᠴᠢᠪᠠᠯ ᠭᠤᠳᠤᠯ ᠤᠨ ᠦᠩᠭᠡ ᠡᠯᠡᠭᠳᠡᠴᠢᠭᠡᠬᠦ ᠪᠤᠶᠤ ᠤᠶᠤᠭᠰᠠᠨ ᠤᠳᠠᠰᠤ ᠨᠢ ᠲᠠᠰᠤᠷᠠᠴᠢᠬᠠᠬᠤ ᠠᠴᠠ ᠬᠢᠴᠢᠶᠡᠬᠦ ᠭᠡᠷᠡᠭᠳᠡᠢ᠃ ᠭᠤᠳᠤᠯ ᠤᠨ ᠲᠡᠭᠡᠷ᠎ᠡ ᠲᠦᠷᠡᠢ ᠶᠢᠨ ᠲᠡᠭᠡᠷ᠎ᠡ ᠬᠦᠪᠡᠭᠡ ᠶᠢ ᠤᠯᠠᠩᠬᠢ ᠳᠤ ᠪᠠᠨ ᠬᠤᠷᠭᠤᠢ ᠪᠤᠶᠤ ᠪᠦᠭᠡ ᠵᠤᠵᠠᠭᠠᠯᠢᠭ ᠪᠦᠰ ᠢᠶᠠᠷ ᠴᠢᠮᠬᠢᠵᠦ ᠬᠦᠪᠡᠭᠡᠯᠡᠵᠦ ᠤᠶᠤᠨ᠎ᠠ᠃ ᠭᠡᠬᠦ ᠳᠡᠭᠡᠨ᠂ ᠦᠩᠭᠡ ᠪᠤᠳᠤᠭ ᠵᠤᠬᠢᠴᠠᠭᠤᠯᠤᠨ ᠭᠤᠶᠤ ᠰᠠᠶᠢᠬᠠᠨ ᠪᠤᠯᠭᠠᠬᠤ ᠶᠢ ᠮᠠᠰᠢ ᠠᠩᠬᠠᠷᠴᠤ ᠤᠯᠠᠭᠠᠨ᠂ ᠨᠤᠭᠤᠭᠠᠨ᠂ ᠶᠠᠭᠠᠨ ᠮᠡᠳᠦ ᠶᠢᠨ ᠢᠯᠠ ᠲᠠᠢ ᠦᠩᠭᠡ ᠶᠢᠨ ᠪᠦᠰ ᠪᠤᠶᠤ ᠬᠤᠷᠭᠤᠢ ᠶᠢ ᠰᠤᠩᠭᠤᠨ᠎ᠠ᠃ ᠲᠦᠷᠡᠢ ᠶᠢᠨ ᠬᠦᠪᠡᠭᠡ ᠳᠤ ᠰᠠᠶᠢᠯᠪᠤᠷᠢ ᠤᠶᠤᠬᠤ ᠬᠦᠮᠦᠰ ᠴᠤ ᠪᠤᠢ᠃ ᠭᠤᠳᠤᠯ ᠢᠶᠠᠨ ᠬᠦᠷᠪᠡᠬᠦᠯᠵᠦ ᠬᠠᠪᠴᠢᠶᠠᠷᠢ ᠪᠤᠯᠤᠨ ᠪᠤᠭᠤᠮ᠎ᠠ ᠶᠢᠨ ᠤᠶᠤᠳᠠᠯ ᠤᠨ ᠭᠡᠰᠡᠭ ᠢ ᠲᠡᠭᠰᠢᠯᠡᠵᠦ ᠪᠠᠷᠠᠭᠰᠠᠨ ᠬᠤᠶᠢᠨ᠎ᠠ ᠤᠯᠠᠯᠠᠬᠤ ᠪᠠᠷ ᠪᠡᠯᠡᠳᠭᠡᠨ᠎ᠡ᠃     ᠭᠤᠳᠤᠯ ᠤᠯᠠᠯᠠᠬᠤ ᠶᠠᠪᠤᠴᠠ     ᠭᠤᠳᠤᠯ ᠤᠯᠠᠯᠠᠬᠤ ᠳᠤ ᠬᠤᠶᠠᠷ ᠦᠵᠦᠬᠦᠷ ᠲᠠᠢ ᠲᠠᠮᠤᠭᠰᠠᠨ ᠤᠨᠴᠠᠭᠠᠢ ᠰᠠᠶᠢᠨ ᠤᠯᠤᠰᠤᠨ ᠤᠳᠠᠰᠤ᠂ ᠭᠤᠷᠪᠠᠯᠵᠢᠨ ᠰᠢᠪᠦᠭᠡ ᠶᠢ ᠪᠡᠯᠡᠳᠭᠡᠵᠦ ᠵᠤᠯᠤᠭ ᠢᠶᠠᠨ ᠤᠯᠠᠯᠠᠬᠤ ᠭᠡᠰᠡᠭ ᠢᠶᠠᠷ ᠨᠢ ᠴᠢᠬᠢᠭᠳᠡᠭᠡᠵᠦ ᠲᠤᠳᠤᠭᠰᠢ ᠤᠯᠠᠯᠠᠬᠤ ᠭᠡᠮᠵᠢᠶ᠎ᠡ ᠪᠠᠨ ᠦᠵᠡᠵᠦ ᠨᠤᠭᠤᠯᠤᠭᠠᠳ ᠯᠠᠪᠳᠠᠭᠤᠨ ᠮᠦᠷ ᠤᠷᠤᠭᠤᠯᠤᠨ᠎ᠠ᠃ ᠲᠠᠷᠠᠭ᠎ᠠ ᠳᠤ ᠨᠢ ᠭᠤᠳᠤᠯ ᠤᠨ ᠵᠤᠯᠤᠭ ᠤᠨ ᠬᠤᠩᠰᠢᠶᠠᠷ ᠤᠨ ᠲᠠᠯ᠎ᠠ ᠶᠢ ᠤᠯᠠ ᠵᠤᠯᠤᠭ ᠤᠨ ᠭᠤᠤᠯ ᠳᠤ ᠨᠢ ᠲᠠᠭᠠᠷᠠᠭᠤᠯᠵᠤ ᠠᠰᠯᠠᠭᠤᠯᠵᠤ ᠪᠠᠶᠢᠭᠠᠳ ᠲᠤᠪᠬᠢᠵᠦ ᠲᠤᠭᠳᠠᠭᠠᠨ᠎ᠠ᠃ ᠲᠡᠭᠡᠭᠡᠳ ᠪᠤᠷᠪᠢ ᠶᠢᠨ ᠲᠠᠯ᠎ᠠ ᠠᠴᠠ ᠡᠬᠢᠯᠡᠵᠦ ᠤᠯᠠᠯᠠᠨ᠎ᠠ᠃ ᠭᠤᠳᠤᠯ ᠤᠯᠠᠯᠠᠬᠤ ᠳᠤ ᠤᠳᠠᠰᠤᠨ ᠤ ᠦᠵᠦᠬᠦᠷ ᠲᠤ ᠵᠡᠬᠦᠦ ᠰᠦᠪᠡᠯᠡᠳᠡᠭ ᠦᠭᠡᠢ᠃ ᠤᠷᠢᠳᠠᠪᠠᠷ ᠰᠢᠪᠦᠭᠡ ᠶᠢᠨ ᠨᠦᠭᠡ ᠪᠠᠷ ᠭᠠᠳᠠᠨ᠎ᠠ ᠲᠠᠯ᠎ᠠ ᠠᠴᠠ ᠨᠢ ᠨᠢᠭᠡ ᠤᠳᠠᠰᠤᠨ ᠰᠦᠪᠡᠭᠴᠢ ᠪᠠᠨ ᠲᠤᠳᠤᠭᠰᠢ ᠲᠠᠳᠠᠵᠤ ᠤᠷᠤᠭᠤᠯᠤᠭᠠᠳ ᠭᠠᠳᠠᠨ᠎ᠠ ᠲᠤᠳᠤᠨᠠᠬᠢ ᠤᠳᠠᠰᠤᠨ ᠤ ᠭᠡᠮᠵᠢᠶ᠎ᠡ ᠶᠢ ᠲᠡᠩᠴᠡᠬᠦᠤ ᠪᠤᠯᠭᠠᠵᠤ ᠲᠠᠳᠠᠨ᠎ᠠ᠃ ᠲᠠᠬᠢᠨ ᠭᠠᠳᠠᠨ᠎ᠠ ᠦᠯᠡᠳᠡᠭᠰᠡᠨ ᠤᠳᠠᠰᠤ ᠶᠢ ᠤᠷᠤᠭᠰᠢᠯᠡᠭᠤᠯᠵᠦ ᠬᠠᠳᠬᠤᠭᠰᠠᠨ ᠰᠢᠪᠦᠭᠡ ᠶᠢᠨ ᠨᠦᠭᠡ ᠪᠠᠷ ᠲᠤᠳᠤᠭᠰᠢ ᠭᠠᠷᠭᠠᠭᠠᠳ᠂ ᠲᠤᠳᠤᠷ ᠲᠠᠯ᠎ᠠ ᠠᠴᠠ ᠨᠢ ᠵᠤᠬᠢᠬᠤ ᠤᠷᠳᠤ ᠪᠠᠷ ᠴᠢᠩᠭᠠᠭᠠᠵᠤ ᠭᠠᠷᠭᠠᠨ ᠤᠳᠠᠰᠤᠨ ᠤ ᠡᠷᠴᠢᠮ ᠢ ᠨᠢᠭᠡ ᠭᠡᠰᠡᠭ ᠲᠤ ᠨᠢ ᠰᠤᠯᠠᠯᠠᠵᠤ ᠨᠦᠬᠦᠭᠡ ᠲᠤᠳᠤᠷ ᠲᠠᠯ᠎ᠠ ᠳᠠᠬᠢ ᠤᠳᠠᠰᠤᠨ ᠰᠦᠪᠡᠭᠴᠢ ᠪᠠᠨ ᠰᠤᠯᠠᠳᠬᠠᠭᠰᠠᠨ ᠡᠷᠴᠢᠮ ᠤᠨ ᠵᠠᠪᠰᠠᠷ ᠲᠤ ᠬᠠᠪᠴᠢᠭᠤᠯᠤᠭᠠᠳ ᠭᠠᠳᠠᠨ᠎ᠠ ᠲᠠᠯ᠎ᠠ ᠶᠢᠨ ᠤᠳᠠᠰᠤ ᠪᠠᠨ ᠭᠡᠳᠡᠷᠬᠦ ᠪᠠᠨ ᠲᠠᠳᠠᠪᠠᠯ ᠰᠠᠶ᠋ᠢ ᠶᠢᠨ ᠲᠤᠳᠤᠷ ᠲᠠᠯ᠎ᠠ ᠳᠤ ᠬᠠᠪᠴᠢᠭᠤᠯᠤᠭᠳᠠᠭᠰᠠᠨ ᠤᠳᠠᠰᠤᠨ ᠰᠦᠪᠡᠭᠴᠢ ᠭᠡᠳᠡᠷᠬᠦ ᠲᠠᠳᠠᠭᠰᠠᠨ ᠤᠳᠠᠰᠤ ᠶᠢ ᠲᠠᠭᠠᠵᠤ ᠭᠤᠳᠤᠯ ᠤᠨ ᠭᠠᠳᠠᠨ᠎ᠠ ᠲᠠᠯ᠎ᠠ ᠳᠤ ᠭᠠᠷᠴᠤ ᠢᠷᠡᠳᠡᠭ᠃ ᠲᠡᠭᠡᠭᠰᠡᠨ ᠤ ᠬᠤᠶᠢᠨ᠎ᠠ ᠭᠠᠳᠠᠨ᠎ᠠ ᠲᠤᠳᠤᠨᠠᠬᠢ ᠬᠤᠶᠠᠷ ᠰᠦᠪᠡᠭᠴᠢ ᠶᠢ ᠡᠰᠡᠷᠬᠦ ᠪᠠᠷ ᠵᠡᠷᠭᠡ ᠳᠤ ᠨᠢ ᠬᠤᠶᠠᠷ ᠲᠡᠶᠢᠰᠢ ᠴᠢᠩᠭᠠᠭᠠᠵᠤ ᠴᠢᠩᠭᠠᠯᠠᠳᠠᠭ᠃ ᠡᠨᠡ ᠮᠡᠳᠦ ᠪᠠᠷ ᠲᠠᠬᠢᠨ ᠲᠠᠪᠳᠠᠨ ᠬᠦᠢᠴᠡᠳᠭᠡᠵᠦ ᠬᠢᠨ᠎ᠡ᠃    ᠭᠤᠳᠤᠯ ᠭᠡᠯᠪᠢᠬᠦ ᠪᠠ ᠤᠶᠢᠮᠦᠰᠦ ᠤᠶᠤᠬᠤ    ᠤᠯᠠᠯᠠᠵᠤ ᠪᠠᠷᠠᠭᠰᠠᠨ ᠤ ᠲᠠᠷᠠᠭ᠎ᠠ ᠭᠤᠳᠤᠯ ᠢᠶᠠᠨ ᠴᠢᠬᠢᠭ ᠲᠠᠢ ᠪᠠᠶᠢᠬᠤ ᠶᠢ ᠵᠠᠪᠳᠤᠭᠤᠯᠤᠨ ᠬᠠᠭᠠᠰ ᠭᠤᠳᠤᠯ ᠬᠤᠮᠠᠭ ᠬᠢᠵᠦ ᠲᠤᠰᠬᠠᠶᠢᠯᠠᠨ ᠪᠡᠯᠡᠳᠭᠡᠭᠰᠡᠨ ᠬᠡᠯᠪᠢᠬᠦᠷ ᠮᠤᠳᠤ ᠪᠠᠷ ᠨᠦᠳᠦᠵᠦ ᠭᠤᠳᠤᠯ ᠢᠶᠠᠨ ᠶᠠᠩᠵᠤ ᠤᠷᠤᠭᠤᠯᠵᠤ ᠭᠡᠯᠪᠢᠨ᠎ᠡ᠃ ᠡᠪᠤᠯ ᠤᠨ ᠭᠤᠳᠤᠯ ᠳᠤ ᠪᠤᠯ ᠢᠰᠡᠭᠡᠢ ᠤᠶᠢᠮᠤᠰᠤ ᠬᠢᠬᠦ ᠪᠤᠶᠤ ᠬᠦᠪᠦᠩ ᠲᠠᠢ ᠤᠶᠢᠮᠤᠰᠤ ᠤᠶᠤᠵᠤ ᠬᠢᠨ᠎ᠡ᠃ ᠢᠰᠡᠭᠡᠢ ᠤᠶᠢᠮᠦᠰᠦ ᠶᠢ ᠪᠤᠯ ᠦᠪᠡᠷ ᠢᠶᠠᠨ ᠦᠯᠢᠭᠡᠷ ᠭᠡᠪ ᠤᠨ ᠶᠠᠩᠵᠤ ᠪᠠᠷ ᠢᠶᠠᠨ ᠬᠢᠭᠡᠳ ᠭᠠᠷᠭᠠᠴᠢᠬᠠᠳᠠᠭ ᠃ ᠬᠦᠪᠦᠩ ᠲᠠᠢ ᠤᠶᠢᠮᠦᠰᠦ ᠶᠢ ᠪᠤᠯ ᠦᠯᠢᠭᠡᠷ ᠬᠡᠪ ᠤᠨ ᠶᠤᠰᠤᠭᠠᠷ ᠤᠯᠠ ᠪᠤᠯᠤᠨ ᠲᠦᠷᠡᠢ ᠶᠢ ᠨᠢ ᠡᠰᠭᠡᠵᠦ ᠠᠪᠤᠭᠠᠳ ᠬᠦᠪᠦᠩ ᠲᠠᠯᠪᠢᠵᠦ ᠤᠶᠤᠵᠤ ᠪᠦᠳᠦᠭᠡᠨ᠎ᠡ᠃ ᠵᠠᠷᠢᠮ ᠳᠠᠭᠠᠨ ᠢᠰᠡᠭᠡᠢ ᠪᠤᠶᠤ ᠬᠦᠪᠦᠩ ᠤᠶᠢᠮᠦᠰᠦ ᠶᠢ ᠭᠤᠳᠤᠯ ᠤᠨ ᠲᠦᠷᠡᠢ ᠠᠴᠠ ᠲᠡᠭᠡᠭᠰᠢ ᠬᠤᠶᠠᠷ ᠬᠤᠷᠤᠭᠤ ᠭᠠᠷᠭᠠᠵᠤ ᠤᠶᠢᠮᠦᠰᠦᠨ ᠲᠦᠷᠡᠢ ᠪᠠᠨ ᠬᠤᠷᠭᠤᠢ ᠪᠠᠷ ᠴᠢᠮᠡᠵᠦ ᠤᠶᠤᠳᠠᠭ᠃ ᠢᠩᠬᠢᠵᠦ ᠴᠢᠮᠡᠭᠰᠡᠨ ᠭᠡᠰᠡᠭ ᠢ ᠤᠶᠢᠮᠦᠰᠦᠨ ᠤᠮᠤᠭ ᠭᠡᠳᠡᠭ᠃︵ᠳᠤᠰ ᠨᠢᠭᠤᠷ ᠤᠨ ᠡᠭᠡ ᠪᠢᠴᠢᠭ ᠢ ︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠪᠠᠭᠤᠯᠭᠠᠵᠤ᠂ ᠭᠡᠷᠡᠯ ᠵᠢᠷᠤᠬ ᠢ ᠰᠦᠯᠵᠢᠶᠡᠨ ᠠᠴᠠ ᠰᠢᠯᠵᠢᠬᠦᠯᠪᠡ︶    ᠬᠠᠮᠢᠶ᠎ᠠ ᠪᠦᠬᠦᠢ ᠬᠤᠯᠪᠤᠭᠠᠰᠦ᠄ᠮᠤᠩᠭᠤᠯ ᠭᠤᠳᠤᠯ ᠤᠨ ᠳᠦᠷᠤᠯ ᠵᠦᠢᠯ ᠪᠤᠯᠤᠨ ᠬᠤᠯᠪᠤᠭᠳᠠᠬᠤ ᠨᠡᠷᠡᠶᠢᠳᠤᠯ ᠤᠳᠮᠤᠩᠭᠤᠯ ᠭᠤᠳᠤᠯ ᠤᠨ ᠲᠦᠷᠦᠯ ᠵᠦᠢᠯᠮᠤᠩᠭᠤᠯ ᠭᠤᠳᠤᠯ ᠢ ᠶᠡᠷᠦᠩᠬᠡᠢ ᠳᠤᠨᠢ ᠠᠷᠠᠰᠤᠨ ᠭᠤᠳᠤᠯ᠂ ᠢᠰᠡᠬᠡᠢ ᠭᠤᠳᠤᠯ᠂ ᠪᠦᠰ ᠭᠤᠳᠤᠯ ᠬᠡᠵᠦ ᠭᠤᠷᠪᠡ ᠬᠤᠪᠢᠶᠡᠳᠠᠬ᠃ ᠬᠡᠯᠪᠡᠷᠢ ᠪᠠᠶᠢᠳᠠᠯ ᠢᠶᠠᠷ ᠨᠢ ᠪᠠᠰᠠ ᠰᠦᠬᠦᠬᠡᠢ ᠭᠤᠳᠤᠯ᠂ ᠦᠭᠡᠳᠡᠩ ᠭᠤᠳᠤᠯ᠂ ᠰᠤᠭᠰᠤᠯ ᠭᠤᠳᠤᠯ᠂ ᠪᠤᠶᠢᠳᠤᠬ᠂ ᠰᠦᠪᠦᠬᠡᠷ ᠭᠤᠳᠤᠯ᠂ ᠪᠠᠶᠢᠪᠠᠭ᠂ ᠲᠡᠯᠳᠧ᠂ ᠦᠨᠳᠡᠬᠡᠨ ᠬᠠᠮᠠᠷᠳᠦ ᠭᠤᠳᠤᠯ ᠬᠡᠵᠦ ᠢᠯᠭᠠᠳᠠᠭ᠃ ᠮᠤᠩᠭᠤᠯ ᠭᠤᠳᠤᠯ ᠤᠨ ᠶᠡᠷᠦᠩᠬᠡᠢ ᠤᠨᠴᠠᠯᠢᠬ ᠬᠡᠪᠡᠯ ᠲᠦᠷᠡᠢ ᠦᠨᠳᠦᠷ ᠪᠠᠶᠢᠳᠠᠭ᠃ ᠦᠨᠳᠦᠷ ᠲᠦᠷᠡᠢ ᠲᠠᠢ ᠭᠤᠳᠤᠯ ᠡᠮᠦᠰᠪᠡᠯ ᠮᠤᠷᠢ ᠤᠨᠤᠬᠤ ᠳᠤ ᠲᠦᠷᠦᠬᠡᠨ ᠰᠤᠷ ᠲᠤ ᠱᠠᠭ᠎ᠠ ᠭᠤᠯᠭᠤᠬᠤ ᠦᠬᠡᠢ ᠪᠠᠶᠢᠳᠠᠭ᠃     ᠠᠷᠠᠰᠤᠨ ᠭᠤᠳᠤᠯ ᠢ ᠪᠠᠰᠠ ᠪᠤᠯᠢᠭᠠᠷᠢ ᠭᠤᠳᠤᠯ᠂ ᠰᠢᠷᠢ ᠭᠤᠳᠤᠯ᠂ ᠬᠦᠮ ᠭᠤᠳᠤᠯ᠂ ᠲᠡᠭᠳᠡᠢ ᠭᠤᠳᠤᠯ᠂ ᠪᠠᠭᠠᠷᠳᠠᠭ ᠭᠤᠳᠤᠯ ᠬᠡᠵᠦ ᠢᠯᠭᠠᠨ᠎ᠠ᠃ ᠠᠷᠠᠰᠤᠨ ᠭᠤᠳᠤᠯ ᠤᠨ ᠤᠯᠨ ᠵᠤᠯᠤᠭ᠂ ᠲᠦᠷᠡᠢ ᠶᠢ ᠦᠬᠡᠷ ᠤᠨ ᠠᠷᠠᠰᠦ ᠪᠠᠷ ᠬᠢᠳᠡᠭ᠃ ᠮᠤᠷᠢᠨ ᠠᠷᠠᠰᠦ᠂ ᠢᠮᠠᠭᠠᠨ ᠠᠷᠠᠰᠦ ᠪᠠᠷ ᠤᠶᠤᠳᠠᠭ ᠴᠤ ᠪᠤᠢ᠃ ᠠᠷᠠᠰᠤᠨ ᠭᠤᠳᠤᠯ ᠪᠤᠯ ᠮᠠᠯᠴᠢᠳ ᠤᠨ ᠵᠤᠨ ᠡᠪᠦᠯ ᠬᠡᠰᠡᠨ ᠦᠬᠡᠢ᠂ ᠬᠦᠭᠰᠢᠨ ᠵᠠᠯᠠᠭᠤ ᠬᠡᠰᠡᠨ ᠦᠬᠡᠢ ᠴᠦᠮ ᠡᠮᠦᠰᠳᠡᠭ᠃ ᠪᠠᠭᠠᠷᠳᠠᠭ ᠭᠤᠳᠤᠯ ᠪᠤᠯ ᠠᠳᠤᠭᠤ ᠶᠢᠨ ᠰᠢᠷᠢ ᠪᠠᠷ ᠬᠢᠭᠰᠡᠨ ᠭᠤᠳᠤᠯ ᠮᠦᠨ᠃ ᠶᠡᠷᠦ ᠳᠡᠭᠡᠨ ᠪᠦᠰᠡᠳᠡᠶᠢᠴᠤᠳ ᠬᠡᠬᠡᠷ᠎ᠠ ᠬᠦᠳᠡᠭᠡ ᠠᠵᠢᠯ ᠳᠤ ᠶᠠᠪᠤᠬᠤ ᠳᠤ ᠡᠮᠦᠰᠳᠡᠭ᠃ ᠲᠡᠷᠡ ᠨᠢ ᠲᠤᠯᠠᠭᠠᠨ᠂ ᠬᠦᠩᠬᠡᠨ ᠪᠦᠬᠡᠳ ᠬᠦᠯ ᠳᠤ ᠲᠤᠬᠢᠳᠠᠢ ᠪᠠᠶᠢᠳᠠᠭ᠃     ᠢᠰᠡᠬᠡᠢ ᠭᠤᠳᠤᠯ ᠳᠤ ᠤᠶᠤᠮᠠᠯ ᠪᠠ ᠪᠤᠯᠭᠤᠮᠠᠯ ᠭᠤᠳᠤᠯ ᠬᠡᠬᠦ ᠬᠤᠶᠡᠷ ᠵᠦᠢᠯ ᠪᠤᠢ᠃ ᠤᠶᠤᠮᠠᠯ ᠢᠰᠡᠬᠡᠢ ᠭᠤᠳᠤᠯ ᠢ ᠶᠡᠷᠦ ᠳᠡᠭᠡᠨ ᠠᠷᠠᠰᠤᠨ ᠭᠤᠳᠤᠯ ᠤᠨ ᠵᠤᠯᠤᠬ ᠲᠠᠢ ᠬᠠᠮᠳᠤᠷᠠᠭᠤᠯᠤᠨ ᠤᠶᠤᠳᠠᠭ ᠨᠢ ᠤᠯᠠᠨ ᠪᠤᠢ᠃ ᠢᠰᠡᠬᠡᠢ ᠭᠤᠳᠤᠯ ᠢ ᠡᠪᠦᠯ ᠡᠮᠦᠰᠬᠦ ᠳᠤ ᠲᠤᠯᠠᠭᠠᠨ ᠮᠦᠷᠳᠡᠬᠡᠨ ᠬᠦᠡᠭᠬᠡᠨ ᠪᠠᠶᠢᠳᠠᠭ᠃ ᠢᠰᠡᠬᠡᠢ ᠪᠠᠷ ᠰᠢᠭᠤᠳ ᠵᠤᠯᠠᠵᠦ ᠪᠤᠯᠭᠤᠬᠰᠠᠨ ᠭᠤᠳᠤᠯ ᠢ ᠪᠤᠶᠢᠳᠤᠭ ᠬᠡᠵᠦ ᠨᠡᠷᠡᠯᠡᠨ᠎ᠠ᠃ ᠲᠤᠮᠦ ᠬᠦᠮᠦᠨ ᠪᠤᠶᠢᠳᠤᠬ ᠡᠮᠦᠰᠬᠦ ᠨᠢ ᠶᠡᠭᠡ ᠬᠤᠪᠤᠷ᠂ ᠬᠠᠷᠢᠨ ᠬᠡᠤᠭᠡᠳ ᠢᠯᠡᠩᠭᠤᠶ᠎ᠠ ᠨᠢᠯᠬ᠎ᠠ ᠬᠡᠤᠭᠡᠳ ᠲᠤ ᠡᠮᠦᠰᠬᠡᠬᠦ ᠨᠢ ᠤᠯᠠᠨ᠃ ᠪᠤᠶᠢᠳᠤᠭ ᠤᠨ ᠲᠦᠷᠡᠢ ᠶᠢ ᠪᠦᠴᠡ ᠪᠠᠷ ᠪᠦᠴᠡᠯᠠᠨ ᠤᠶᠠᠨ᠎ᠠ᠃     ᠪᠦᠰ ᠭᠤᠳᠤᠯ ᠢ ᠦᠬᠡᠳᠡᠩ ᠭᠤᠳᠤᠯ᠂ ᠤᠷᠢᠶᠡᠮᠡᠯ ᠭᠤᠳᠤᠯ᠂ ᠬᠠᠳᠬᠤᠮᠠᠯ ᠭᠤᠳᠤᠯ᠂ ᠰᠢᠷᠢᠮᠡᠯ ᠭᠤᠳᠤᠯ ᠬᠡᠬᠦ ᠮᠡᠳᠦ ᠪᠠᠷ ᠢᠯᠭᠠᠵᠦ ᠨᠠᠷᠠᠯᠠᠨ᠎ᠠ᠃ ᠪᠦᠰ ᠭᠤᠳᠤᠯ ᠪᠤᠯ ᠲᠦᠷᠡᠢ᠂ ᠵᠤᠯᠤᠬ᠂ ᠤᠯᠠ᠂ ᠬᠠᠪᠴᠢᠶᠡᠷᠢ᠂ ᠬᠤᠨᠭ᠍ᠰᠢᠶᠡᠷ ᠵᠡᠷᠬᠡ ᠪᠠᠷ ᠪᠦᠷᠢᠯᠳᠦᠨ᠎ᠠ᠃ ᠲᠦᠷᠡᠢ᠂ ᠵᠤᠯᠠᠭ᠂ ᠤᠯᠠ ᠶᠢ ᠤᠯᠠᠨ ᠲᠠᠪᠬᠤᠷ ᠪᠦᠰ ᠢᠶᠠᠷ ᠨᠠᠭᠠᠵᠦ᠂ ᠭᠠᠳᠠᠷᠯᠠᠵᠦ ᠲᠤᠳᠤᠷᠯᠠᠭᠠᠳ ᠤᠶᠤᠵᠦ ᠪᠦᠳᠦᠬᠡᠳᠡᠭ᠃ᠭᠤᠳᠤᠯ ᠤᠶᠤᠬᠤ ᠳᠤ ᠬᠡᠷᠡᠭᠯᠡᠬᠦ ᠵᠦᠢᠯ     ᠮᠤᠩᠭᠤᠯ ᠭᠤᠳᠤᠯ ᠤᠶᠤᠬᠤ ᠳᠤ ᠭᠤᠤᠯᠳᠠᠭᠤ ᠲᠠᠪᠤᠨ ᠬᠤᠰᠢᠭᠤ ᠮᠠᠯ ᠤᠨ ᠠᠷᠠᠰᠤ ᠶᠢ ᠢᠳᠡᠭᠡᠯᠡᠨ ᠡᠯᠳᠡᠵᠤ ᠪᠤᠯᠪᠠᠰᠤᠷᠠᠭᠤᠯᠤᠨ ᠬᠢᠭᠰᠡᠨ ᠪᠤᠯᠢᠭᠠᠷᠢ᠂ ᠰᠢᠷᠢ᠂ ᠰᠠᠷᠢᠰᠤ᠂ ᠢᠯᠡᠭᠡ᠂ ᠰᠤᠷ ᠪᠠ ᠪᠤᠳᠠ ᠮᠠᠯ ᠤᠨ ᠰᠢᠷᠪᠤᠰᠤ ᠶᠢ ᠬᠡᠷᠡᠭᠯᠡᠨ᠎ᠡ᠃ ᠪᠠᠰᠠ ᠨᠠᠷᠢᠨ ᠳᠠᠰᠮ᠎ᠠ ᠰᠤᠷ᠂ ᠬᠢᠯᠭᠠᠰᠤ᠂ ᠤᠯᠤᠰᠤ᠂ ᠳᠦᠷᠡᠰᠤ᠂ ᠮᠢᠨᠳᠠᠰᠤ ᠵᠡᠷᠭᠡ ᠶᠢ ᠬᠡᠷᠡᠭᠯᠡᠨ᠎ᠡ᠃ᠭᠤᠳᠤᠯ ᠤᠨ ᠡᠯ᠎ᠡ ᠭᠡᠰᠡᠭ ᠤᠨ ᠨᠡᠷᠡᠶᠢᠳᠤᠯ     ᠳᠦᠷᠡᠢ᠄ ᠭᠤᠳᠤᠯ ᠤᠨ ᠵᠤᠯᠤᠭ ᠤᠨ ᠳᠡᠭᠡᠷ᠎ᠡ ᠵᠠᠯᠭᠠᠬᠤ ᠭᠡᠰᠡᠭ ᠢ ᠳᠦᠷᠡᠢ ᠭᠡᠨ᠎ᠡ᠃     ᠵᠤᠯᠤᠭ᠄ ᠭᠤᠳᠤᠯ ᠤᠨ ᠳᠦᠷᠡᠢ ᠶᠢᠨ ᠳᠤᠤᠷ᠎ᠠ ᠵᠠᠯᠭᠠᠬᠤ ᠭᠡᠰᠡᠭ ᠢ ᠵᠤᠯᠤᠭ ᠭᠡᠨ᠎ᠡ᠃ᠬᠠᠪᠴᠢᠶᠠᠷᠢ᠄ ᠭᠤᠳᠤᠯ ᠤᠨ ᠳᠦᠷᠡᠢ ᠪᠤᠯᠤᠨ ᠵᠤᠯᠤᠭ᠂ ᠳᠦᠷᠡᠢ ᠪᠤᠯᠤᠨ ᠳᠦᠷᠡᠢ ᠶᠢᠨ ᠵᠠᠯᠭᠠᠬᠤ ᠭᠡᠰᠡᠭ ᠲᠤ ᠬᠠᠪᠴᠢᠭᠤᠯᠵᠤ ᠤᠶᠤᠬᠤ ᠭᠤᠷᠪᠠᠨ ᠮᠦᠷ ᠬᠠᠪᠳᠠᠭᠠᠢᠢᠯᠠᠵᠤ ᠵᠤᠰᠦᠭᠰᠡᠨ ᠰᠠᠷᠢᠰᠤ ᠶᠢ ᠬᠠᠪᠴᠢᠶᠠᠷᠢ ᠭᠡᠵᠤ ᠭᠡᠯᠡᠨ᠎ᠡ᠃     ᠵᠠᠤᠵᠠᠢ᠄ ᠭᠤᠳᠤᠯ ᠤᠨ ᠦᠰᠤᠭᠡᠢ ᠶᠢᠨ ᠳᠤᠳᠤᠷ᠎ᠠ ᠲᠠᠯ᠎ᠠ ᠳᠤ ᠤᠶᠤᠬᠤ ᠰᠢᠷᠢ ᠶᠢ ᠬᠡᠯᠡᠨ᠎ᠡ᠃ᠭᠤᠳᠤᠯ ᠤᠨ ᠳᠦᠷᠡᠶᠢᠪᠴᠢ᠄ ᠭᠤᠳᠤᠯ ᠤᠨ ᠳᠦᠷᠡᠢ ᠶᠢᠨ ᠬᠦᠪᠡᠭᠡᠨ ᠳᠤ ᠳᠡᠭᠡᠭᠰᠢ ᠢᠯᠡᠬᠦᠤ ᠭᠠᠷᠭᠠᠵᠤ ᠤᠶᠤᠬᠤ ᠪᠠ ᠦᠢᠮᠤᠰᠤᠨ ᠤ ᠳᠦᠷᠡᠢ ᠳᠤ ᠬᠠᠳᠠᠬᠤ ᠬᠦᠪᠡᠭᠡ ᠶᠢ ᠬᠡᠯᠡᠨ᠎ᠡ᠃     ᠭᠤᠳᠤᠯ ᠤᠨ ᠤᠯᠠ ᠶᠢᠨ ᠨᠡᠷᠡᠶᠢᠳᠤᠯᠶᠡᠭᠡ ᠤᠯᠠ ᠭᠡᠳᠡᠭ ᠨᠢ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ ᠭᠡᠳᠤᠨ ᠳᠠᠪᠬᠤᠷ ᠰᠢᠷᠢ ᠪᠠᠷ ᠳᠠᠪᠬᠤᠷᠯᠠᠭᠰᠡᠨ ᠪᠠᠭ᠎ᠠ ᠤᠯᠠ ᠶᠢᠨ ᠳᠤᠤᠷ᠎ᠠ ᠳᠠᠪᠬᠤᠷᠯᠠᠬᠤ ᠭᠡᠰᠡᠭ ᠢ ᠶᠡᠭᠡ ᠤᠯᠠ ᠭᠡᠨ᠎ᠡ᠃ ᠪᠠᠭ᠎ᠠ ᠤᠯᠠ ᠭᠡᠳᠡᠭ ᠨᠢ ᠶᠡᠭᠡ ᠤᠯᠠ ᠠᠴᠠ ᠪᠠᠭ᠎ᠠ ᠨᠢᠮᠭᠡᠨ ᠪᠤᠶᠤ ᠠᠳᠠᠯᠢ ᠵᠤᠵᠠᠭᠠᠨ ᠭᠡᠳᠤᠨ ᠳᠠᠪᠬᠤᠷ ᠪᠦᠰ ᠨᠠᠭᠠᠮᠠᠯ ᠢᠶᠠᠷ ᠨᠠᠭᠠᠡᠡᠰᠡᠨ ᠪᠤᠶᠤ ᠭᠡᠳᠤᠨ ᠳᠠᠪᠬᠤᠷ ᠰᠢᠷᠢ ᠶᠢᠨ ᠭᠡᠰᠡᠭ ᠢ ᠪᠠᠭ᠎ᠠ ᠤᠯᠠ ᠭᠡᠨ᠎ᠡ᠃ ᠪᠠᠭ᠎ᠠ ᠤᠯᠠ ᠶᠢᠨ ᠬᠦᠪᠡᠭᠡ ᠭᠡᠳᠡᠭ ᠨᠢ ᠪᠠᠭ᠎ᠠ ᠤᠯᠠ ᠶᠢᠨ ᠬᠦᠪᠡᠭᠡ ᠶᠢ ᠳᠤᠭᠤᠷᠢᠭᠤᠯᠤᠨ ᠬᠦᠪᠡᠭᠡᠯᠡᠵᠤ ᠤᠶᠤᠭᠰᠡᠨ ᠰᠢᠷᠢ ᠪᠤᠶᠤ ᠰᠠᠷᠢᠰᠤ ᠶᠢ ᠬᠡᠯᠡᠨ᠎ᠡ᠃ ᠭᠤᠳᠤᠯ ᠤᠨ ᠤᠯᠠ ᠭᠡᠳᠡᠭ ᠨᠢ ᠶᠡᠭᠡ ᠤᠯᠠ ᠶᠢᠨ ᠳᠡᠭᠡᠷ᠎ᠡ ᠨᠢ ᠪᠠᠭ᠎ᠠ ᠤᠯᠠ ᠪᠠᠨ ᠳᠠᠪᠬᠤᠷᠯᠠᠵᠤ ᠨᠠᠭᠠᠭᠠᠳ ᠰᠢᠷᠢᠭᠰᠡᠨ ᠭᠡᠰᠡᠭ ᠢ ᠭᠤᠳᠤᠯ ᠤᠨ ᠤᠯᠠ ᠭᠡᠨ᠎ᠡ᠃     ᠭᠤᠳᠤᠯ ᠤᠶᠤᠬᠤ ᠬᠡᠷᠡᠭᠰᠡᠯ     ᠵᠦᠰᠤᠬᠦᠷ᠂ ᠰᠡᠶᠢᠯᠤᠬᠦᠷ᠂ ᠵᠡᠬᠦᠤ᠂ ᠳᠠᠪᠠᠨᠡ᠂ ᠪᠠᠬᠢ ᠦᠢᠯᠡ ᠶᠢᠨ ᠬᠠᠶᠢᠴᠢ᠂ ᠭᠠᠨᠭ᠌ ᠰᠢᠪᠦᠭᠡ᠂ ᠵᠤᠭᠤᠳᠠᠭ ᠵᠡᠷᠭᠡ ᠶᠢᠨ ᠪᠠᠭᠠᠵᠢ ᠶᠢ ᠬᠡᠷᠡᠭᠯᠡᠨ᠎ᠡ᠃ ᠪᠠᠰᠠ ᠠᠶᠢᠯ ᠪᠦᠷᠢ ᠳᠤ ᠶᠡᠭᠡ ᠪᠠᠭ᠎ᠠ ᠬᠦᠮᠤᠨ ᠤ ᠡᠮᠤᠰᠬᠦ ᠬᠤᠪᠴᠠᠰᠤ ᠬᠤᠨᠠᠷ ᠂ ᠭᠤᠳᠤᠯ ᠤᠨ ᠡᠯ᠎ᠡ ᠭᠡᠰᠡᠭ ᠤᠨ ᠤᠯᠠᠨ ᠬᠡᠯᠪᠡᠷᠢ ᠶᠢᠨ ᠦᠯᠢᠭᠡᠷ ᠵᠬᠠᠪᠤᠷ ᠵᠡᠷᠭᠡ ᠵᠦᠢᠯ ᠢ ᠳᠡᠭᠡᠳᠤᠰ ᠠᠴᠠ ᠪᠠᠨ ᠤᠯᠠᠮᠵᠢᠯᠠᠨ ᠦᠯᠡᠳᠡᠭᠡᠭᠰᠡᠨ ᠪᠠᠶᠢᠳᠠᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号