ᠮᠤᠩᠭᠤᠯ ᠤᠨ ᠡᠷᠳᠡᠨ ᠤ ᠲᠡᠤᠬᠡᠨ ᠲᠠᠬᠢ ᠵᠠᠷᠢᠮ ᠴᠢᠬᠤᠯᠠ ᠨᠤᠮ ᠪᠢᠴᠢᠭ ᠤᠳ ᠤᠨ ᠲᠤᠪᠴᠢ ᠲᠠᠶᠢᠯᠪᠦᠷᠢ
ᠨᠡᠶᠢᠲᠡᠯᠡᠭᠰᠡᠨ ᠴᠠᠭ᠄
2018-08-01
ᠨᠢᠬᠡ᠂ ᠲᠡᠤᠬᠡᠨ ᠨᠤᠮ    1. ︽ᠮᠤᠩᠭᠤᠯ ᠤᠨ ᠨᠢᠭᠤᠴᠠ ᠲᠤᠪᠴᠢᠶᠠᠨ︾    ᠵᠤᠬᠢᠶᠠᠬᠴᠢ ᠨᠢ ᠲᠤᠳᠤ ᠪᠤᠰᠤ᠃    ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠬᠠᠮᠤᠭ ᠠᠩᠬᠠᠨ ᠤ ᠮᠤᠩᠭᠤᠯ ᠤᠨ ᠲᠡᠤᠬᠡᠨ ᠨᠤᠮ ᠮᠦᠨ᠃ ᠪᠦᠬᠦ ᠨᠤᠮ ᠳᠤ 282 ᠪᠠᠳᠠᠭ ᠲᠠᠢ᠂ 12 ᠪᠤᠶᠤ 15 ᠪᠤᠳᠢ ᠬᠡᠮᠡᠨ ᠬᠤᠶᠠᠷ ᠵᠦᠢᠯ ᠢᠶᠠᠷ ᠠᠩᠬᠢᠯᠠᠳᠠᠭ᠃ ᠲᠤᠰ ᠨᠤᠮ ᠠᠷᠪᠠᠨ ᠭᠤᠷᠪᠠᠳᠤᠭᠠᠷ ᠵᠠᠭᠤᠨ ᠤ ᠲᠤᠮᠳᠠᠴᠢ ᠪᠠᠷ ᠵᠤᠬᠢᠶᠠᠬᠳᠠᠵᠠᠢ᠃ ᠡᠨᠡ ᠪᠤᠯ ᠮᠤᠩᠭᠤᠯ ᠦᠨᠳᠦᠰᠦᠳᠡᠨ ᠤ ᠠᠩᠬᠠᠳᠠᠬᠴᠢ ᠲᠡᠤᠬᠡᠨ ᠲᠤᠯᠭᠤᠷ ᠪᠢᠴᠢᠭ ᠪᠤᠯᠬᠤ ᠮᠦᠷᠳᠡᠬᠡᠨ ᠤᠷᠠᠨ ᠵᠤᠬᠢᠶᠠᠯ ᠤᠨ ᠪᠦᠳᠦᠬᠡᠯ ᠪᠤᠯᠤᠨ᠎ᠠ᠃ ᠡᠳᠦᠭᠡ ᠶᠢᠨ ᠤᠯᠳᠠᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠭᠡᠭᠴᠢ ᠮᠢᠩ ᠤᠯᠤᠰ ᠤᠨ ᠡᠬᠢᠨ ᠤ ᠦᠶ᠎ᠡ ᠶᠢᠨ ᠬᠢᠳᠡᠳ ᠭᠠᠯᠢᠬᠯᠠᠯ ᠤᠨ ᠲᠡᠪᠳᠡᠷ ᠢ ᠮᠤᠩᠭᠤᠯᠴᠢᠯᠠᠨ ᠪᠠᠭᠤᠯᠭᠠᠬᠰᠠᠨ ᠲᠡᠪᠳᠡᠷ ᠪᠤᠯᠤᠨ᠎ᠠ᠃    ᠲᠤᠰ ᠨᠤᠮ ᠤᠨ ᠪᠦᠬᠦ᠋ᠢᠯᠡ ᠠᠭᠤᠯᠭ᠎ᠠ ᠨᠢ ᠮᠤᠩᠭᠤᠯ ᠦᠨᠳᠦᠰᠦᠳᠡᠨ ᠤ ᠡᠬᠦᠰᠦᠯ ᠭᠠᠷᠦᠯ ᠠᠴᠠ ᠡᠬᠢᠯᠡᠵᠦ᠂ ᠴᠢᠩᠭᠢᠰ ᠬᠠᠭᠠᠨ ᠠᠴᠠ ᠦᠬᠡᠳᠡᠢ ᠬᠠᠭᠠᠨ ᠤ ᠦᠶ᠎ᠡ ᠶᠢᠨ ᠬᠤᠭᠤᠷᠤᠨᠳᠤᠬᠢ᠂ ᠮᠤᠩᠭᠤᠯ ᠦᠨᠳᠦᠰᠦᠳᠡᠨ ᠨᠢ ᠠᠶᠢᠮᠠᠭ ᠤᠨ ᠨᠡᠷᠡᠶᠢᠳᠦᠯ ᠠᠴᠠ ᠦᠨᠳᠦᠰᠦᠳᠡᠨ ᠪᠤᠯᠤᠨ ᠪᠦᠷᠢᠯᠳᠦᠵᠦ᠂ ᠶᠡᠭᠡ ᠮᠤᠩᠭᠤᠯ ᠤᠯᠤᠰ ᠢ ᠪᠠᠶᠢᠭᠤᠯᠤᠨ ᠬᠦᠭᠵᠢᠬᠦᠯᠦᠭᠰᠡᠨ ᠲᠡᠤᠬᠡᠳᠦ ᠬᠡᠷᠡᠭ ᠶᠠᠪᠤᠳᠠᠯ ᠢ ᠲᠡᠮᠳᠡᠭᠯᠡᠨ ᠲᠤᠭᠠᠴᠢᠬᠰᠠᠨ ᠪᠠᠶᠢᠨ᠎ᠠ᠃    ᠡᠨᠡ ᠨᠢ ᠮᠤᠩᠭᠤᠯ ᠦᠨᠳᠦᠰᠦᠳᠡᠨ ᠤ ᠲᠡᠤᠬᠡᠨ ᠬᠦᠭᠵᠢᠯ᠂ ᠨᠡᠶᠢᠬᠡᠮ ᠠᠬᠤᠢ᠂ ᠤᠳᠬ᠎ᠠ ᠵᠤᠬᠢᠶᠠᠯ ᠪᠤᠯᠤᠨ ᠦᠬᠡ ᠬᠡᠯᠡᠨ ᠤ ᠬᠦᠭᠵᠢᠯ ᠢ ᠰᠤᠳᠤᠯᠤᠨ ᠰᠦᠪᠡᠭᠴᠢᠯᠡᠬᠦ ᠳᠤ ᠡᠷᠬᠢᠮ ᠨᠠᠨᠳᠢᠨ ᠦᠨ᠎ᠠ ᠴᠠᠨ᠎ᠠ ᠲᠠᠢ ᠪᠠᠶᠢᠳᠠᠭ᠃    ︽ᠨᠢᠭᠤᠴᠠ ᠲᠤᠪᠴᠢᠶᠠᠨ︾ ᠤ ᠤᠷᠠᠨ ᠵᠤᠬᠢᠶᠠᠯ ᠳᠤ ︽ᠴᠢᠩᠭᠢᠰ ᠤᠨ ᠡᠷ᠎ᠡ ᠬᠤᠶᠠᠷ ᠵᠢᠭᠠᠯ ᠤᠨ ᠲᠤᠭᠤᠵᠢ︾ ᠂ ︽ᠴᠢᠩᠭᠢᠰ ᠬᠠᠭᠠᠨ ᠤ ᠪᠢᠯᠢᠭ︾᠂ ︽ᠤᠶᠤᠨ ᠲᠦᠯᠬᠢᠬᠦᠷ︾᠂ ︽ᠴᠢᠩᠭᠢᠰ ᠤᠨ ᠶᠢᠰᠦᠨ ᠦᠷᠯᠦᠭ ᠲᠠᠢ ᠦᠨᠦᠴᠢᠨ ᠬᠦᠪᠡᠬᠦᠨ ᠤ ᠰᠡᠴᠡᠯᠡᠭᠰᠡᠨ ᠱᠠᠰᠳᠢᠷ︾ ᠵᠡᠷᠭᠡ ᠵᠤᠬᠢᠶᠠᠯ ᠪᠠᠭᠳᠠᠵᠦ ᠪᠤᠢ᠃    ︽ᠨᠢᠭᠤᠴᠠ ᠲᠤᠪᠴᠢᠶᠠᠨ︾ ᠤ ᠢᠷᠡᠯᠳᠡ ᠶᠢᠨ ᠲᠤᠬᠠᠢ ᠲᠡᠤᠬᠡᠨ ᠲᠡᠮᠳᠡᠭᠯᠡᠯ ᠳᠤ᠄ 1206 ᠤᠨ ᠳᠤ ᠴᠢᠩᠭᠢᠰ ᠬᠠᠭᠠᠨ ᠲᠡᠬᠦᠨ ᠤ ᠲᠡᠵᠢᠬᠡᠭᠰᠡᠨ ᠲᠡᠬᠦᠦ ᠵᠠᠷᠭᠤᠴᠢ ᠰᠢᠬᠢᠬᠤᠳᠤᠭ ᠢᠶᠠᠷ ︽ᠬᠦᠭᠡ ᠲᠡᠪᠳᠡᠷ︾ ᠪᠢᠴᠢᠬᠦᠯᠵᠡᠢ ︵ᠤᠶᠢᠭᠤᠷᠵᠢᠨ ᠮᠤᠩᠭᠤᠯ ᠦᠰᠦᠭ ᠢᠶᠠᠷ ᠪᠢᠴᠢᠭᠳᠡᠭᠰᠡᠨ ᠠᠩᠬᠠᠨ ᠤ ᠪᠢᠴᠢᠭ ᠮᠠᠲᠧᠷᠢᠶᠠᠯ︶ ᠬᠡᠰᠡᠨ ᠠᠴᠠ ᠦᠵᠡᠪᠡᠯ᠂ ᠡᠨᠡ ᠪᠤᠯ ︽ᠨᠢᠭᠤᠴᠠ ᠲᠤᠪᠴᠢᠶᠠᠨ︾ ᠤ ᠪᠢᠴᠢᠯᠳᠡ ᠶᠢᠨ ᠢᠷᠡᠯ ᠡᠬᠦᠰᠦᠯ ᠢ ᠲᠤᠳᠤᠷᠬᠠᠶᠢᠯᠠᠵᠦ ᠪᠠᠶᠢᠳᠠᠭ᠃    2. ︽ᠰᠢᠷ᠎ᠠ ᠲᠤᠭᠤᠵᠢ︾    ᠪᠦᠬᠦᠯᠢ ᠨᠡᠷ᠎ᠡ᠄ ︽ᠡᠷᠳᠡᠨ ᠤ ᠮᠤᠩᠭᠤᠯ ᠤᠨ ᠬᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ ᠤᠷᠤᠰᠢᠪᠠ︾    ᠵᠤᠬᠢᠶᠠᠬᠴᠢ ᠶᠢᠨ ᠨᠡᠷ᠎ᠡ ᠨᠢ ᠮᠡᠳᠡᠬᠡᠳᠦᠢ᠃ ᠮᠤᠩᠭᠤᠯ ᠤᠨ ᠡᠷᠳᠡᠨ ᠤ ᠬᠡᠯᠡ ᠪᠠᠷ ᠵᠤᠬᠢᠶᠠᠬᠳᠠᠬᠰᠠᠨ ᠪᠦᠬᠡᠳ ᠵᠤᠬᠢᠶᠠᠯ ᠳᠤ ᠭᠤᠤᠯᠳᠠᠭᠤ ᠮᠤᠩᠭᠤᠯ ᠦᠨᠳᠦᠰᠦᠳᠡᠨ ᠤ ᠭᠠᠷᠦᠯ ᠡᠬᠦᠰᠦᠯ ᠠᠴᠠ ᠠᠪᠤᠭᠠᠳ ᠴᠢᠩᠭᠢᠰ ᠬᠠᠭᠠᠨ ᠪᠤᠯᠤᠨ ᠲᠡᠬᠦᠨ ᠤ ᠡᠪᠦᠭᠡ ᠲᠡᠭᠡᠳᠦᠰ᠂ ᠲᠦᠷᠦᠯ ᠤᠬᠰᠠᠭ᠎ᠠ᠂ ︽ᠠᠯᠳᠠᠨ ᠤᠷᠤᠭ︾ ᠤᠨ ᠬᠡᠷᠡᠭ ᠶᠠᠪᠤᠳᠠᠯ ᠢ ᠲᠡᠮᠳᠡᠭᠯᠡᠵᠦ᠂ ᠴᠢᠨᠠᠬᠰᠢᠯᠠᠨ 17 ᠳ᠋ᠤᠭᠠᠷ ᠵᠠᠭᠤᠨ ᠤ ᠰᠡᠬᠦᠯᠴᠢ ᠦᠶ᠎ᠡ ᠶᠢᠨ ᠮᠤᠩᠭᠤᠯ ᠤᠨ ᠠᠶᠢᠮᠠᠭ ᠤᠨ ᠨᠤᠶᠠᠷᠬᠠᠯ ᠵᠢᠴᠢ ᠦᠶ᠎ᠠ ᠵᠠᠯᠭᠠᠮᠵᠢ ᠶᠢ ᠲᠡᠮᠳᠡᠭᠯᠡᠭᠰᠡᠨ ᠲᠡᠤᠬᠡ ᠶᠢᠨ ᠪᠦᠳᠦᠭᠡᠯ ᠮᠦᠨ᠃ ᠬᠡᠬᠦ ᠳᠤ ᠪᠠᠨ ᠲᠡᠷᠡ ᠪᠤᠯ ᠲᠡᠷᠡ ᠴᠢᠭ ᠢᠶᠠᠷ ᠢᠶᠠᠨ ᠤᠨ ᠲᠠᠷᠠᠭᠠᠯᠠᠬᠰᠠᠨ ᠲᠡᠤᠬᠡ ᠶᠢᠨ ᠰᠢᠨᠵᠢ ᠪᠦᠬᠦᠢ ᠲᠡᠤᠬᠡᠨ ᠰᠤᠳᠤᠷ ᠪᠤᠯᠤᠯᠳᠠᠢ᠃ ︽ᠲᠤᠪᠴᠢᠶᠠᠨ︾ ᠰᠢᠬ ᠤᠳᠬ᠎ᠠ ᠵᠤᠬᠢᠶᠠᠯ ᠤᠨ ᠪᠦᠷᠢᠯᠳᠦᠬᠦᠨ ᠪᠦᠬᠦᠢ ᠲᠡᠶᠢᠮᠦ ᠲᠡᠤᠬᠡᠨ ᠵᠤᠬᠢᠶᠠᠯ ᠪᠢᠰᠢ ᠶᠤᠮ᠃    3. ︽ᠲᠡᠯᠡᠬᠡᠢ ᠶᠢ ᠪᠠᠶᠢᠯᠳᠤᠨ ᠲᠠᠭᠠᠭᠤᠯᠤᠬᠴᠢ ᠶᠢᠨ ᠲᠡᠤᠬᠡ︾    ᠵᠤᠬᠢᠶᠠᠬᠴᠢ ᠨᠢ ᠫᠧᠷᠰ ᠤᠨ ᠠᠷᠦᠳᠢᠨ ᠠᠳ᠋ᠮᠧᠷᠢᠺ ᠵᠤᠸᠠᠶᠢᠨᠢ ᠮᠦᠨ᠃ ᠲᠡᠷᠡ ᠪᠤᠯ ᠮᠤᠩᠭᠤᠯ ᠤᠨ ᠢᠯ ᠬᠠᠭᠠᠨᠳᠤ ᠤᠯᠤᠰ ᠤᠨ ᠬᠤᠯᠤᠭᠤ ᠬᠠᠨ ᠤ ᠲᠦᠰᠢᠮᠡᠯ ᠪᠢᠯᠡ᠃ ᠲᠡᠷᠡ ᠪᠤᠯ ᠴᠢᠩᠭᠢᠰ ᠬᠠᠭᠠᠨ ᠤ ᠪᠠᠷᠠᠭᠤᠨᠰᠢ ᠲᠠᠶᠢᠯᠠᠬᠰᠠᠨ ᠶᠠᠪᠤᠴᠠ ᠶᠢ ᠨᠠᠷᠢᠨ ᠲᠡᠮᠳᠡᠭᠯᠡᠭᠰᠡᠨ ᠠᠩᠬᠠᠳᠠᠬᠴᠢ ᠲᠡᠤᠬᠡ ᠶᠢᠨ ᠡᠷᠳᠡᠮᠳᠡᠨ ᠪᠦᠭᠡᠳ ᠪᠠᠰᠠ ᠴᠤ ᠡᠨᠡ ᠲᠠᠯ᠎ᠠ ᠶᠢᠨ ᠡᠷᠬᠡ ᠬᠦᠨᠳᠦᠳᠡᠨ ᠮᠦᠨ᠃    ᠲᠤᠰ ᠨᠤᠮ ᠳᠤ ᠴᠢᠩᠭᠢᠰ ᠬᠠᠭᠠᠨ ᠠᠴᠠ ᠠᠪᠤᠭᠠᠳ ᠬᠤᠯᠤᠭᠤ ᠶᠢᠨ ᠴᠡᠷᠢᠭ ᠪᠠᠶᠢᠭᠤᠯᠤᠨ᠂ ᠢᠰᠮᠠᠶᠢᠨ ᠤ ᠪᠦᠯᠦᠭ ᠤᠨ ᠬᠤᠳᠠ ᠴᠠᠶᠢᠵᠠ ᠶᠢ ᠡᠪᠳᠡᠭᠰᠡᠨ ᠬᠦᠷᠳᠡᠯᠡᠬᠢ ᠤᠨ ᠵᠢᠯ ᠤᠳ ᠤᠨ ᠬᠡᠷᠡᠭ ᠶᠠᠪᠤᠳᠠᠯ ᠢ ᠪᠢᠴᠢᠭᠰᠡᠨ ᠪᠠᠶᠢᠨ᠎ᠠ᠃ᠪᠦᠬᠦ ᠨᠤᠮ ᠢ 3 ᠬᠡᠰᠡᠭ ᠬᠤᠪᠢᠶᠠᠵᠦ ᠪᠤᠯᠤᠨ᠎ᠠ᠄    ᠨᠢᠬᠡᠳᠦᠭᠡᠷ ᠬᠡᠰᠡᠭ ᠲᠤ᠂ ᠮᠤᠩᠭᠤᠯ ᠤᠨ ᠲᠦᠷᠦᠬᠦᠨ ᠤ ᠭᠤᠷᠪᠠᠨ ᠬᠠᠭᠠᠨ — ᠴᠢᠩᠭᠢᠰ᠂ ᠦᠬᠡᠳᠡᠢ᠂ ᠬᠦᠶᠦᠭ ᠤᠨ ᠦᠶ᠎ᠡ ᠶᠢᠨ ᠲᠡᠤᠬᠡ ᠶᠢ ᠪᠢᠴᠢᠪᠡ᠃    ᠬᠤᠶᠠᠳᠤᠭᠠᠷ ᠬᠡᠰᠡᠭ ᠲᠤ᠄ ᠬᠡᠷᠡᠭ ᠲᠡᠭᠡᠷ᠎ᠡ ᠪᠠᠨ ᠲᠦᠪ ᠠᠽᠢᠶ᠎ᠠ ᠬᠢᠭᠡᠳ ᠫᠧᠷᠰ ᠤᠨ ᠲᠡᠤᠬᠡ ᠪᠤᠯᠤᠨ᠎ᠠ᠃    ᠭᠤᠷᠪᠠᠳᠤᠭᠠᠷ ᠬᠡᠰᠡᠭ ᠨᠢ᠄ ᠶᠡᠭᠡ ᠲᠡᠯᠬᠡᠷᠡᠩᠭᠦᠢ ᠠᠭᠤᠯᠭ᠎ᠠ ᠲᠠᠢ᠂ ᠲᠤᠰ ᠬᠡᠰᠡᠭ ᠨᠢ ᠲᠤᠯᠤᠢ ᠠᠴᠠ ᠡᠬᠢᠯᠡᠵᠦ ᠶᠡᠭᠡ ᠤᠯᠠᠨ ᠬᠠᠭᠤᠳᠠᠰᠦ ᠵᠠᠷᠦᠴᠠᠭᠤᠯᠤᠨ ᠮᠦᠩᠭᠡ ᠬᠠᠭᠠᠨ ᠰᠠᠭᠤᠬᠰᠠᠨ ᠪᠤᠯᠤᠨ ᠲᠡᠬᠦᠨ ᠤ ᠨᠤᠶᠠᠷᠬᠠᠯ ᠤᠨ ᠡᠬᠢᠨ ᠤ ᠦᠶ᠎ᠡ ᠶᠢᠨ ᠲᠡᠤᠬᠡᠨ ᠬᠡᠷᠡᠭ ᠢ ᠪᠢᠴᠢᠵᠡᠢ᠃ ᠡᠨᠡ ᠬᠡᠰᠡᠭ ᠪᠤᠯ ᠬᠠᠮᠤᠭ ᠤᠨ ᠶᠡᠭᠡ ᠦᠨ᠎ᠡ ᠴᠠᠨ᠎ᠠ ᠲᠠᠢ ᠬᠡᠰᠡᠭ ᠮᠦᠨ᠃    4. ︽ᠰᠤᠳᠤᠷ ᠤᠨ ᠴᠢᠭᠤᠯᠭᠠᠨ︾ ︵︽ᠲᠡᠤᠬᠡ ᠶᠢᠨ ᠴᠤᠬᠯᠠᠭᠠᠨ︾︶    ᠵᠤᠬᠢᠶᠠᠬᠴᠢ᠄ ᠷᠠᠰᠢᠳ — ᠠᠳ — ᠳᠢᠨ ᠡᠷᠬᠢᠯᠡᠨ ᠨᠠᠶᠢᠷᠠᠭᠤᠯᠵᠦ᠂ ᠪᠤᠯᠤ ᠴᠢᠩᠰᠠᠩ ᠵᠡᠷᠭᠡ 6 ᠮᠤᠩᠭᠤᠯ ᠲᠡᠤᠬᠡᠴᠢᠨ ᠭᠤᠤᠯᠯᠠᠨ ᠪᠢᠴᠢᠪᠡ᠃    ᠷᠠᠰᠢᠳ — ᠠᠳ — ᠳᠢᠨ ︵1247 — 1317︶ ᠪᠤᠯ 14 ᠵᠠᠭᠤᠨ ᠤ ᠡᠬᠢᠨ ᠤ ᠦᠶ᠎ᠡ ᠶᠢᠨ ᠫᠧᠷᠰ ᠤᠨ ᠤᠯᠤᠰ ᠲᠦᠷᠦᠴᠢᠨ᠂ ᠲᠡᠤᠬᠡ ᠶᠢᠨ ᠡᠷᠳᠡᠮᠳᠡᠨ ᠮᠦᠨ᠃ ᠲᠡᠷᠡ ᠢᠯ ᠬᠠᠭᠠᠨ ᠬᠠᠰᠠᠨ ︵1295 — 1304︶ ᠪᠤᠯᠤᠨ ᠦᠯᠵᠡᠶᠢᠳᠤ ᠬᠠᠨ ︵1304 — 1316︶ ᠤ ᠵᠠᠷᠯᠢᠭ ᠢᠶᠠᠷ ︽ᠰᠤᠳᠤᠷ ᠤᠨ ᠴᠢᠭᠤᠯᠭᠠᠨ ︾ ᠬᠡᠬᠦ ᠨᠤᠮ ᠢ ᠡᠷᠬᠢᠯᠡᠨ ᠨᠠᠶᠢᠷᠠᠭᠤᠯᠵᠦ᠂ 10 ᠵᠢᠯ ᠤᠨ ᠬᠤᠭᠤᠴᠠᠭ᠎ᠠ ᠬᠡᠷᠡᠭᠯᠡᠨ ᠲᠤᠭᠤᠷᠪᠢᠨ ᠲᠠᠭᠤᠰᠬᠠᠵᠠᠢ᠃    ᠡᠨᠡ ᠪᠤᠯ ᠤᠷᠢᠳᠤ ᠭᠠᠷᠤᠭ᠎ᠠ ᠦᠭᠡᠢ ᠲᠡᠯᠡᠬᠡᠢ ᠶᠢᠨ ᠨᠡᠪᠳᠡᠷᠬᠡᠢ ᠲᠡᠤᠬᠡ ᠶᠢᠨ ᠴᠢᠨᠠᠷᠳᠠᠢ ᠶᠡᠭᠡ ᠪᠦᠳᠦᠭᠡᠯ ᠮᠦᠨ᠃    ᠭᠤᠷᠪᠠᠨ ᠬᠡᠰᠡᠭ ᠬᠤᠪᠢᠶᠠᠨ᠎ᠠ᠄    ᠨᠢᠬᠡᠳᠦᠭᠡᠷ ᠬᠡᠰᠡᠭ — ︽ᠮᠤᠩᠭᠤᠯ ᠤᠨ ᠲᠡᠤᠬᠡ︾    ᠬᠤᠶᠠᠳᠤᠭᠠᠷ ᠬᠡᠰᠡᠭ — ︽ᠲᠡᠯᠡᠬᠡᠢ ᠶᠢᠨ ᠲᠡᠤᠬᠡ︾    ᠭᠤᠷᠪᠠᠳᠤᠭᠠᠷ ᠬᠡᠰᠡᠭ — ︽ᠲᠡᠯᠡᠬᠡᠢ ᠶᠢᠨ ᠭᠠᠵᠠᠷ ᠤᠷᠤᠨ ᠤ ᠲᠡᠮᠳᠡᠭᠯᠡᠯ︾ ᠮᠦᠨ᠃    ᠲᠡᠬᠦᠨ ᠤ ᠲᠦᠷᠦᠬᠦᠦ ᠬᠤᠶᠠᠷ ᠬᠡᠰᠡᠭ ᠪᠤᠯᠤᠨ ᠲᠤᠳᠠᠭᠤ ᠲᠤᠷᠭᠤᠨ ᠲᠠᠭᠠᠯᠳᠤᠭᠤᠯᠤᠯ ᠪᠤᠯᠬᠤ ︽ᠠᠷᠠᠪ᠂ ᠢᠪᠷᠡᠢ᠂ ᠮᠤᠩᠭᠤᠯ ᠹᠦᠯᠠᠩ᠂ ᠲᠤᠮᠳᠠᠳᠤ ᠶᠢᠨ ᠦᠨᠳᠦᠰᠦᠳᠡᠨ ᠵᠡᠷᠭᠡ ᠲᠠᠪᠦᠨ ᠦᠨᠳᠦᠰᠦᠳᠡᠨ ᠤ ᠦᠶ᠎ᠡ ᠤᠯᠠᠮᠵᠢᠯᠠᠯ ᠤᠨ ᠴᠠᠳᠢᠭ︾ ᠨᠢ ᠯᠠ ᠤᠳᠤ ᠬᠦᠷᠳᠡᠯ᠎ᠡ ᠤᠯᠠᠮᠵᠢᠯᠠᠬᠳᠠᠬᠰᠠᠭᠠᠷ᠃    ᠲᠤᠰ ᠲᠡᠪᠳᠡᠷ ᠤᠨ ᠨᠢᠬᠡᠳᠦᠭᠡᠷ ᠬᠡᠰᠡᠭ ᠤᠨ ︽ᠮᠤᠩᠭᠤᠯ ᠤᠨ ᠲᠡᠤᠬᠡ︾ ᠨᠢ ᠨᠡᠶᠢᠳᠡ 3 ᠪᠤᠳᠢ ᠲᠠᠢ ᠪᠦᠭᠡᠳ ᠡᠷᠳᠡ ᠢᠵᠠᠭᠤᠷ ᠠᠴᠠ ᠠᠪᠤᠭᠠᠳ ᠮᠤᠩᠭᠤᠯ ᠠᠶᠢᠮᠠᠭ ᠭᠡᠵᠦ ᠨᠡᠷᠡᠯᠡᠭᠰᠡᠭᠡᠷ ᠢᠷᠡᠭᠰᠡᠨ ᠤᠭᠤᠰ ᠬᠢᠭᠡᠳ ᠤᠭᠤᠰ ᠤᠨ ᠤᠬᠰᠠᠭ᠎ᠠ ᠲᠦᠷᠦᠯ᠂ ᠦᠷ᠎ᠠ ᠠᠴᠢ ᠨᠠᠷ ᠠᠴᠠ ᠡᠬᠦᠰᠴᠦ ᠭᠠᠷᠦᠬᠰᠠᠨ ᠡᠯ᠎ᠡ ᠠᠶᠢᠮᠠᠭ᠂ ᠡᠯ᠎ᠡ ᠦᠨᠳᠦᠰᠦᠳᠡᠨ᠂ ᠵᠠᠯᠠᠶᠢᠷ᠂ ᠲᠠᠲ᠋ᠠᠷ ᠵᠡᠷᠬᠡ᠃19 ᠠᠶᠢᠮᠠᠭ ᠵᠢᠴᠢ ᠬᠡᠷᠡᠶᠢᠳ᠂ ᠨᠠᠢᠮᠠᠨ᠂ ᠤᠩᠭᠤᠳ᠂ ᠲᠠᠩᠭᠤᠳ᠂ ᠬᠡᠷᠬᠢᠰ ᠵᠡᠷᠭᠡ 9 ᠶᠡᠭᠡ ᠠᠶᠢᠮᠠᠭ᠂ ᠴᠢᠩᠭᠢᠰ ᠬᠠᠭᠠᠨ ᠤ ᠡᠪᠦᠭᠡ ᠲᠡᠭᠡᠳᠦᠰ ᠤᠨ ᠴᠠᠳᠢᠭ ᠪᠤᠯᠤᠨ 1155 — 1227 ᠤᠨ ᠤ ᠦᠶ᠎ᠡ ᠶᠢᠨ ᠴᠢᠩᠭᠢᠰ ᠬᠠᠭᠠᠨ ᠤ ᠴᠠᠳᠢᠭ᠂ ᠲᠡᠷᠡᠴᠢᠯᠡᠨ ᠮᠦᠨ ᠲᠡᠷᠡ ᠦᠶ᠎ᠡ ᠶᠢᠨ ᠠᠽᠢᠶ᠎ᠠ᠂ ᠤᠮᠠᠷᠠᠳᠤ ᠠᠹᠷᠢᠺᠠ ᠶᠢᠨ ᠡᠯ᠎ᠡ ᠤᠯᠤᠰ ᠤᠨ ᠡᠵᠡᠳ ᠤᠨ ᠨᠠᠮᠳᠠᠷ᠂ ᠴᠢᠩᠭᠢᠰ ᠬᠠᠭᠠᠨ ᠤ ᠤᠨ ᠲᠠᠷᠠᠭᠠᠯᠠᠬᠰᠠᠨ ᠶᠡᠭᠡ ᠬᠡᠷᠡᠭ ᠤᠨ ᠲᠡᠮᠳᠡᠭᠯᠡᠯ᠂ ᠴᠢᠩᠭᠢᠰ ᠬᠠᠭᠠᠨ ᠤ ᠰᠤᠷᠭᠠᠯ᠂ ᠴᠡᠷᠢᠭ ᠤᠨ ᠤᠷᠤᠨ ᠲᠤᠭ᠎ᠠ᠂ ᠫᠧᠷᠰ ᠤᠨ ᠢᠯ ᠬᠠᠭᠠᠨ ᠠᠴᠠ ᠭᠠᠳᠠᠨᠠᠬᠢ ᠴᠢᠩᠬᠢᠰ ᠬᠠᠭᠠᠨ ᠤ ᠦᠷ᠎ᠡ ᠠᠴᠢ ᠨᠠᠷ ᠤᠨ ᠲᠡᠤᠬᠡ ᠪᠤᠯᠤᠨ ᠬᠤᠯᠤᠭᠤ ᠠᠴᠠ ᠬᠠᠰᠠᠨ ᠬᠠᠭᠠᠨ ᠬᠦᠷᠳᠡᠯᠡᠬᠢ ᠢᠯ ᠬᠠᠨ ᠤ ᠲᠡᠤᠬᠡ ᠶᠢ ᠲᠤᠰ ᠲᠤᠰ ᠲᠡᠮᠳᠡᠭᠯᠡᠵᠡᠢ᠃    ᠲᠦᠷᠪᠡᠳᠦᠬᠡᠷ ᠪᠤᠳᠢ ᠠᠴᠠ ᠲᠤᠯᠤᠳᠤᠭᠠᠷ ᠪᠤᠳᠢ ᠬᠦᠷᠳᠡᠯᠡᠬᠢ ᠬᠤᠶᠠᠳᠤᠭᠠᠷ ᠬᠡᠰᠡᠭ ᠨᠢ ︽ᠲᠡᠯᠡᠬᠡᠢ ᠶᠢᠨ ᠲᠡᠤᠬᠡ ︾ ᠪᠤᠯᠬᠤ ᠪᠦᠬᠡᠳ ᠡᠬᠦᠨ ᠳᠤ ᠫᠧᠷᠰ ᠤᠨ ᠡᠷᠳᠡᠨ ᠤ ᠬᠠᠭᠠᠳ ᠤᠨ ᠲᠡᠤᠬᠡ ᠠᠴᠠ ᠱᠠᠰᠢᠨ ᠤ ᠬᠠᠭᠠᠨᠳᠤ ᠲᠦᠷᠦ ᠮᠦᠬᠦᠭᠰᠡᠨ ᠬᠦᠷᠳᠡᠯᠡᠬᠢ ᠦᠶ᠎ᠡ ᠶᠢᠨ ᠶᠠᠪᠤᠳᠠᠯ ᠤᠳ ᠢ ᠲᠡᠮᠳᠡᠭᠯᠡᠵᠡᠢ᠃ ︵ᠦᠬᠡᠳᠡᠯᠡᠬᠦ ᠰᠤᠩᠭᠤᠨ ᠡᠮᠬᠢᠳᠬᠡᠪᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号