ᠡᠷᠲᠡᠨ ᠤ ᠮᠣᠩᠭᠤᠯᠴᠣᠳ ᠤᠨ ᠭᠡᠷ ᠤᠨ ᠰᠣᠷᠭᠠᠯ ᠤᠨ ᠭᠠᠶᠢᠬᠠᠮᠰᠢᠭᠲᠣ ᠦᠢᠯᠡᠳᠦᠯ
ᠨᠡᠶᠢᠲᠡᠯᠡᠭᠰᠡᠨ ᠴᠠᠭ᠄
2020/11/26
      ᠣᠳᠣᠬᠠᠨ ᠳᠤ᠂ ᠬᠠᠣᠯᠢ ᠪᠠᠷ ᠣᠯᠣᠰ ᠢᠶᠠᠨ ᠵᠠᠰᠠᠬᠤ ᠶᠢ ᠠᠯᠬᠤᠮ ᠳᠠᠷᠠᠭ᠎ᠠ ᠲᠠᠢ ᠪᠠᠷ ᠪᠣᠳᠠᠲᠠᠶᠢᠵᠢᠭᠤᠯᠣᠨ ᠬᠡᠷᠡᠭᠵᠢᠭᠦᠯᠵᠦ ᠪᠣᠢ᠃ ᠭᠡᠪᠡᠴᠦ ᠡᠨᠡ ᠨᠢ ᠮᠣᠩᠭᠤᠯᠴᠣᠳ ᠲᠤ ᠠᠪᠴᠣ ᠬᠡᠯᠡᠪᠡᠯ᠂ ᠣᠣᠯ ᠠᠴᠠ ᠪᠠᠨ ᠪᠠᠶᠢᠭᠰᠠᠨ ᠣᠳᠣᠮᠰᠢᠯᠲᠣ ᠬᠠᠣᠯᠢ ᠶᠣᠰᠣᠨ ᠤ ᠦᠵᠡᠯ ᠣᠬᠠᠮᠰᠠᠷ ᠢ ᠲᠠᠬᠢᠨ ᠰᠡᠷᠭᠦᠭᠡᠵᠣ ᠪᠠᠶᠢᠬᠤ ᠲᠡᠳᠦᠢ ᠶᠣᠮ᠃ ᠲᠡᠣᠬᠡᠨ ᠳᠤ ᠮᠠᠨ ᠤ ᠮᠣᠩᠭᠤᠯᠴᠣᠳ ᠬᠠᠣᠯᠢ ᠲᠠᠢ ᠪᠠᠶᠢᠭᠰᠠᠨ ᠪᠦᠭᠡᠳ ᠬᠠᠣᠯᠢ ᠶᠢᠨ ᠦᠵᠡᠯ ᠣᠬᠠᠮᠰᠠᠷ ᠢᠶᠠᠷ ᠴᠢᠩᠭ᠎ᠠ ᠪᠠᠶᠢᠭᠰᠠᠨ ᠭᠡᠳᠡᠭ ᠢ ᠲᠡᠣᠬᠡᠨ ᠲᠣᠯᠭᠤᠷ ᠪᠢᠴᠢᠭ ᠪᠣᠯᠬᠤ ︽ᠮᠣᠩᠭᠤᠯ ᠤᠨ ᠨᠢᠭᠤᠴᠠ ᠲᠣᠪᠴᠢᠶᠠᠨ︾ ᠳᠤ ᠲᠡᠮᠳᠡᠭᠯᠡᠵᠣ ᠪᠣᠢ᠃ ᠮᠣᠩᠭᠤᠯᠴᠣᠳ ᠡᠷᠲᠡᠨ ᠳᠡᠭᠡᠨ ᠬᠦᠮᠦᠨ ᠮᠡᠬᠡᠯᠡᠬᠦ ᠦᠭᠡᠢ᠂ ᠬᠤᠳᠠᠯ ᠬᠤᠯᠠᠭᠠᠢ ᠬᠢᠬᠦ ᠦᠭᠡᠢ᠂ ᠬᠠᠭᠤᠷᠮᠠᠭ ᠶᠠᠭᠤᠮ᠎ᠠ ᠵᠣᠬᠢᠶᠠᠬᠤ ᠦᠭᠡᠢ᠂ ᠬᠡᠷᠡᠯᠳᠣᠵᠣ ᠦᠢᠮᠡᠭᠡᠨ ᠭᠠᠷᠭᠠᠬᠤ ᠦᠭᠡᠢ ᠪᠠᠶᠢᠬᠤ ᠵᠡᠷᠭᠡ ᠶᠢᠨ ᠰᠠᠶᠢᠨ ᠰᠠᠶᠢᠬᠠᠨ ᠵᠠᠩ ᠮᠣᠷᠠᠯ ᠲᠠᠢ ᠪᠠᠶᠢᠳᠠᠭ᠃ ᠡᠨᠡ ᠨᠢ ᠪᠦᠷ ᠲᠡᠷᠡ ᠦᠶ᠎ᠡ ᠶᠢᠨ ᠬᠠᠣᠯᠢ ᠳᠤ ᠴᠢᠩᠭ᠎ᠠ ᠲᠣᠭᠲᠠᠭᠠᠯ ᠲᠠᠢ ᠪᠠᠶᠢᠭᠰᠠᠨ ᠠᠴᠠ ᠪᠣᠯᠣᠭᠰᠡᠨ ᠶᠣᠮ᠃ ᠮᠣᠩᠭᠤᠯᠴᠣᠳ ᠤᠨ ᠬᠦᠮᠦᠵᠢᠯ ᠪᠣᠯᠪᠠᠰᠣᠷᠠᠯ ︵ᠡᠭᠦᠨ ᠳᠤ ᠬᠠᠣᠯᠢ ᠶᠢᠨ ᠬᠦᠮᠦᠵᠢᠯ ᠪᠠᠭᠲᠠᠭᠠᠭᠳᠠᠨ᠎ᠠ︶ ᠪᠦᠷ ᠭᠡᠷ ᠤᠨ ᠰᠣᠷᠭᠠᠯ ᠠᠴᠠ ᠡᠬᠢᠯᠡᠳᠡᠭ ᠪᠣᠯᠬᠤᠷ ᠮᠣᠩᠭᠤᠯᠴᠣᠳ ᠤᠨ ᠬᠠᠣᠯᠢ ᠶᠢᠨ ᠦᠵᠡᠯ ᠣᠬᠠᠮᠰᠠᠷ ᠨᠢ ᠴᠤ ᠠᠯᠢ ᠬᠡᠳᠦ᠋ᠢᠨ ᠠᠴᠠ ᠣᠳᠣᠮᠰᠢᠯᠲᠣ ᠭᠡᠷ ᠤᠨ ᠰᠣᠷᠭᠠᠯ ᠪᠣᠯᠵᠣ᠂ ᠬᠠᠣᠯᠢ ᠵᠠᠰᠠᠭ ᠤᠨ ᠴᠢᠬᠤᠯᠠ ᠪᠦᠷᠢᠯᠳᠦᠭᠦᠨ ᠬᠡᠰᠡᠭ ᠪᠣᠯᠣᠭᠰᠠᠨ ᠪᠠᠶᠢᠨ᠎ᠠ᠃ ︽ᠨᠢᠭᠤᠴᠠ ᠲᠣᠪᠴᠢᠶᠠᠨ︾ ᠳᠤ ᠴᠢᠩᠭᠢᠰ ᠤᠨ ᠵᠠᠰᠠᠭ ᠢ ᠠᠮᠠ ᠪᠠᠷ ᠴᠡᠭᠡᠵᠢᠯᠡᠭᠦᠯᠦᠨ ᠣᠯᠠᠮᠵᠢᠯᠠᠭᠤᠯᠣᠨ ᠬᠦᠮᠦᠰ ᠤᠨ ᠰᠡᠳᠬᠢᠯ ᠳᠤ ᠦᠨᠢᠳᠡ ᠬᠠᠳᠠᠩᠰᠢᠭᠰᠠᠨ ᠪᠠᠶᠢᠳᠠᠭ᠃ ᠣᠳᠣ ᠴᠦ ᠭᠡᠳ ᠠᠷᠠᠳ ᠤᠨ ᠳᠣᠮᠳᠠ ᠣᠯᠠᠮᠵᠢᠯᠠᠭᠳᠠᠵᠣ ᠶᠠᠷᠢᠵᠣ ᠪᠠᠶᠢᠬᠤ ᠪᠠ ︽ᠠᠯᠢ ᠠᠯᠢ ᠠᠶᠢᠯ ᠤᠨ ᠭᠡᠷ ᠤᠨ ᠰᠣᠷᠭᠠᠯ ᠴᠢᠩᠭ᠎ᠠ᠂ ᠠᠯᠢ ᠠᠯᠢ ᠠᠶᠢᠯ ᠤᠨ ᠬᠡᠣᠭᠡᠳ  ᠶᠤᠰᠤ ᠮᠣᠷᠠᠯ ᠲᠠᠢ ᠁︾ ᠭᠡᠵᠡᠭᠡᠳᠡᠭ᠃ ᠰᠡᠭᠦᠯ ᠤᠨ ᠦᠶ᠎ᠡ ᠪᠣᠯᠵᠣ ᠢᠷᠡᠭᠡᠳ ᠨᠡᠶᠢᠭᠡᠮ ᠤᠨ ᠨᠦᠯᠦᠭᠡ ᠠᠴᠠ ᠪᠣᠯᠣᠭᠠᠳ᠂ ᠮᠣᠩᠭᠤᠯᠴᠣᠳ ᠤᠨ ᠣᠯᠠᠮᠵᠢᠯᠠᠯᠳᠣ ᠵᠦᠢᠯᠡᠰ ᠶᠠᠪᠣᠬᠤ ᠲᠣᠰᠣᠮ ᠢᠶᠠᠨ ᠬᠠᠶᠢᠯᠣᠭᠳᠠᠵᠣ᠂ ᠰᠣᠷᠭᠠᠯ ᠦᠭᠡ᠂ ᠴᠡᠭᠡᠷ ᠶᠣᠰᠣᠨ ᠵᠡᠷᠭᠡ ᠨᠢ ᠶᠠᠷᠢᠭᠳᠠᠬᠤ ᠪᠠᠨ ᠪᠣᠯᠢᠵᠣ᠂ ᠠᠯᠢᠪᠠ ᠪᠦᠬᠦᠨ ᠪᠦᠷ ︽ᠠᠰᠢᠭ ᠬᠠᠷᠠᠬᠤ︾ ᠪᠣᠯᠵᠣ᠂ ᠮᠣᠩᠭᠤᠯᠴᠣᠳ ᠤᠨ ᠣᠣᠯ ᠠᠴᠠ ᠪᠠᠨ ᠪᠠᠶᠢᠭᠰᠠᠨ ᠣᠬᠠᠮᠰᠠᠷᠲᠣ ᠵᠦᠢᠯᠡᠰ ᠢᠳᠡᠭ ᠢᠳᠡᠭ ᠢᠶᠠᠷ ᠦᠭᠡᠶᠢᠰᠭᠡᠭᠳᠡᠭᠰᠡᠨ ᠪᠠᠶᠢᠨ᠎ᠠ᠃ ᠣᠷᠴᠢᠮ ᠤᠨ ᠵᠢᠯ ᠤᠨ ᠨᠡᠶᠢᠭᠡᠮ ᠤᠨ ᠪᠠᠶᠢᠳᠠᠯ ᠠᠴᠠ ᠦᠵᠡᠪᠡᠯ᠂ ᠠᠵᠤ ᠠᠬᠤᠢ ᠶᠢᠨ ᠲᠠᠯ᠎ᠠ ᠪᠠᠷ ᠠᠰᠣᠷᠣ ᠶᠡᠭᠡ ᠠᠮᠵᠢᠯᠲᠠ ᠣᠯᠣᠭᠰᠡᠨ ᠪᠣᠯᠪᠠᠴᠣ᠂ ᠦᠵᠡᠯ ᠰᠠᠨᠠᠭᠠᠨ ᠤ ᠲᠠᠯ᠎ᠠ ᠪᠠᠷ ᠬᠠᠮᠲᠣᠴᠢ ᠦᠵᠡᠯ ᠪᠠᠭᠠᠰᠴᠣ᠂ ᠬᠤᠪᠢᠨᠴᠢᠷ ᠦᠵᠡᠯ ᠦᠵᠦᠭᠦᠷ ᠬᠢᠵᠠᠭᠠᠷ ᠦᠭᠡᠢ ᠶᠡᠬᠡᠰᠦᠭᠡᠳ ᠬᠠᠣᠯᠢ ᠶᠢᠨ ᠣᠬᠠᠮᠰᠠᠷ ᠢ ᠲᠠᠬᠢᠨ ᠰᠡᠷᠭᠦᠭᠡᠬᠦ ᠳᠤ ᠨᠢᠭᠡᠨ ᠣᠳᠠᠭᠠᠨ ᠳᠠᠭᠠᠭᠠᠮᠠᠭᠠᠢ ᠶᠠᠪᠣᠴᠠ ᠶᠢ ᠬᠡᠷᠡᠭᠯᠡᠬᠦ ᠪᠣᠯᠣᠭᠰᠠᠨ ᠪᠠᠶᠢᠨ᠎ᠠ᠃ ᠲᠡᠳᠡᠭᠡᠷ ᠬᠠᠣᠯᠢ ᠶᠢᠨ ᠣᠬᠠᠮᠰᠠᠷ ᠲᠠᠢ ᠳᠡᠯᠡᠬᠡᠢ ᠶᠢᠨ ᠣᠯᠣᠰ ᠣᠷᠣᠨ ᠤ ᠪᠠᠶᠢᠳᠠᠯ ᠢ ᠰᠢᠨᠵᠢᠯᠡᠪᠡᠯ᠂ ᠬᠡᠳᠣᠨ ᠵᠠᠭᠤᠨ ᠵᠢᠯ᠂ ᠬᠡᠳᠣᠨ ᠦᠶ᠎ᠡ ᠶᠢᠨ ᠬᠢᠨ ᠤ ᠬᠠᠯᠠᠭᠳᠠᠯ ᠢ ᠬᠡᠷᠡᠭᠰᠡᠮᠡᠨᠵᠢᠨ ᠰᠠᠶ᠋ᠢ ᠴᠢᠮᠦᠭᠡᠨ ᠳᠤᠨᠢ ᠣᠷᠣᠭᠰᠡᠨ ᠬᠠᠣᠯᠢ ᠶᠢᠨ ᠣᠬᠠᠮᠰᠠᠷ ᠲᠠᠢ ᠪᠣᠯᠣᠭᠰᠡᠨ ᠪᠠᠶᠢᠨ᠎ᠠ᠃ ᠡᠷᠲᠡᠨ ᠤ ᠮᠣᠩᠭᠤᠯᠴᠣᠳ ᠰᠢᠬ ᠢᠶᠠᠨ ᠬᠠᠣᠯᠢ ᠶᠢᠨ ᠣᠬᠠᠮᠰᠠᠷ ᠢ ᠣᠯᠠᠮᠵᠢᠯᠠᠯᠲᠣ ᠭᠡᠷ ᠤᠨ ᠰᠣᠷᠭᠠᠯ ᠤᠨ ᠬᠡᠯᠪᠡᠷᠢ ᠪᠠᠷ ᠨᠡᠪᠴᠢᠭᠦᠯᠵᠣ ᠪᠠᠶᠢᠭᠰᠠᠨ ᠰᠣᠷᠭᠠᠨ ᠬᠦᠮᠦᠵᠢᠯ ᠣᠳᠣᠬᠠᠨ ᠳᠠᠭᠠᠨ ᠲᠣᠩ ᠬᠤᠪᠣᠷ ᠬᠠᠷᠠᠭᠳᠠᠨ᠎ᠠ᠃ ᠡᠭᠦᠨ ᠠᠴᠠ ᠦᠵᠡᠬᠦ ᠳᠤ᠂ ᠮᠠᠨ ᠤ ᠮᠣᠩᠭᠤᠯᠴᠣᠳ ᠤᠨ ᠭᠡᠷ ᠤᠨ ᠰᠣᠷᠭᠠᠯ ᠬᠡᠴᠢᠨᠡᠨ ᠠᠭᠤᠣ ᠶᠡᠭᠡ ᠭᠡᠳᠡᠭ ᠢ ᠮᠡᠳᠡᠵᠣ ᠪᠣᠯᠣᠨ᠎ᠠ᠃       ᠮᠣᠩᠭᠤᠯᠴᠣᠳ ᠤᠨ ᠰᠣᠷᠭᠠᠯ ᠦᠭᠡ ᠪᠣᠶᠣ ᠴᠡᠭᠡᠷ ᠦᠭᠡ ᠨᠢ ᠠᠮᠢᠳᠦᠷᠠᠯ᠂ ᠠᠬᠤᠢ᠂ ᠨᠡᠶᠢᠭᠡᠮ ᠤᠨ ᠦᠢᠯᠡᠳᠦᠯᠭᠡ ᠶᠢᠨ ᠳ᠋ᠦᠩᠨᠡᠯᠲᠡ ᠬᠤᠷᠢᠶᠠᠩᠭᠤᠶᠢᠯᠠᠯ ᠪᠣᠯᠵᠣ᠂ ᠦᠨᠳᠦᠰᠦᠨ ᠳᠡᠭᠡᠨ ᠪᠢᠯᠢᠭ ᠰᠣᠷᠭᠠᠯ᠂ ᠰᠡᠴᠡᠨ ᠦᠭᠡ ᠂ ᠰᠡᠷᠡᠮᠵᠢ ᠦᠭᠡ᠂ ᠰᠢᠯᠦᠭ ᠳᠠᠭᠤᠯᠠᠯ᠂ ᠦᠯᠢᠭᠡᠷ ᠳᠣᠮᠤᠭ ᠵᠡᠷᠭᠡ ᠪᠠᠷ ᠵᠦᠢᠷᠯᠡᠨ ᠶᠠᠷᠢᠬᠤ ᠪᠠᠷ ᠳᠠᠮᠵᠢᠨ ᠲᠦᠷᠦ ᠶᠢ ᠵᠠᠰᠠᠬᠤ ᠣᠬᠠᠭᠠᠨ ᠪᠣᠳᠣᠯᠭ᠎ᠠ ᠶᠢᠨ ᠦᠨᠳᠦᠰᠦ ᠪᠠᠷᠢᠮᠲᠠ ᠪᠣᠯᠣᠭᠰᠠᠨ ᠪᠠᠶᠢᠨ᠎ᠠ᠃ ᠲᠡᠷᠡ ᠦᠶ᠎ᠡ ᠶᠢᠨ ᠮᠣᠩᠭᠤᠯ ᠤᠨ ᠶᠡᠭᠡ ᠵᠠᠰᠠᠭ ᠨᠢ ᠣᠳᠣᠬᠢ ᠬᠠᠣᠯᠢ ᠰᠢᠬ ᠨᠠᠷᠢᠰᠬᠠᠭᠰᠡᠨ ᠣᠯᠠᠨ ᠵᠣᠷᠪᠣᠰ ᠦᠭᠡᠢ ᠪᠣᠯᠪᠠᠴᠣ᠂ ᠦᠢᠯᠡ ᠠᠵᠢᠯᠯᠠᠭ᠎ᠠ ᠶᠢᠨ ᠡᠯ᠎ᠡ ᠬᠦᠷᠢᠶ᠎ᠡ ᠬᠡᠪᠴᠢᠶᠡᠨ ᠢ ᠪᠦᠷ ᠪᠠᠭᠲᠠᠭᠠᠵᠣ ᠴᠢᠳᠠᠭᠰᠠᠨ ᠨᠢ ᠦᠨᠡᠨ ᠭᠠᠶᠢᠬᠠᠯᠲᠠᠢ ᠪᠠᠶᠢᠳᠠᠭ᠃ ᠵᠢᠱᠢᠶᠡᠯᠡᠪᠡᠯ᠄ ︽ᠨᠢᠭᠤᠴᠠ ᠲᠣᠪᠴᠢᠶᠠᠨ︾ ᠳᠠᠬᠢ ᠶᠡᠷᠣᠩᠬᠡᠢ ᠬᠠᠣᠯᠢ ᠶᠢᠨ ᠰᠢᠨᠵᠢ ᠣᠬᠠᠮᠰᠠᠷ ᠪᠦᠬᠦᠢ ᠰᠣᠷᠭᠠᠯ ᠴᠡᠭᠡᠷ ᠦᠭᠡᠨ ᠳᠤ᠄ ︽ᠡᠷᠡᠮᠡᠬᠡᠢ ᠰᠠᠶᠢᠨ ᠢᠶᠠᠷ ᠡᠵᠡᠨ ᠪᠣᠯᠤᠭ᠎ᠠ ᠬᠡᠮᠡᠵᠣ᠂ ᠬᠠᠮᠤᠭ ᠠᠴᠠ ᠢᠯᠡᠭᠦᠦ ᠳᠡᠭᠡᠨ ᠬᠠᠭᠠᠨ ᠪᠣᠯᠤᠭ᠎ᠠ ᠬᠡᠮᠡᠵᠣ᠂ ᠦᠪᠡᠷ ᠤᠨ ᠢᠶᠠᠨ ᠰᠠᠶᠢᠨ ᠢᠶᠠᠷ ᠦᠭᠡᠳᠡ ᠪᠠᠨ ᠭᠠᠷᠣᠯᠤᠭ᠎ᠠ ᠬᠡᠮᠡᠵᠣ ᠪᠢᠳᠡᠬᠡᠢ ᠪᠣᠳᠣ᠂ ᠦᠷᠭᠡᠨ ᠲᠦᠮᠡᠨ ᠤ ᠬᠦᠴᠦᠨ ᠳᠤ ᠮᠦᠷᠭᠦᠵᠣ ᠶᠠᠪᠤ ᠁︾ ᠭᠡᠰᠡᠨ ᠪᠠ ︽ᠰᠢᠯᠦᠭᠤᠨ ᠴᠢᠭᠡᠴᠢ᠂ ᠲᠦᠪ ᠰᠢᠳᠣᠷᠭᠤ᠂ ᠴᠢᠳᠠᠯ ᠡᠷᠳᠡᠮ ᠲᠠᠢ ᠬᠦᠮᠦᠨ ᠢ ᠬᠡᠨ ᠴᠦ ᠪᠠᠶᠢᠭᠰᠠᠨ ᠴᠦ ᠬᠦᠨᠳᠣᠳᠬᠡ ᠁︾ ᠭᠡᠵᠣ᠂ ︽ᠬᠠᠮᠤᠭ ᠠᠴᠠ ᠴᠢᠬᠤᠯᠠ ᠠᠨᠣ ᠠᠷᠠᠳ ᠪᠦᠭᠦᠳᠡᠭᠡᠷ ᠨᠠᠶᠢᠷᠠᠮᠳᠠᠯ ᠲᠠᠢ᠂ ᠬᠠᠷᠢᠯᠴᠠᠨ ᠬᠠᠶᠢᠷᠠᠯᠠᠯᠲᠠᠢ ᠪᠠᠶᠢᠵᠣ᠂ ᠬᠦᠭᠰᠢᠳ ᠶᠠᠳᠠᠭᠤᠰ ᠢ ᠦᠷᠦᠪᠳᠦᠨ ᠬᠦᠨᠳᠦᠯᠡ ᠁︾ ᠭᠡᠳ ︽ᠣᠯᠣᠰ ᠤᠨ ᠡᠵᠡᠨ ᠠᠷᠢᠬᠢᠨ ᠳᠤ ᠳᠣᠷᠠᠲᠠᠢ ᠪᠣᠯ ᠲᠦᠷᠦ ᠪᠠᠨ ᠠᠯᠳᠠᠵᠣ᠂ ᠰᠠᠶᠢᠳ ᠲᠦᠰᠢᠮᠡᠳ ᠠᠷᠢᠬᠢᠨ ᠳᠤ ᠳᠣᠷᠠᠲᠠᠢ ᠪᠣᠯ ᠲᠤᠰᠢᠶᠠᠯ ᠢᠶᠠᠨ ᠣᠰᠣᠯᠳᠠᠵᠣ᠂ ᠴᠡᠷᠢᠭ ᠤᠨ ᠨᠣᠶᠠᠨ ᠠᠷᠢᠬᠢᠨ ᠳᠤ ᠳᠣᠷᠠᠲᠠᠢ ᠪᠣᠯ ᠬᠡᠷᠡᠭ ᠵᠦᠷᠢᠴᠡᠯ ᠡᠭᠦᠰᠴᠣ᠂ ᠡᠭᠡᠯ ᠠᠷᠠᠳ ᠠᠷᠢᠬᠢᠨ ᠳᠤ ᠳᠣᠷᠠᠲᠠᠢ ᠪᠣᠯ ᠬᠦᠷᠦᠩᠭᠡ ᠭᠡᠷ ᠣᠷᠣᠨ ᠢᠶᠠᠨ ᠪᠠᠷᠠᠮᠣᠢ᠃ ᠲᠡᠶᠢᠮᠦ ᠶᠢᠨ ᠲᠣᠯᠠ ᠬᠡᠨ ᠪᠣᠯᠪᠠᠴᠣ ᠠᠷᠢᠬᠢᠨ ᠳᠤ ᠳᠣᠷᠠᠯᠠᠬᠤ ᠶᠢ ᠴᠡᠭᠡᠷᠯᠡᠭᠲᠣᠨ ᠁︾ ᠭᠡᠵᠣ ︽ᠭᠡᠷᠡᠭ ᠤᠶᠢᠯᠡ ᠬᠡᠲᠦᠢ ᠦᠴᠦᠭᠡᠨ ᠪᠤᠯᠪᠠᠴᠦ᠂ ᠬᠡᠴᠢᠶᠡᠬᠦ ᠠᠴᠠ ᠠᠩᠬᠢᠵᠢᠷᠠᠪᠠᠰᠤ ᠦᠯᠦ ᠪᠦᠲᠦᠶᠦ ᠁︾ ᠭᠡᠳ ︽ᠠᠯᠲᠠᠨ ᠪᠡᠶ᠎ᠡ ᠮᠢᠨᠢ ᠠᠯᠵᠢᠶᠠᠪᠠᠰᠣ ᠠᠯᠵᠢᠶᠠᠳᠣᠭᠠᠢ᠂ ᠠᠬᠤ ᠲᠦᠷᠦ ᠮᠢᠨᠦ ᠪᠣᠣ ᠠᠯᠳᠠᠷᠠᠲᠣᠭᠠᠢ᠂ ᠪᠦᠲᠦᠨ ᠪᠡᠶ᠎ᠡ ᠮᠢᠨᠦ ᠵᠣᠪᠠᠪᠠᠰᠣ ᠵᠣᠪᠠᠲᠣᠭᠠᠢ᠂ ᠪᠦᠷᠢᠨ ᠣᠯᠣᠰ ᠮᠢᠨᠦ ᠪᠤᠤ ᠰᠠᠳᠠᠷᠠᠲᠣᠭᠠᠢ᠂ ᠪᠦᠯᠬᠦᠮᠳᠡᠨ ᠨᠢᠭᠲᠠᠷᠠᠪᠠᠰᠣ ᠬᠦᠴᠦᠷᠬᠡᠭᠵᠢᠨ᠎ᠡ᠂ ᠬᠠᠭᠠᠴᠠᠨ ᠰᠠᠯᠠᠪᠠᠰᠣ ᠰᠦᠨᠦᠮᠦᠢ︾ ᠭᠡᠵᠣ ︽ᠬᠡᠨ ᠴᠦ ᠬᠦᠮᠦᠨ ᠬᠦᠪᠡᠭᠦᠨ ᠲᠡᠭᠦᠦ ᠨᠠᠷ ᠢᠶᠠᠨ ᠰᠣᠷᠭᠠᠨ ᠴᠡᠭᠡᠷᠯᠡᠭᠦᠯᠬᠦ ᠳᠡᠭᠡᠨ ᠣᠯᠣᠰ ᠦᠨᠳᠦᠰᠦᠲᠡᠨ ᠤ ᠪᠠᠨ ᠣᠭ ᠶᠣᠰᠣ ᠶᠢ ᠪᠤᠤ ᠮᠠᠷᠲᠠᠭᠤᠯ︾ ᠭᠡᠰᠡᠨ ᠪᠠᠶᠢᠨ᠎ᠠ᠃       ︽ᠮᠣᠩᠭᠤᠯ ᠤᠨ ᠨᠢᠭᠤᠴᠠ ᠲᠣᠪᠴᠢᠶᠠᠨ︾ ᠳᠤ ᠲᠡᠮᠳᠡᠭᠯᠡᠵᠣ ᠪᠠᠶᠢᠬᠤ ᠶᠢ ᠦᠨᠳᠦᠰᠦᠯᠡᠪᠡᠯ᠂ ᠮᠠᠨ ᠤ ᠮᠣᠩᠭᠤᠯᠴᠣᠳ ᠤᠨ ᠰᠣᠷᠭᠠᠯ ᠴᠡᠭᠡᠷ ᠦᠭᠡ ᠨᠡᠩ ᠴᠦ ᠡᠷᠲᠡ ᠳᠡᠭᠡᠷ᠎ᠡ ᠦᠶ᠎ᠡ ᠳᠤ ᠪᠠᠶᠢᠭᠰᠠᠨ ᠭᠡᠳᠡᠭ ᠢ ᠮᠠᠳᠠᠵᠣ ᠪᠣᠯᠣᠨ᠎ᠠ᠃ ︽ᠨᠢᠭᠤᠴᠠ ᠲᠣᠪᠴᠢᠶᠠᠨ︾ ᠳᠠᠬᠢ ᠠᠯᠣᠨ ᠭᠤᠸ᠎ᠠ ᠡᠬᠡ ᠶᠢᠨ ᠡᠶ᠎ᠡ ᠪᠦᠯᠬᠦᠮᠳᠡᠯ ᠤᠨ ᠲᠣᠬᠠᠢ ︽ᠲᠠᠪᠣᠨ ᠮᠦᠰᠦ ᠶᠢᠨ ᠰᠣᠷᠭᠠᠯ ᠦᠭᠡ︾ ᠪᠠ ᠦᠭᠡᠯᠣᠨ ᠦᠵᠢᠨ ᠡᠬᠡ ᠠᠴᠠ ᠲᠡᠮᠦᠵᠢᠨ ᠬᠠᠰᠠᠷ ᠬᠤᠶᠠᠷ ᠢ ᠰᠣᠷᠭᠠᠬᠤ ᠦᠶ᠎ᠡ ᠳᠡᠭᠡᠨ ᠡᠷᠲᠡᠨ ᠤ ᠡᠪᠦᠭᠡᠳ ᠤᠨ ᠦᠭᠡ ᠪᠠᠷ ᠡᠰᠢ ᠲᠠᠲᠠᠵᠣ᠄ ︽ᠬᠠᠪᠢᠷᠭ᠎ᠠ ᠪᠠᠨ ᠬᠠᠵᠠᠬᠤ ᠬᠠᠰᠠᠷ ᠨᠣᠬᠠᠢ ᠮᠡᠳᠣ᠂ ᠬᠠᠳᠠᠨ ᠳᠤ ᠲᠣᠪᠲᠣᠯᠬᠤ ᠬᠠᠪᠠᠯᠠᠨ ᠢᠷᠪᠡᠰ ᠮᠡᠳᠣ᠂ ᠠᠭᠤᠷ ᠢᠶᠠᠨ ᠳᠠᠷᠣᠨ ᠶᠠᠳᠠᠬᠤ ᠣᠮᠣᠭᠲᠣ ᠠᠷᠰᠯᠠᠨ ᠮᠡᠳᠣ᠂ ᠠᠮᠢᠳᠣ ᠪᠠᠷ ᠵᠠᠯᠭᠢᠬᠤ ᠠᠶᠣᠯᠲᠣ ᠮᠠᠩᠭᠤᠰ ᠮᠡᠳᠣ ᠁︾ ᠭᠡᠵᠦ ᠰᠣᠷᠭᠠᠭᠰᠠᠨ ᠪᠠᠶᠢᠨ᠎ᠠ᠃ ᠡᠭᠦᠨ ᠠᠴᠠ ᠦᠵᠡᠬᠦ ᠳᠤ ᠣᠯᠠᠮᠵᠢᠯᠠᠯᠲᠣ ᠭᠡᠷ ᠤᠨ ᠬᠦᠮᠦᠵᠢᠯ ᠢ ᠠᠰᠢᠭᠯᠠᠵᠣ᠂ ᠬᠦᠮᠦᠰ ᠢ ᠰᠡᠩᠭᠡᠷᠡᠭᠦᠯᠦᠨ ᠬᠠᠣᠯᠢ ᠶᠢᠨ ᠣᠬᠠᠮᠰᠠᠷ ᠲᠠᠢ ᠪᠣᠯᠭᠠᠬᠤ ᠪᠠ ᠦᠢᠯᠡ ᠠᠵᠢᠯᠯᠠᠭ᠎ᠠ ᠪᠠᠨ ᠵᠢᠯᠣᠭᠤᠳᠣᠭᠤᠯᠵᠣ ᠪᠠᠶᠢᠭᠰᠠᠨ ᠨᠢ ᠦᠨᠡᠨ ᠠᠵᠣᠭᠤ᠃ ᠡᠳᠡᠭᠡᠷ ᠰᠣᠷᠭᠠᠯ ᠦᠭᠡᠰ ᠲᠤ ᠲᠦᠷᠦ ᠶᠣᠰᠣ ᠶᠢ᠂ ᠵᠠᠰᠠᠭ ᠳᠦᠷᠢᠮ ᠢ᠂ ᠡᠶ᠎ᠡ ᠵᠣᠬᠢᠴᠠᠯ ᠢ᠂ ᠡᠷᠳᠡᠮ ᠴᠢᠳᠠᠪᠦᠷᠢ ᠶᠢ᠂ ᠴᠡᠷᠢᠭ ᠤᠨ ᠬᠠᠣᠯᠢ ᠶᠢ᠂ ᠣᠷᠤᠭ ᠭᠡᠷ ᠪᠦᠯᠢ ᠶᠢ᠂ ᠬᠦᠮᠦᠵᠢᠯ ᠪᠣᠯᠪᠠᠰᠣᠷᠠᠯ ᠢ᠂ ᠠᠷᠠᠯᠵᠢᠶ᠎ᠠ ᠬᠤᠳᠠᠯᠳᠤᠭ᠎ᠠ ᠶᠢ᠂ ᠬᠦᠮᠦᠰ ᠤᠨ ᠬᠠᠷᠢᠴᠠᠭ᠎ᠠ ᠶᠢ᠂ ᠢᠷᠭᠡᠨ ᠤ ᠬᠠᠣᠯᠢ ᠶᠢ᠂ ᠱᠠᠰᠢᠨ ᠰᠣᠷᠲᠠᠬᠤᠨ ᠢ᠂ ᠡᠷᠡᠭᠦᠦ ᠶᠢ ᠁ ᠭᠡᠬᠦ ᠮᠡᠳᠣ ᠶᠢᠨ ᠣᠯᠠᠨ ᠲᠠᠯ᠎ᠠ ᠶᠢᠨ ᠠᠭᠤᠯᠭ᠎ᠠ ᠶᠢ ᠪᠠᠭᠲᠠᠭᠠᠭᠰᠡᠨ ᠨᠢ ᠦᠨᠡᠨ ᠭᠠᠶᠢᠬᠠᠮᠰᠢᠭ ᠲᠠᠢ ᠠᠵᠣᠭᠤ᠃
 
ᠢᠷᠡᠯᠲᠡ᠄ ᠪᠠᠶᠠᠠᠨᠠᠭᠤᠷ ᠬᠤᠳᠡ ᠶᠢᠨ ᠠᠷᠡᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号