ᠶᠠᠭᠤᠨ ᠳᠤ ᠤᠮᠠᠷᠠᠳᠤ ᠲᠦᠢᠯ ᠤᠨ ᠪᠠᠭᠠᠪᠠᠭᠠᠢ ᠶᠢ ᠤᠮᠠᠷᠠᠳᠤ ᠲᠦᠢᠯ ᠤᠨ ᠠᠮᠢᠳᠠᠨ ᠤ ᠸᠠᠩ ᠭᠡᠳᠡᠭ ᠪᠤᠢ
ᠨᠡᠶᠢᠲᠡᠯᠡᠭᠰᠡᠨ ᠴᠠᠭ᠄
2018-11-22
   ᠤᠮᠠᠷᠠᠳᠤ ᠲᠦᠢᠯ ᠤᠨ ᠪᠠᠭᠠᠪᠠᠭᠠᠢ ᠶᠢ ᠲᠤᠬᠠᠢ ᠶᠢᠨ ᠭᠠᠵᠠᠷ ᠤᠨ ᠢᠶᠠᠨ ᠠᠮᠢᠳᠠᠨ ᠤ ᠸᠠᠩ ᠭᠡᠳᠡᠭ᠃ ᠡᠨᠡ ᠨᠢ ᠲᠠᠬᠦᠨ ᠤ ᠲᠤᠭ᠎ᠠ ᠭᠡᠮᠵᠢᠶᠠᠨ ᠤ ᠤᠯᠠᠨ ᠠᠴᠠ ᠯᠠ ᠲᠤᠭᠳᠠᠭᠠᠭᠳᠠᠭᠰᠠᠨ ᠪᠢᠰᠢ᠂ ᠬᠠᠷᠢᠨ ᠲᠠᠷᠠ ᠪᠤᠯ ᠤᠮᠠᠷᠠᠳᠤ ᠲᠦᠢᠯ ᠳᠠᠬᠢ ᠠᠮᠢᠳᠠᠨ ᠠᠷᠢᠶᠠᠳᠠᠨ ᠢᠶᠠᠷ ᠢᠳᠡᠰᠢ ᠪᠠᠨ ᠪᠤᠯᠭᠠᠳᠠᠭ ᠬᠠᠮᠤᠭ ᠲᠤᠮᠤ ᠠᠮᠢᠳᠠᠨ ᠮᠦᠨ᠃ ᠲᠠᠬᠦᠨ ᠤ ᠪᠠᠶ᠎ᠠ ᠨᠢ ᠮᠤᠨᠳᠠᠭ ᠶᠡᠭᠡ᠂ ᠬᠠᠮᠤᠭ ᠤᠨ ᠦᠨᠳᠤᠷ ᠨᠢ 3 ᠮᠧᠲᠷ ᠪᠠᠶᠢᠵᠤ᠂ ᠪᠠᠶ᠎ᠠ ᠶᠢᠨ ᠬᠦᠨᠳᠤ ᠨᠢ 700 — 900 ᠺᠢᠯᠦᠭᠷᠠᠮ ᠪᠠᠶᠢᠳᠠᠭ᠃ ᠤᠮᠠᠷᠠᠳᠤ ᠲᠦᠢᠯ ᠳᠤ ᠲᠠᠷᠠ ︽ᠲᠤᠮᠤ ᠡᠵᠡᠷᠭᠡᠭᠴᠢ︾ ᠶᠢᠨ ᠴᠤᠯᠠ ᠲᠠᠢ ᠪᠠᠷ ᠢᠶᠠᠨ ᠠᠮᠢᠳᠠᠨ ᠪᠦᠬᠦᠨ ᠲᠠᠬᠦᠨ ᠲᠠᠢ ᠬᠠᠯᠳᠠᠵᠤ ᠲᠠᠶᠢᠯᠬᠦ ᠦᠭᠡᠢ ᠪᠠᠶᠢᠳᠠᠭ᠃     ᠤᠮᠠᠷᠠᠳᠤ ᠲᠦᠢᠯ ᠤᠨ ᠪᠠᠭᠠᠪᠠᠭᠠᠢ ᠶᠢᠨ ᠬᠦᠴᠤ ᠲᠤᠷᠪᠢ ᠨᠢ ᠴᠤ ᠮᠤᠨᠳᠠᠭ ᠶᠡᠭᠡ ᠪᠠᠶᠢᠳᠠᠭ᠃ ᠡᠮᠤᠨ᠎ᠠ ᠰᠠᠪᠠᠷ ᠢᠶᠠᠷ ᠢᠶᠠᠨ ᠪᠤᠰᠤᠳ ᠠᠮᠢᠳᠠᠨ ᠢ ᠴᠤᠬᠢᠵᠤ ᠰᠦᠨᠦᠭᠡᠳᠡᠭ ᠨᠢ ᠲᠠᠬᠦᠨ ᠤ ᠡᠩ ᠤᠨ ᠠᠷᠭ᠎ᠠ ᠶᠤᠮ᠃ ᠪᠤᠰᠤᠳ ᠠᠮᠢᠳᠠᠳ ᠲᠠᠬᠦᠨ ᠠᠴᠠ ᠠᠶᠤᠨ ᠰᠦᠷᠳᠡᠳᠡᠭ ᠨᠢ ᠪᠠᠭᠠᠪᠠᠭᠠᠢ ᠳᠤ ᠪᠠᠰᠠ ᠨᠡᠩ ᠤᠯᠠᠨ ᠭᠠᠷᠮᠠᠭᠠᠢ ᠴᠢᠳᠠᠪᠤᠷᠢ ᠲᠠᠢ ᠪᠠᠶᠢᠳᠠᠭ ᠲᠤ ᠤᠷᠤᠰᠢᠨ᠎ᠠ᠃ ᠵᠢᠱᠢᠶᠠᠯᠠᠪᠠᠯ᠂ ᠪᠠᠭᠠᠪᠠᠭᠠᠢ ᠶᠢᠨ ᠤᠷᠤᠭᠰᠢ ᠪᠠᠨ ᠲᠠᠮᠠᠤᠯᠵᠤ ᠬᠦᠶᠦᠬᠦ ᠨᠢ ᠲᠦᠢᠯ ᠤᠨ ᠬᠤᠷᠳᠤᠨ ᠪᠦᠭᠡᠳ ᠮᠦᠰᠤᠨ ᠲᠡᠭᠡᠷ᠎ᠠ ᠠᠮᠢᠳᠠᠨ ᠢ ᠪᠠᠷᠢᠬᠤ ᠳᠤ 5 ᠮᠧᠳ᠋ᠷ ᠠᠴᠠ ᠲᠡᠭᠡᠭᠰᠢ ᠦᠰᠦᠷᠴᠤ ᠲᠠᠶᠢᠯᠳᠡᠭ᠃ ᠲᠠᠷᠠ ᠪᠠᠰᠠ ᠲᠦᠢᠯ ᠤᠨ ᠤᠷᠠᠨ ᠲᠡᠮᠳᠠᠢ ᠪᠠᠷ ᠤᠰᠤᠨ ᠳᠤ ᠤᠮᠪᠠᠳᠠᠭ ᠪᠢᠯᠠ᠃ ᠤᠮᠠᠷᠠᠳᠤ ᠲᠦᠢᠯ ᠤᠨ ᠪᠠᠭᠠᠪᠠᠭᠠᠢ ᠶᠢᠨ ᠬᠤᠤᠰ ᠲᠠᠪᠠᠭ ᠨᠢ ᠶᠠᠭ ᠯᠠ ᠬᠠᠰᠢᠷ ᠤᠩᠭᠤᠴᠠᠴᠢᠨ ᠤ ᠭᠡᠷᠡᠭᠯᠡᠳᠡᠭ ᠰᠠᠯᠢᠬᠦᠷ ᠮᠠᠳᠤ ᠬᠤᠶᠢᠰᠢ ᠤᠬᠤᠷᠢᠬᠤ ᠶᠢᠨ ᠲᠠᠭᠠᠤ ᠤᠷᠤᠭᠰᠢ ᠪᠠᠨ ᠴᠢᠨᠡᠭᠡ ᠪᠠᠷ ᠢᠶᠠᠨ ᠰᠠᠯᠢᠵᠤ᠂ ᠦᠪᠴᠢ ᠪᠠᠶ᠎ᠠ ᠨᠢ ᠶᠠᠭ ᠤᠩᠭᠤᠴᠠᠨ ᠤ ᠪᠠᠶ᠎ᠠ ᠶᠢ ᠡᠵᠡᠮᠳᠠᠨ ᠵᠠᠬᠢᠷᠴᠤ ᠪᠠᠶᠢᠬᠤ ᠮᠠᠳᠤ ᠦᠢᠯᠠᠳᠤᠯ ᠭᠠᠷᠭᠠᠵᠤ᠂ ᠬᠦᠪᠡᠭᠡ ᠬᠢᠵᠠᠭᠠᠷ ᠦᠭᠡᠢ ᠨᠠᠯᠦ᠋ᠢᠨ ᠴᠠᠶᠢᠷᠠᠭᠰᠠᠨ ᠤᠮᠠᠷᠠᠳᠤ ᠮᠦᠰᠤᠨ ᠲᠠᠯᠠᠢ ᠲᠡᠭᠡᠬᠦᠷ ᠨᠢᠭᠡ ᠯᠠ ᠠᠮᠢᠰᠬᠤᠭ᠎ᠠ ᠪᠠᠷ ᠲᠦᠴᠢ ᠲᠠᠪᠢᠨ ᠭᠠᠵᠠᠷ ᠢ ᠠᠶᠠᠯᠠᠳᠠᠭ ᠶᠤᠮ᠃ ᠤᠮᠠᠷᠠᠳᠤ ᠲᠦᠢᠯ ᠤᠨ ᠪᠠᠭᠠᠪᠠᠭᠠᠢ ᠨᠢ ᠪᠠᠰᠠ ᠤᠨᠴᠠ ᠰᠠᠶᠢᠨ ᠦᠨᠦᠷᠯᠠᠬᠦ ᠰᠠᠷᠠᠯ ᠤᠨ ᠴᠢᠳᠠᠪᠤᠷᠢ ᠲᠠᠢ ᠪᠠᠶᠢᠵᠤ᠂ ᠪᠠᠷᠤᠭ 3 ᠺᠢᠯᠤᠮᠧᠳ᠋ᠷ ᠤᠨ ᠬᠤᠯᠠ ᠪᠠᠶᠢᠬᠤ ᠰᠢᠷᠠᠭᠰᠠᠨ ᠲᠠᠯᠠᠢ ᠶᠢᠨ ᠠᠮᠢᠳᠠᠨ ᠤ ᠦᠭᠡᠬᠦ ᠶᠢᠨ ᠦᠨᠤᠷ ᠢ ᠰᠠᠷᠠᠵᠤ ᠦᠨᠦᠷᠯᠠᠳᠡᠭ᠃     ᠤᠮᠠᠷᠠᠳᠤ ᠲᠦᠢᠯ ᠤᠨ ᠪᠠᠭᠠᠪᠠᠭᠠᠢ ᠳᠤ ᠠᠶᠢᠬᠤᠪᠳᠤᠷ ᠬᠤᠶᠠᠷ ᠬᠤᠷᠴᠠ ᠵᠡᠪᠰᠡᠭ ᠲᠠᠢ᠃ ᠨᠢᠭᠡ ᠨᠢ ᠲᠠᠬᠦᠨ ᠤ ᠰᠠᠪᠠᠷ᠂ ᠨᠦᠬᠦᠭᠡ ᠨᠢ ᠲᠠᠷᠤᠢ ᠲᠠᠬᠦᠨ ᠤ ᠰᠢᠳᠤ ᠪᠤᠯᠤᠨ᠎ᠠ᠃ ᠲᠠᠬᠦᠨ ᠤ ᠰᠠᠪᠠᠷ ᠨᠢ ᠶᠠᠭ ᠪᠤᠯᠤᠳ ᠭᠤᠬ᠎ᠠ ᠮᠠᠳᠤ ᠪᠠᠶᠢᠵᠤ᠂ ᠨᠢᠭᠡ ᠰᠠᠪᠠᠷ ᠢᠶᠠᠷ ᠢᠶᠠᠨ ᠭᠤᠬᠠᠳᠠᠪᠠᠯ ᠤᠯᠠᠩᠬᠢ ᠠᠮᠢᠳᠠᠳ ᠬᠢᠯᠪᠠᠷᠬᠠᠨ ᠮᠤᠯᠳᠤᠷᠠᠵᠤ ᠲᠠᠶᠢᠯᠳᠡᠭ ᠦᠭᠡᠢ ᠪᠢᠯᠠ᠃ ᠲᠠᠬᠦᠨ ᠤ ᠰᠢᠳᠤ ᠨᠢ ᠶᠠᠭ ᠬᠤᠷᠴᠠ ᠢᠷᠳᠤ ᠬᠢᠳᠤᠭ᠎ᠠ ᠮᠡᠳᠤ ᠪᠠᠶᠢᠵᠤ᠂ ᠨᠢᠭᠡ ᠵᠠᠭᠤᠪᠠᠯ ᠤᠯᠠᠩᠬᠢ ᠠᠮᠢᠳᠠᠳ ᠲᠠᠬᠢᠨ ᠲᠤᠳᠠᠭᠠᠬᠤ ᠭᠡᠭᠴᠢ ᠭᠤᠷᠢ ᠪᠠᠨ ᠲᠠᠳᠠ᠃ ᠤᠮᠠᠷᠠᠳᠤ ᠲᠦᠢᠯ ᠤᠨ ᠪᠠᠭᠠᠪᠠᠭᠠᠢ ᠶᠢᠨ ᠠᠮᠢᠳᠤᠷᠠᠯ ᠤᠨ ᠲᠦᠪ ᠪᠤᠯᠵᠤ ᠪᠠᠶᠢᠬᠤ ᠭᠠᠵᠠᠷ ᠨᠢ ᠲᠠᠷᠤᠢ ᠤᠮᠠᠷᠠᠳᠤ ᠲᠦᠢᠯ ᠤᠨ ᠴᠠᠰᠤ ᠮᠦᠰᠤ ᠪᠦᠷᠬᠦᠵᠤ ᠪᠦᠬᠦᠢ ᠭᠠᠵᠠᠷ ᠲᠤ ᠪᠤᠢ᠃ ᠡ᠊ᠨᠳᠡ ᠲᠤᠭ᠎ᠠ ᠲᠤᠮᠰᠢ ᠦᠭᠡᠢ ᠤᠯᠠᠨ ᠲᠠᠯᠠᠢ ᠶᠢᠨ ᠵᠠᠭᠠᠨ ᠪᠠ ᠪᠤᠰᠤᠳ ᠠᠮᠢᠳᠠᠳ ᠪᠠᠶᠢᠵᠤ᠂ ᠴᠦᠮ ᠲᠠᠬᠦᠨ ᠤ ᠢᠳᠡᠰᠢ ᠪᠤᠯᠵᠤ ᠪᠠᠶᠢᠳᠠᠭ᠃ ᠡᠶᠢᠮᠤ ᠠᠴᠠ ᠤᠮᠠᠷᠠᠳᠤ ᠲᠦᠢᠯ ᠤᠨ ᠪᠠᠭᠠᠪᠠᠭᠠᠢ ᠨᠢ ᠡᠨᠡᠬᠦ ᠮᠦᠰᠤ ᠴᠠᠰᠤ ᠲᠠᠢ ᠮᠦᠩᠬᠦᠨ ᠶᠢᠷᠳᠢᠨᠴᠤ ᠶᠢᠨ ᠸᠠᠩᠳᠤ ᠤᠯᠤᠰ ᠤᠨ ᠲᠦᠮᠠᠨ ᠠᠮᠢᠳᠠᠨ ᠤ ᠲᠠᠷᠤᠯᠭ᠎ᠠ ᠨᠢ ᠪᠤᠯᠤᠭᠰᠠᠭᠠᠷ ᠢᠷᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号