ᠳᠡᠵᠢᠭᠡᠯ ᠪᠤᠷᠳᠤᠭ᠎ᠠ ᠪᠤᠶᠤ ᠬᠠᠷᠢ ᠪᠤᠳᠠᠰ ᠨᠢ ᠬᠡᠨᠡᠳᠳᠡ ᠪᠠᠷ ᠤᠯᠠᠭᠠᠨ ᠬᠤᠭᠤᠯᠠᠢ ᠳᠤ ᠪᠦᠭᠯᠡᠷᠡᠵᠤ | ᠳᠠᠭᠵᠢᠷᠠᠭᠰᠠᠨ ᠠᠴᠠ ᠮᠠᠯ ᠤᠨ ᠵᠠᠯᠬᠢᠬᠤ ᠠᠵᠢᠯᠯᠠᠭ᠎ᠠ ᠨᠢ ᠰᠠᠭᠠᠳᠠᠭᠳᠠᠬᠤ ᠪᠦᠭᠡᠳ ᠳᠤᠭᠳᠠᠪᠤᠷᠢ ᠠᠯᠳᠠᠨ᠎ᠠ᠃ | ᠠᠩᠬᠠᠳᠠᠭᠴᠢ ᠴᠢᠨᠠᠷ ᠲᠠᠢ ᠤᠯᠠᠭᠠᠨ ᠬᠤᠭᠤᠯᠠᠢ ᠶᠢᠨ ᠳᠠᠭᠵᠢᠷᠠᠯ ᠨᠢ ᠤᠯᠠᠩᠬᠢ ᠳᠠᠭᠠᠨ ᠬᠡᠳᠦ ᠦᠯᠦᠰᠭᠦᠯᠡᠩ | ᠮᠠᠯ ᠳᠡᠵᠢᠭᠡᠯ ᠪᠤᠷᠳᠤᠭ᠎ᠠ ᠪᠤᠯᠢᠶᠠᠯᠴᠠᠨ ᠢᠳᠡᠬᠦ ᠳᠡᠭᠡᠨ ᠬᠤᠪᠳᠤᠭᠯᠠᠨ ᠶᠠᠭᠠᠷᠠᠭᠰᠠᠨ ᠠᠴᠠ ᠳᠤᠳᠠᠭᠤ ᠵᠠᠵᠢᠯᠵᠤ᠂ | ᠳᠦᠷᠭᠡᠨ ᠵᠠᠯᠬᠢᠬᠤ ᠠᠴᠠ ᠡᠭᠦᠰᠦᠨ᠎ᠡ᠃ ᠡᠭᠦᠨ ᠠᠴᠠ ᠭᠠᠳᠠᠨ᠎ᠠ ᠳᠡᠮᠤᠷ ᠤᠳᠠᠰᠤ᠂ ᠵᠡᠭᠦᠦ᠂ ᠬᠠᠳᠠᠭᠠᠰᠤ ᠵᠡᠷᠭᠡ | ᠬᠠᠷᠢ ᠪᠤᠳᠠᠰ ᠢ ᠬᠤᠯᠢᠵᠤ ᠵᠠᠯᠬᠢᠭᠠᠳ ᠤᠯᠠᠭᠠᠨ ᠬᠤᠭᠤᠯᠠᠢ ᠶᠢᠨ ᠬᠠᠨ᠎ᠠ ᠶᠢ ᠬᠡᠮᠳᠦᠭᠡᠬᠦ ᠠᠴᠠ ᠪᠤᠯᠳᠠᠭ᠃ ᠶᠡᠭᠡ | ᠬᠦᠳᠡᠯᠭᠡᠭᠡᠨ ᠬᠢᠭᠰᠡᠨ ᠤ ᠳᠠᠷᠠᠭ᠎ᠠ ᠠᠮᠠ ᠬᠡᠯᠡ ᠬᠠᠳᠠᠬᠤ ᠦᠶᠡᠰ᠂ ᠬᠠᠭᠤᠷᠠᠢ ᠳᠡᠵᠢᠭᠡᠯ ᠢᠶᠠᠷ ᠳᠡᠵᠢᠭᠡᠪᠡᠯ ᠤᠯᠠᠭᠠᠨ | ᠬᠤᠭᠤᠯᠠᠢ ᠶᠢᠨ ᠳᠠᠭᠵᠢᠷᠠᠯ ᠡᠭᠦᠰᠦᠨ᠎ᠡ᠃ ᠬᠦᠭᠰᠢᠨ ᠪᠠᠭᠤᠷᠠᠢ ᠮᠠᠯ ᠤᠨ ᠤᠯᠠᠭᠠᠨ ᠬᠤᠭᠤᠯᠠᠢ ᠶᠢᠨ ᠪᠤᠯᠴᠢᠩ | ᠰᠤᠯᠠᠷᠡᠵᠤ᠂ ᠬᠦᠷᠪᠡᠯᠵᠡᠬᠦ ᠬᠦᠳᠡᠯᠭᠡᠭᠡᠨ ᠰᠤᠯᠠ ᠳᠤᠯᠠ ᠦᠷᠭᠦᠯᠵᠢ ᠳᠠᠭᠵᠢᠷᠠᠯ ᠡᠭᠦᠰᠳᠡᠭ᠃ ᠡᠭᠦᠨ ᠠᠴᠠ ᠭᠠᠳᠠᠨ᠎ᠠ | ᠯᠤᠤᠪᠠᠩ᠂ ᠳᠦᠮᠦᠰᠦ ᠵᠡᠷᠭᠡ ᠶᠢ ᠪᠦᠬᠦᠯᠢ ᠬᠠᠭ᠋ᠤᠤᠯᠢ ᠪᠠᠷ ᠵᠠᠯᠬᠢᠬᠤ ᠠᠴᠠ ᠮᠠᠯ ᠤᠨ ᠤᠯᠠᠭᠠᠨ ᠬᠤᠭᠤᠯᠠᠢ | ᠳᠠᠬᠵᠢᠷᠠᠳᠠᠭ᠃ | ᠤᠨᠤᠰᠢᠯᠠᠬᠤ ᠭᠤᠤᠯᠳᠠᠯᠭ᠎ᠠ | 1. ᠭᠡᠨᠡᠳᠳᠡ ᠪᠠᠷ ᠢᠯᠡᠷᠡᠯ ᠨᠢ ᠳᠤᠭᠳᠠᠪᠤᠷᠢ ᠦᠭᠡᠢ ᠪᠤᠯᠵᠤ ᠬᠦᠵᠦᠭᠦᠦ ᠪᠠᠨ ᠰᠤᠩᠭᠠᠨ ᠬᠠᠨᠢᠶᠠᠬᠤ ᠪᠤᠶᠤ | ᠳᠤᠯᠤᠭᠠᠢ ᠪᠠᠨ ᠰᠠᠵᠢᠵᠤ ᠬᠤᠭᠤᠰᠤᠨ ᠵᠠᠵᠢᠯᠤᠨ ᠰᠢᠯᠤᠰᠤ ᠭᠤᠭᠤᠵᠢᠭᠤᠯᠤᠨ᠎ᠠ᠃ | 2. ᠤᠯᠠᠩᠬᠢ ᠳᠠᠭᠠᠨ ᠳᠠᠷᠢᠶᠠᠨ ᠭᠠᠵᠠᠷ ᠢᠶᠠᠷ ᠦᠩᠭᠡᠷᠡᠬᠦ ᠦᠶᠡᠰ ᠳᠤᠮᠤ ᠡᠷᠳᠡᠨᠢ ᠰᠢᠰᠢ᠂ ᠯᠤᠤᠪᠠᠩ ᠵᠡᠷᠭᠡ ᠶᠢ | ᠪᠦᠬᠦᠯᠢ ᠬᠠᠭ᠋ᠤᠤᠯᠢ ᠪᠠᠷ ᠵᠠᠯᠬᠢᠭᠰᠠᠨ ᠠᠴᠠ ᠵᠠᠩᠬᠢᠷᠠᠨᠠ᠃ ᠡᠨᠡ ᠦᠶ᠎ᠡ ᠳᠤ ᠭᠡᠭᠡᠷᠡᠬᠦ ᠨᠢ ᠵᠤᠭᠰᠤᠵᠤ᠂ ᠮᠠᠰᠢ | ᠳᠦᠷᠭᠡᠨ ᠢᠶᠠᠷ ᠬᠦᠵᠡᠭᠡᠨ ᠳᠤᠨᠢ ᠭᠡᠢ ᠳᠦᠭᠦᠷᠦᠨ᠎ᠡ᠃ | 3. ᠬᠤᠳᠤᠭᠤᠳᠤᠨ ᠵᠤᠨ᠋ᠳ᠋ ᠬᠡᠷᠡᠭᠯᠡᠵᠤ ᠦᠵᠡᠬᠦ ᠳᠤ ᠰᠠᠭᠠᠳᠠᠯ ᠭᠠᠷᠴᠤ᠂ ᠬᠦᠵᠡᠭᠡᠨ ᠤ ᠬᠦᠷᠪᠡᠯᠵᠡᠬᠦ ᠬᠦᠳᠡᠯᠭᠡᠭᠡᠨ ᠨᠢ | ᠰᠤᠨᠤᠰᠳᠠᠬᠤ ᠦᠭᠡᠢ ᠪᠤᠯᠳᠠᠭ᠃ ᠬᠦᠵᠦᠭᠦᠨ ᠤ ᠬᠡᠰᠡᠭ ᠳᠠᠭᠵᠢᠷᠠᠭᠰᠠᠨ ᠨᠢ ᠭᠠᠳᠠᠨ᠎ᠠ ᠠᠴᠠ ᠨᠢ ᠦᠵᠡᠭᠳᠡᠬᠦ ᠪᠤᠶᠤ | ᠳᠡᠮᠳᠡᠷᠢᠭᠳᠡᠨᠡ᠃ | 4. ᠪᠡᠶ᠎ᠡ ᠵᠨ ᠬᠠᠯᠠᠭᠤᠨ ᠨᠢ ᠬᠡᠪ ᠲᠡᠭᠡᠨ ᠪᠠᠶᠢᠵᠤ ᠬᠦᠵᠡᠭᠡ ᠨᠢ ᠭᠡᠢ ᠳᠦᠭᠦᠷᠴᠤ ᠵᠢᠷᠦᠬᠡᠨ ᠴᠤᠬᠢᠯᠭ᠎ᠠ᠂ | ᠠᠮᠢᠰᠬᠤᠯ ᠨᠢ ᠳᠦᠷᠭᠡᠰᠤᠨᠠ᠃ | ᠡᠮᠴᠢᠯᠡᠬᠦ ᠪᠠ ᠰᠡᠷᠭᠡᠶᠢᠯᠡᠬᠦ | ᠳᠠᠭᠵᠢᠷᠠᠭᠰᠠᠨ ᠪᠤᠳᠠᠰ ᠢ ᠠᠷᠢᠯᠭᠠᠪᠠᠯ ᠳᠤᠰ ᠭᠡᠮ ᠨᠢ ᠳᠠᠷᠤᠢ ᠰᠠᠶᠢᠨ ᠪᠤᠯᠤᠨ᠎ᠠ᠃ ᠪᠠᠭᠠᠯᠵᠤᠤᠷ ᠤᠨ ᠤᠢᠢᠷ᠎ᠠ | ᠳᠠᠭᠵᠢᠷᠠᠪᠠᠯ ᠠᠮᠠ ᠶᠢ ᠨᠢ ᠠᠩᠭᠠᠢᠢᠯᠭᠠᠵᠤ᠂ ᠭᠠᠷ ᠢᠶᠠᠷ ᠢᠶᠠᠨ ᠪᠤᠶᠤ ᠭᠤᠬ᠎ᠠ ᠳᠡᠭᠡᠭᠡ ᠪᠠᠷ ᠳᠠᠭᠵᠢᠷᠠᠭᠰᠠᠨ ᠪᠤᠳᠠᠰ ᠢ | ᠭᠠᠷᠭᠠᠵᠤ ᠠᠪᠤᠨ᠎ᠠ᠃ ᠬᠦᠵᠦᠭᠦᠨ ᠤ ᠬᠡᠰᠡᠭ ᠪᠤᠶᠤ ᠴᠡᠭᠡᠵᠢᠨ ᠤ ᠬᠡᠰᠡᠭ ᠲᠤ ᠳᠠᠭᠵᠢᠷᠠᠪᠠᠯ ᠳᠠᠭᠵᠢᠷᠠᠭᠰᠠᠨ | ᠪᠤᠳᠠᠰ ᠤᠨ ᠬᠡᠯᠪᠡᠷᠢ ᠳᠦᠷᠰᠤ ᠪᠠ ᠳᠠᠭᠵᠢᠷᠠᠭᠰᠠᠨ ᠬᠡᠮᠵᠢᠶ᠎ᠡ ᠶᠢ ᠨᠢ ᠦᠨᠳᠦᠰᠦᠯᠡᠨ ᠡᠮᠴᠢᠯᠡᠬᠦ ᠠᠷᠭ᠎ᠠ ᠠᠪᠤᠨ᠎ᠠ᠃ | 1. ᠳᠠᠭᠵᠢᠷᠠᠯ ᠨᠢ ᠰᠦᠷᠡᠬᠡᠢ᠂ ᠠᠮᠢ ᠨᠠᠰᠤᠨ ᠳᠤᠨᠢ ᠠᠶᠤᠯᠳᠡᠢ ᠦᠶᠡᠰ᠂ ᠭᠦᠵᠡᠭᠡ ᠶᠢ ᠨᠢ ᠴᠤᠭᠤᠯᠵᠤ ᠬᠡᠢ ᠳᠠᠯᠪᠢᠨ | ᠂ ᠳᠠᠷᠠᠭ᠎ᠠ ᠨᠢ ᠳᠠᠭᠵᠢᠷᠠᠯ ᠢ ᠨᠡᠪᠳᠡᠷᠡᠭᠦᠯᠬᠦ ᠠᠷᠭ᠎ᠠ ᠠᠪᠤᠨ᠎ᠠ᠃ ᠳᠠᠭᠵᠢᠷᠠᠯ ᠨᠢ ᠨᠡᠪᠳᠡᠷᠡᠮᠡᠭᠴᠡ ᠭᠡᠢ ᠳᠦᠭᠦᠷᠬᠦ ᠨᠢ | ᠠᠷᠢᠯᠳᠠᠭ᠃ | 2. ᠵᠤᠨ᠋ᠳ᠋ ᠬᠡᠷᠡᠭᠯᠡᠨ ᠳᠠᠭᠵᠢᠷᠠᠭᠰᠠᠨ ᠬᠡᠰᠡᠭ ᠤᠨ ᠡᠮᠦᠨ᠎ᠡ ᠬᠦᠷᠳᠡᠯ᠎ᠡ ᠪᠠᠭ᠎ᠠ ᠬᠡᠮᠵᠢᠶᠡᠨ ᠤ ᠤᠷᠭᠤᠮᠠᠯ ᠤᠨ ᠳᠤᠰᠤ | ᠪᠤᠶᠤ ᠰᠢᠩᠭᠡᠨ ᠱᠢ ᠯᠠ ᠳᠦᠷᠭᠢᠭᠰᠡᠨ ᠤ ᠳᠠᠷᠠᠭ᠎ᠠ ᠬᠡᠶᠢᠯᠡᠭᠦᠷ ᠢᠶᠠᠷ ᠬᠡᠢ ᠴᠤᠬᠢᠵᠤ ᠵᠤᠨ᠋ᠳ᠋ ᠢᠶᠠᠷ ᠳᠠᠬᠵᠢᠷᠠᠭᠰᠠᠨ | ᠪᠤᠳᠠᠰ ᠢ ᠳᠦᠯᠬᠢᠨ ᠬᠤᠳᠤᠭᠤᠳᠤᠨ ᠳᠤ ᠤᠷᠤᠭᠤᠯᠤᠨ᠎ᠠ᠃ ᠬᠡᠢ ᠴᠤᠬᠢᠬᠤ ᠦᠶ᠎ᠡ ᠳᠤ ᠬᠡᠮᠳᠡᠢ ᠮᠠᠯ ᠤᠨ | ᠳᠤᠯᠤᠭᠠᠢ ᠶᠢ ᠰᠠᠶᠢᠳᠤᠷ ᠪᠠᠬᠢᠯᠡᠨ ᠰᠠᠵᠢᠬᠤ ᠠᠴᠠ ᠰᠡᠷᠭᠡᠶᠢᠯᠡᠬᠦ ᠬᠡᠷᠡᠭᠳᠡᠢ᠃ | 3. 0.5% — 1% ᠶᠢᠨ ᠫᠷᠤᠺᠠᠶ᠋ᠢᠨ 10 ᠮᠢᠯᠢᠯᠢᠲᠷ ᠬᠡᠷᠡᠭᠯᠡᠵᠤ᠂ ᠪᠠᠭ᠎ᠠ ᠬᠡᠮᠵᠢᠶᠡᠨ ᠤ ᠤᠷᠭᠤᠮᠠᠯ ᠤᠨ | ᠳᠤᠰᠤ ᠪᠤᠶᠤ ᠰᠢᠩᠭᠡᠨ ᠴᠢᠯᠠᠭᠤᠨ ᠯᠠ ᠲᠠᠢ ᠬᠠᠮᠳᠤ ᠵᠤᠨ᠋ᠳ᠋ ᠢᠶᠠᠷ ᠤᠯᠠᠭᠠᠨ ᠬᠤᠭᠤᠯᠠᠢ ᠳᠤᠨᠢ ᠤᠷᠤᠭᠤᠯᠵᠤ ᠠᠭᠠᠵᠢᠮ | ᠠᠯᠭᠤᠷ ᠢᠶᠠᠷ ᠳᠦᠯᠬᠢᠪᠡᠯ ᠤᠯᠠᠩᠬᠢ ᠳᠠᠭᠵᠢᠷᠠᠯ ᠢ ᠨᠡᠪᠳᠡᠷᠡᠭᠦᠯᠴᠢᠬᠡᠳᠡᠭ᠃ | 4. ᠳᠡᠵᠢᠭᠡᠯ ᠪᠤᠷᠳᠤᠭ᠎ᠠ ᠨᠢ ᠬᠦᠵᠦᠭᠦᠨ ᠤ ᠬᠡᠰᠡᠭ ᠲᠤ ᠳᠠᠭᠵᠢᠷᠠᠪᠠᠯ ᠪᠠᠭ᠎ᠠ ᠬᠡᠮᠵᠢᠶᠡᠨ ᠤ ᠳᠠᠳᠠᠩᠨᠠᠯ ᠢ ᠳᠠᠶᠢᠯᠬᠤ | ᠡᠮ ᠪᠠ ᠭᠤᠯᠭᠤᠷᠢᠭᠤᠯᠬᠤ ᠡᠮ ᠴᠢᠳᠬᠤᠵᠤ᠂ ᠳᠠᠬᠢᠨ ᠭᠡᠮᠳᠡᠢ ᠮᠠᠯ ᠢᠶᠠᠨ ᠬᠡᠪᠳᠡᠭᠡ ᠪᠠᠷ ᠪᠠᠬᠢᠯᠡᠨ ᠳᠤᠯᠤᠭᠠᠢ ᠪᠠ | ᠡᠮᠦᠨ᠎ᠡ ᠮᠦᠴᠢ ᠶᠢ ᠨᠢ ᠰᠠᠶᠢᠳᠤᠷ ᠪᠠᠬᠢᠯᠡᠵᠤ ᠳᠠᠭᠵᠢᠷᠠᠭᠰᠠᠨ ᠪᠤᠳᠠᠰ ᠤᠨ ᠳᠤᠤᠷ᠎ᠠ ᠳᠠᠯ᠎ᠠ ᠠᠴᠠ ᠪᠠᠭᠠᠯᠵᠤᠤᠷ ᠳᠡᠰᠢ | ᠭᠠᠷ ᠢᠶᠠᠷ ᠢᠶᠠᠨ ᠳᠦᠯᠬᠢᠨᠡ᠃ | ᠡᠪᠡᠰᠤ ᠪᠤᠷᠳᠤᠭ᠎ᠠ ᠪᠠᠨ ᠪᠤᠯᠪᠠᠰᠤᠷᠠᠭᠤᠯᠬᠤ ᠶᠢ ᠳᠦᠷᠢᠮᠵᠢᠭᠦᠯᠵᠤ᠂ ᠦᠨᠳᠦᠰᠦᠯᠢᠭ ᠪᠤᠷᠳᠤᠭ᠎ᠠ ︵ᠯᠤᠤᠪᠠᠩ᠂ | ᠳᠦᠮᠦᠰᠦ ᠵᠡᠷᠭᠡ︶ ᠡᠪᠡᠰᠤ ᠶᠢ ᠡᠷᠬᠡᠪᠰᠢ ᠵᠤᠬᠢᠬᠤ ᠬᠡᠰᠡᠭ ᠢᠶᠠᠷ ᠬᠡᠷᠴᠢᠵᠤ ᠬᠡᠮᠭᠡᠯᠦᠭᠡᠳ ᠳᠡᠵᠢᠭᠡᠪᠡᠯ ᠰᠠᠶᠢᠨ᠃ |